ᠺᠦᠪᠠᠶᠢᠲ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
1979 ᠣᠨ ᠳᠤ ᠪᠠᠷᠢᠭᠳᠠᠭᠰᠠᠨ ᠺᠦᠪᠠᠶᠢᠲ ᠴᠠᠮᠬᠠᠭ ᠨᠢ ᠬᠣᠲᠠ ᠶᠢᠨ ᠬᠠᠮᠤᠭ ᠤᠨ ᠠᠯᠳᠠᠷᠲᠠᠢ ᠭᠠᠵᠠᠷ ᠶᠤᠮ᠃

ᠺᠦᠪᠠᠶᠢᠲ ᠬᠣᠲᠠ (ᠡᠯ-ᠺᠦᠪᠠᠶᠢᠲ - الكويت) ᠨᠢ ᠺᠦᠪᠠᠶᠢᠲ ᠤᠯᠤᠰ ᠤᠨ ᠨᠡᠶᠢᠰᠯᠡᠯ. ᠬᠦᠮᠦᠨ ᠠᠮᠠ ᠨᠢ 191,000 ᠪᠥᠭᠡᠳ ᠲᠤᠰ ᠤᠯᠤᠰ ᠤᠨ ᠬᠠᠮᠤᠭ ᠤᠨ ᠲᠣᠮᠣ ᠬᠣᠲᠠ ᠶᠤᠮ᠃ ᠺᠦᠪᠠᠶᠢᠲ ᠬᠣᠳᠠ ᠳᠤ ᠲᠥᠷᠥ ᠶᠢᠨ ᠪᠠᠶᠢᠭᠤᠯᠤᠯᠭ᠎ᠠ ᠨᠤᠭᠤᠳ ᠪᠣᠯᠤᠨ ᠲᠣᠮᠣ ᠺᠣᠮᠫᠠᠨᠢ᠂ ᠰᠠᠩᠬᠦᠦ ᠶᠢᠨ ᠪᠠᠶᠢᠭᠤᠯᠤᠯᠭ᠎ᠠ ᠨᠤᠭᠤᠳ᠂ ᠺᠦᠪᠠᠶᠢᠲ ᠴᠠᠮᠬᠠᠭ ᠵᠡᠷᠭᠡ ᠪᠠᠶᠢᠳᠠᠭ᠃ ᠪᠠᠶᠢᠷᠢᠯᠠᠯ ᠨᠢ ᠤᠮᠠᠷᠠᠳᠤ ᠥᠷᠭᠡᠷᠢᠭ ᠦᠨ 29 ᠬᠡᠮ 22'11《, ᠳᠣᠷᠣᠨᠠᠲᠤ ᠤᠷᠲᠤᠷᠢᠭ ᠤᠨ 47 ᠬᠡᠮ 58'42》。

ᠺᠦᠪᠠᠶᠢᠲ ᠤᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ᠂ ᠰᠢᠪᠡᠢᠺ ᠪᠣᠭᠣᠮᠲᠠ᠂ ᠠᠬᠠᠮᠠᠳᠢ ᠪᠣᠭᠣᠮᠲᠠ ᠪᠠᠷ ᠳᠠᠮᠵᠢᠨ ᠲᠤᠰ ᠬᠣᠳᠠ ᠳᠤ ᠬᠦᠷᠴᠦ ᠪᠣᠯᠤᠨ᠎ᠠ᠃ 1990 ᠣᠨ ᠳᠤ ᠫᠧᠷᠰ ᠦᠨ ᠪᠤᠯᠤᠩ ᠤᠨ ᠳᠠᠶᠢᠨᠢ ᠦᠶ᠎ᠡ ᠪᠡᠷ ᠢᠷᠠᠺ ᠤᠨ ᠠᠷᠮᠢ ᠳᠤ ᠡᠵᠡᠯᠡᠭᠳᠡᠨ᠂ ᠲᠡᠷᠡ ᠦᠶ᠎ᠡ ᠶᠢᠨ ᠢᠷᠠᠺᠡᠶᠢᠨ ᠶᠡᠷᠦᠩᠬᠡᠶᠢᠯᠡᠭᠴᠢ ᠰᠠᠳ᠋ ᠍ ᠲᠤᠮ ᠬᠤᠰᠧᠢᠨᠢ ᠨᠡᠷ᠎ᠡ ᠪᠡᠷ ᠰᠠᠳ᠋ ᠍ ᠲᠤᠮ ᠬᠣᠲᠠ ᠬᠡᠮᠡᠨ ᠨᠡᠷᠡᠯᠡᠭᠳᠡᠵᠦ ᠪᠠᠶᠢᠪᠠ᠃ ᠢᠷᠠᠺ ᠤᠨ ᠠᠷᠮᠢ ᠶᠢ ᠬᠥᠭᠡᠭᠡᠨ ᠵᠠᠶᠢᠯᠠᠭᠤᠯᠤᠭᠰᠠᠨ ᠤ ᠳᠠᠷᠠᠭ᠎ᠠ ᠬᠣᠲᠠ ᠶᠢ ᠬᠠᠭᠤᠴᠢᠨ ᠨᠡᠷ᠎ᠡ ᠪᠡᠷ ᠨᠢ ᠨᠡᠷᠡᠯᠡᠵᠡᠢ᠃

ᠪᠢᠴᠢᠭᠡᠰᠦ