ᠺᠦ᠋ᠷᠭᠠᠨ ᠮᠤᠵᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠦ᠋ᠷᠭᠠᠨ ᠮᠤᠵᠢ (ᠮᠣᠩᠭᠣᠯ)
ᠺᠦ᠋ᠷᠭᠠᠨᠰᠺᠠᠶ᠎ᠠ ᠣᠪᠯᠠᠰᠲ (ᠣᠷᠣᠰ)
Map of Russia - Kurgan Oblast (2008-03).svg
<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of Kurgan oblast.png
</th> <th style="vertical-align:middle; text-align:center;">Flag of Kurgan Oblast.svg
</th></tr>

ᠲᠥᠷᠥ ᠶᠢᠨ ᠳᠠᠭᠤᠯᠠᠯ: n/a
ᠲᠥᠪ ᠺᠦ᠋ᠷᠭᠠᠨ
ᠪᠠᠶᠢᠭᠤᠯᠤᠭᠳᠠᠭᠰᠠᠨ 1943 ᠣᠨ ᠤ 2 ᠰᠠᠷ᠎ᠠ ᠶᠢᠨ 6
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠮᠤᠵᠢ
ᠤᠷᠠᠯ
ᠤᠷᠠᠯ
ᠺᠣᠳ᠋ 45
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
71,488 км²
71488
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
1,019,532 ᠬᠦᠮᠦᠨ
53
14.3 ᠬᠦᠮᠦᠨ / км²
56.3%
43.7%
ᠠᠯᠪᠠᠨ ᠶᠣᠰᠣᠨ ᠤ ᠬᠡᠯᠡ ᠣᠷᠣᠰ
ᠵᠠᠰᠠᠭ ᠤᠨ ᠭᠠᠵᠠᠷ (2009 ᠣᠨ ᠤ 11 ᠰᠠᠷ᠎ᠠ ᠶᠢᠨ ᠪᠠᠶᠢᠳᠠᠯ ᠢᠶᠠᠷ)
ᠵᠠᠬᠢᠷᠤᠭᠴᠢ ᠺᠣᠺᠣᠷᠢᠨ᠂ ᠠᠯᠧᠺᠰᠧᠢ ᠭᠧᠨᠠᠳᠢᠶᠧᠸᠢᠴ
ᠬᠠᠤᠯᠢ ᠲᠣᠭᠲᠠᠭᠠᠬᠤ ᠪᠠᠶᠢᠭᠤᠯᠤᠯᠭ᠎ᠠ ᠮᠤᠵᠢ ᠶᠢᠨ ᠳᠤᠮ
ᠳᠦᠷᠢᠮ ᠺᠦ᠋ᠷᠭᠠᠨ ᠮᠤᠵᠢ ᠶᠢᠨ ᠳᠦᠷᠢᠮ
ᠠᠯᠪᠠᠨ ᠶᠣᠰᠣᠨ ᠤ ᠴᠠᠬᠢᠮ ᠰᠦᠯᠵᠢᠶ᠎ᠡ
http://www.kurganobl.ru/

ᠺᠦ᠋ᠷᠭᠠᠨ ᠮᠤᠵᠢ (ᠣᠷᠣᠰ ᠶᠢᠡᠷ ᠺᠦ᠋ᠷᠭ ᠠ́ᠨᠰᠺᠠᠶ᠎ᠠ ᠣ́ᠪᠯᠠᠰᠲ; ᠬᠠᠰᠠᠭ ᠶᠢᠡᠷ Қᠣᠷᠣғᠠᠨ ᠣᠪ ᠤᠰ ᠤ) ᠨᠢ ᠣᠷᠣᠰ ᠍ ᠤᠨ ᠨᠢᠭᠡᠨ ᠬᠣᠯᠪᠣᠭᠠᠨ ᠤ ᠰᠦᠪᠶᠧᠺᠲ (ᠮᠤᠵᠢ) ᠶᠤᠮ᠃ ᠵᠠᠰᠠᠭ ᠵᠠᠬᠢᠷᠭᠠᠨ ᠤ ᠲᠥᠪ ᠨᠢ ᠺᠦ᠋ᠷᠭᠠᠨ ᠬᠣᠲᠠ.

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦ᠋ᠷᠭᠠᠨ ᠮᠤᠵᠢ ᠨᠢ ᠤᠷᠠᠯ ᠤᠨ ᠬᠣᠯᠪᠣᠭᠠᠨ ᠤ ᠲᠣᠭᠣᠷᠢᠭ ᠤᠨ ᠪᠦᠷᠢᠯᠳᠦᠬᠦᠨ ᠳᠦ ᠪᠠᠭᠠᠳᠬᠤ ᠪᠥᠭᠡᠳ ᠣᠷᠣᠰ ᠤᠨ ᠡᠮᠦᠨᠡᠲᠦ ᠬᠡᠰᠡᠭ ᠲᠦ ᠣᠷᠣᠰᠢᠨ᠎ᠠ᠃ ᠪᠠᠷᠠᠭᠤᠨ ᠲᠠᠯ᠎ᠠ ᠪᠠᠷ ᠢᠶᠠᠨ ᠴᠧᠯᠶᠠᠪᠢᠨᠰᠺ ᠮᠤᠵᠢ᠂ ᠬᠣᠶᠢᠳᠤ ᠲᠠᠯ᠎ᠠ ᠪᠠᠷ ᠢᠶᠠᠨ ᠰᠤᠧᠷᠳᠣᠯᠪᠠᠰᠺ ᠮᠤᠵᠢ᠂ ᠵᠡᠭᠦᠨ ᠲᠠᠯ᠎ᠠ ᠪᠠᠷ ᠢᠶᠠᠨ ᠲᠶᠤᠮᠧᠨᠢ ᠮᠤᠵᠢ᠂ ᠡᠮᠦᠨ᠎ᠡ ᠲᠠᠯ᠎ᠠ ᠪᠠᠷ ᠢᠶᠠᠨ ᠬᠠᠰᠠᠭᠰᠲ᠋ᠠᠨ ᠤᠯᠤᠰ ᠲᠠᠢ ᠬᠢᠯᠢᠯᠡᠨ᠎ᠡ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

1996 ᠣᠨ ᠠᠴᠠ ᠺᠦ᠋ᠷᠭᠠᠨ ᠮᠤᠵᠢ ᠶᠢᠨ ᠵᠠᠬᠢᠷᠤᠭᠴᠢ ᠪᠠᠷ ᠣᠯᠧᠭ ᠪᠣᠭᠣᠮᠠᠯᠠᠪᠠ ᠠᠵᠢᠯᠯᠠᠵᠤ ᠪᠠᠶᠢᠨ᠎ᠠ᠃ ᠲᠡᠷᠡ ᠪᠡᠷ ᠨᠢᠭᠡᠳᠦᠭᠰᠡᠨ ᠣᠷᠣᠰ ᠨᠠᠮ ᠤᠨ ᠭᠡᠰᠢᠭᠦᠨ ᠶᠤᠮ᠃ ᠮᠤᠵᠢ ᠶᠢᠨ ᠬᠠᠤᠯᠢ ᠲᠣᠭᠲᠠᠭᠠᠬᠤ ᠪᠠᠶᠢᠭᠤᠯᠤᠯᠭ᠎ᠠ ᠨᠢ 34 ᠭᠡᠰᠢᠭᠦᠨ ᠪᠦᠬᠦᠢ ᠺᠦ᠋ᠷᠭᠠᠨ ᠮᠤᠵᠢ ᠶᠢᠨ ᠳᠤᠮ ᠪᠣᠯᠤᠨ᠎ᠠ᠃ ᠡᠳᠦᠭᠡ ᠨᠢᠭᠡᠳᠦᠭᠰᠡᠨ ᠣᠷᠣᠰ ᠨᠠᠮ ᠳᠤᠮ ᠳᠤ ᠣᠯᠠᠩᠬᠢ ᠰᠠᠭᠤᠳᠠᠯ ᠢ ᠡᠵᠡᠯᠡᠳᠡᠭ᠃

ᠬᠦᠮᠦᠨ ᠠᠮᠠ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦ᠋ᠷᠭᠠᠨ ᠮᠤᠵᠢ ᠶᠢᠨ ᠬᠠᠮᠤᠭ ᠤᠨ ᠲᠣᠮᠣ ᠤᠭᠰᠠᠭᠠᠲᠠᠨ ᠤ ᠪᠦᠯᠦᠭ ᠨᠢ ᠣᠷᠣᠰ ᠤᠳ (932,613) ᠪᠥᠭᠡᠳ ᠬᠦᠮᠦᠨ ᠠᠮᠠ ᠶᠢᠨ 91.4% ᠍ ᠶᠢ ᠡᠵᠡᠯᠡᠨ᠎ᠡ᠃ ᠪᠤᠰᠤᠳ ᠲᠣᠮᠣᠬᠠᠨ ᠦᠨᠳᠦᠰᠦᠲᠡᠨ ᠢ ᠳᠤᠷᠢᠳᠠᠪᠠᠯ᠂ ᠲᠠᠲ᠋ᠠᠷ (20,899) - 2%, ᠪᠠᠱᠺᠢᠷ (15,343) - 1.5%, ᠬᠠᠰᠠᠭ (14,804) - 1.5%, ᠦᠺᠷᠠᠶᠢᠨ (11,243) - 1.1%. ᠦᠯᠦ ᠳᠦ ᠬᠢ 0.5% ᠍ ᠠᠴᠠ ᠪᠠᠭ᠎ᠠ ᠬᠤᠪᠢ ᠶᠢ 140 ᠭᠠᠷᠤᠢ ᠦᠨᠳᠦᠰᠦᠲᠡᠨ ᠶᠠᠰᠤᠲᠠᠨ ᠤ ᠢᠷᠭᠡᠳ ᠡᠵᠡᠯᠡᠳᠡᠭ ᠪᠠᠶᠢᠨ᠎ᠠ᠃ ᠮᠥᠨ 391 ᠢᠷᠭᠡᠨ ᠥᠪᠡᠷ ᠦᠨ ᠦᠨᠳᠦᠰᠦ ᠤᠭᠰᠠᠭ᠎ᠠ ᠶᠢ ᠬᠡᠯᠡᠬᠦ ᠡᠴᠡ ᠲᠠᠲᠠᠭᠠᠯᠵᠠᠭᠰᠠᠨ ᠠᠵᠢ᠃

 • ᠨᠡᠶᠢᠲᠡ ᠬᠦᠮᠦᠨ ᠠᠮᠠ: 1,019,532
  • ᠬᠣᠲᠠ ᠶᠢᠨ: 574,381 (56.3%)
  • ᠬᠥᠳᠡᠭᠡᠨ ᠦ: 445,151 (43.7%)
  • ᠡᠷᠡᠭᠲᠡᠢ: 470,578 (46.2%)
  • ᠡᠮᠡᠭᠲᠡᠢ: 548,954 (53.8%)
 • 1000 ᠡᠷᠡᠭᠲᠡᠢ ᠳᠦ ᠨᠣᠭᠳᠠᠬᠤ ᠡᠮᠡᠭᠲᠡᠢ: 1,167
 • ᠳᠤᠮᠳᠠᠴᠢ ᠨᠠᠰᠤ: 38.2
  • ᠬᠣᠲᠠ ᠶᠢᠨ: 37.5
  • ᠬᠥᠳᠡᠭᠡᠨ ᠦ: 39.0
  • ᠡᠷᠡᠭᠲᠡᠢ: 35.2
  • ᠡᠮᠡᠭᠲᠡᠢ: 40.5
 • ᠡᠷᠦᠬᠡ ᠶᠢᠨ ᠲᠣᠭ᠎ᠠ: 388,304 (1,005,735 ᠬᠦᠮᠦᠨ ᠲᠡᠢ)
  • ᠬᠣᠲᠠ ᠶᠢᠨ: 220,813 (566,984 ᠬᠦᠮᠦᠨ ᠲᠡᠢ)
  • ᠬᠥᠳᠡᠭᠡᠨ ᠦ: 167,491 (438,751 ᠬᠦᠮᠦᠨ ᠲᠡᠢ)
 • ᠲᠥᠷᠥᠯᠲᠡ (2008): 11,937 (1000 ᠍ ᠳᠦ 12.5)
 • ᠨᠠᠰᠤ ᠪᠠᠷᠠᠯ ᠳᠤ (2008): 15,626 (1000 ᠍ ᠳᠦ 16.3)[1]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠵᠢ ᠶᠢᠨ ᠡᠳ᠋ ᠍ ᠦᠨ ᠵᠠᠰᠠᠭ ᠤᠨ ᠦᠨᠳᠦᠰᠦᠨ ᠰᠠᠯᠪᠤᠷᠢ ᠨᠢ ᠬᠥᠳᠡᠭᠡ ᠠᠵᠤ ᠠᠬᠤᠢ᠂ ᠠᠵᠤ ᠦᠢᠯᠡᠳᠪᠦᠷᠢ ᠪᠣᠯᠤᠨ᠎ᠠ᠃ ᠪᠣᠯᠪᠠᠰᠤᠷᠠᠭᠤᠯᠤᠭᠰᠠᠨ ᠭᠠᠵᠠᠷ ᠤᠳ ᠨᠢ ᠲᠤᠰ ᠪᠥᠰᠡ ᠨᠤᠲᠤᠭ ᠤᠨ ᠭᠣᠣᠯ ᠪᠠᠶᠢᠭᠠᠯᠢ ᠶᠢᠨ ᠪᠠᠶᠠᠯᠢᠭ ᠶᠤᠮ᠃ ᠺᠦ᠋ᠷᠭᠠᠩᠴᠢ ᠨᠤᠭᠤᠳ ᠭᠠᠵᠠᠷ ᠤᠨ ᠲᠣᠰᠣ᠂ ᠪᠠᠶᠢᠭᠠᠯᠢ ᠶᠢᠨ ᠬᠡᠢ ᠳᠠᠮᠵᠢᠭᠤᠯᠬᠤ ᠬᠣᠭᠣᠯᠠᠢ ᠶᠢ ᠨᠤᠲᠤᠭ ᠳᠡᠪᠢᠰᠬᠡᠷ ᠢᠶᠡᠷ ᠢᠶᠡᠨ ᠳᠠᠮᠵᠢᠭᠤᠯᠤᠭᠰᠠᠨ ᠤ ᠲᠥᠯᠥᠪᠦᠷᠢ ᠡᠴᠡ ᠶᠡᠬᠡᠬᠡᠨ ᠣᠷᠣᠯᠭ᠎ᠠ ᠣᠯᠳᠠᠭ᠃ ᠬᠥᠷᠰᠢ ᠲᠶᠤᠮᠧᠨᠢᠲᠣᠮᠣᠰᠺ ᠮᠤᠵᠢ ᠦᠳ ᠤᠨ ᠭᠠᠵᠠᠷ ᠤᠨ ᠲᠣᠰᠤᠨ ᠤ ᠣᠷᠳᠣ ᠭᠠᠵᠠᠷ ᠤᠳ ᠠᠴᠠ ᠤᠷᠠᠯ ᠣᠷᠴᠢᠮ ᠤᠨ ᠪᠣᠯᠪᠠᠰᠤᠷᠠᠭᠤᠯᠬᠤ ᠦᠢᠯᠡᠳᠪᠦᠷᠢ ᠨᠦᠭᠦᠳ ᠬᠦᠷᠲᠡᠯᠡᠬᠢ ᠬᠣᠭᠣᠯᠠᠢ ᠲᠤᠰ ᠮᠤᠵᠢ ᠶᠢ ᠳᠠᠭᠠᠷᠢᠨ ᠥᠩᠭᠡᠷᠡᠳᠡᠭ ᠪᠠᠶᠢᠨ᠎ᠠ᠃[2] ᠮᠤᠵᠢ ᠶᠢᠨ ᠬᠠᠮᠤᠭ ᠤᠨ ᠲᠣᠮᠣ ᠺᠣᠮᠫᠠᠨᠢ ᠨᠢ 29 ᠣᠷᠣᠨ ᠳᠤ ᠨᠡᠶᠢᠯᠡᠭᠦᠯᠳᠡᠭ БМП-2, БМП-3 ᠶᠠᠪᠠᠭᠠᠨ ᠴᠡᠷᠢᠭ ᠦᠨ ᠪᠠᠶᠢᠯᠳᠤᠭᠠᠨ ᠤ ᠮᠠᠰᠢᠨ ᠨᠤᠭᠤᠳ ᠢᠶᠠᠷ ᠢᠶᠠᠨ ᠠᠯᠳᠠᠷᠲᠠᠢ ᠺᠦ᠋ᠷᠭᠠᠲᠤᠮᠠᠰᠵᠠᠸᠣᠳ᠋ ᠪᠣᠯᠤᠨ᠎ᠠ᠃[3]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 1. http://kurganstat.gks.ru/digital/region1/2007/demo1208.htm
 2. Kurgan Region. Russia Profile (2008-05-23). 2009-05-23 ᠍ ᠳᠦ ᠬᠠᠨᠳᠤᠭᠰᠠᠨ᠃
 3. About company. Kurganmashzavod. 2009-05-23 ᠍ ᠳᠦ ᠬᠠᠨᠳᠤᠭᠰᠠᠨ᠃

ᠭᠠᠳᠠᠨ᠎ᠠ ᠶᠢᠨ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ