ᠺᠦ᠋ᠷᠢᠯ ᠤᠨ ᠠᠷᠠᠯ ᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠨᠣᠮᠣᠬᠠᠨ ᠳᠠᠯᠠᠢ ᠳᠠᠬᠢ ᠺᠦ᠋ᠷᠢᠯ ᠤᠨ ᠠᠷᠠᠯ ᠤᠳ ᠤᠨ ᠪᠠᠶᠢᠷᠢᠰᠢᠯ
ᠷᠠᠶᠺᠣᠺᠧᠭᠡ ᠡᠴᠡ ᠬᠠᠷᠠᠭᠳᠠᠬᠤ ᠮᠠᠲ᠋ᠦ᠋ᠠ ᠠᠷᠠᠯ

ᠺᠦ᠋ᠷᠢᠯ ᠤᠨ ᠠᠷᠠᠯ ᠤᠳ (ᠣᠷᠣᠰ ᠶᠢᠡᠷ ᠺᠦ᠋ᠷᠢ́ᠯᠰᠺᠧ ᠣᠰᠲᠷᠣᠸᠠ́) ᠨᠢ ᠣᠷᠣᠰ ᠬᠣᠯᠪᠣᠭᠠᠨ ᠤ ᠤᠯᠤᠰ ᠍ ᠤᠨ ᠰᠠᠬᠠᠯᠢᠨ ᠮᠤᠵᠢᠢᠳᠡ ᠪᠠᠭᠲᠠᠳᠠᠭ ᠭᠠᠯᠲᠤ ᠠᠭᠤᠯᠠ ᠍ ᠤᠨ ᠪᠦᠲᠦᠴᠡ ᠲᠡᠢ᠂ ᠶᠠᠫᠣᠨᠬᠣᠺᠺᠠᠶᠢᠳᠤ᠋ ᠠᠷᠠᠯ ᠠᠴᠠ ᠺᠠᠮᠴᠢᠲ᠋ᠺ ᠤᠨ ᠬᠣᠶᠢᠭ ᠬᠦᠷᠲᠡᠯ᠎ᠡ 1300 ᠺᠢᠯᠣᠮᠧᠲ᠋ᠷ ᠰᠤᠨᠤᠨ ᠲᠣᠭᠲᠠᠭᠰᠠᠨ ᠴᠤᠪᠤᠷᠠᠭ᠎ᠠ ᠠᠷᠠᠯ ᠤᠳ ᠶᠤᠮ᠃ ᠠᠩᠨᠠᠭᠤᠷ ᠤᠨ ᠲᠡᠩᠭᠢᠰ ᠪᠣᠯᠤᠨ ᠨᠣᠮᠣᠬᠠᠨ ᠳᠠᠯᠠᠢ ᠶᠢ ᠵᠠᠭᠠᠭᠯᠠᠬᠤ ᠲᠤᠰ ᠠᠷᠠᠯ ᠤᠳ ᠨᠢ 56 ᠠᠷᠠᠯ᠂ ᠣᠯᠠᠨ ᠵᠢᠵᠢᠭ ᠬᠠᠳᠠᠨ ᠴᠣᠬᠢᠶᠠᠨ ᠠᠴᠠ ᠪᠥᠷᠢᠳᠦᠨ᠎ᠡ᠃ ᠺᠦ᠋ᠷᠢᠯ ᠤᠨ ᠠᠷᠠᠯ ᠤᠳ ᠢ ᠣᠷᠣᠰ ᠬᠣᠯᠪᠣᠭᠠᠨ ᠤ ᠤᠯᠤᠰ ᠪᠦᠬᠦᠯᠢ ᠳᠦ ᠨᠢ ᠬᠢᠨᠠᠯᠲᠠ ᠳᠤ ᠪᠠᠨ ᠪᠠᠶᠢᠯᠭᠠᠳᠠᠭ ᠴᠤ ᠡᠮᠦᠨᠡᠲᠦ ᠦᠵᠦᠭᠦᠷ ᠦᠨ 4 ᠠᠷᠠᠯ ᠨᠢ ᠶᠠᠫᠣᠨ ᠲᠠᠢ ᠮᠠᠷᠭᠤᠭᠠᠨ ᠲᠠᠢ ᠪᠠᠶᠢᠳᠠᠭ᠃

ᠨᠡᠷᠡᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦ᠋ᠷᠢᠯ ᠤᠨ ᠠᠷᠠᠯ ᠤᠳ ᠢ ᠶᠠᠫᠣᠨᠴᠤᠳ ᠴᠢᠰᠢᠮᠠ ᠣᠯᠲᠣᠷᠢᠭ (千島列島) ᠪᠤᠶᠤ ᠮᠢᠩᠭᠠᠨ ᠠᠷᠠᠯ ᠤᠨ ᠣᠯᠲᠣᠷᠢᠭ ᠭᠡᠵᠦ ᠨᠡᠷᠡᠯᠡᠳᠡᠭ᠃ ᠺᠦ᠋ᠷᠢᠯ ᠭᠡᠳᠡᠭ ᠨᠡᠷ᠎ᠡ ᠨᠢ ᠠᠢ ᠨᠤ ᠬᠡᠯᠡᠨᠢᠭᠢ ᠺᠦ᠋ᠷ ᠪᠤᠶᠤ ᠬᠦᠮᠦᠨ ᠭᠡᠳᠡᠭ ᠦᠭᠡᠨ ᠡᠴᠡ ᠭᠠᠷᠤᠯᠲᠠᠢ᠃ ᠶᠡᠷᠦ ᠨᠢ ᠠᠢ ᠨᠤ ᠦᠨᠳᠦᠰᠦᠲᠡᠨ ᠦ ᠰᠠᠭᠤᠷᠢᠰᠢᠵᠤ ᠪᠠᠶᠢᠭᠰᠠᠨ ᠠᠷᠠᠯ ᠤᠳ ᠢ ᠡᠶᠢᠨᠬᠦᠦ ᠢᠵᠢᠯ ᠲᠥᠰᠲᠡᠢ ᠪᠡᠷ ᠨᠡᠷᠡᠯᠡᠵᠦ ᠪᠠᠶᠢᠪᠠ᠃ ᠵᠢᠱᠢᠶᠡᠯᠡᠪᠡᠯ᠂ ᠰᠠᠬᠠᠯᠢᠨ ᠍ ᠢ ᠺᠦ᠋ᠧ ᠪᠤᠶᠤ ᠺᠦ᠋ᠢ᠂ ᠬᠣᠺᠺᠠᠶᠢᠳᠠᠭ ᠺᠠᠢ ᠭᠡᠵᠦ ᠨᠡᠷᠡᠯᠡᠳᠡᠭ ᠪᠠᠶᠢᠭᠰᠠᠨ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠢ ᠨᠤ ᠬᠦᠮᠦᠰ ᠪᠣᠯ ᠠᠷᠠᠯ ᠤᠨ ᠵᠢᠩᠬᠢᠨᠢ ᠣᠷᠣᠰᠢᠨ ᠰᠠᠭᠤᠭᠴᠢᠳ ᠶᠤᠮ᠃ ᠶᠠᠫᠣᠨ ᠤ ᠪᠤᠯᠢᠶᠠᠨ ᠡᠵᠡᠯᠡᠭᠴᠢᠳ ᠤᠨ ᠦᠷ᠎ᠡ ᠳ᠋ᠦᠩ ᠳᠦ ᠲᠡᠳᠡ ᠬᠦᠮᠦᠨ ᠠᠮᠠ ᠶᠢᠨ ᠴᠥᠭᠡᠩᠬᠢ ᠬᠡᠰᠡᠭ ᠪᠣᠯᠤᠭᠰᠠᠨ ᠪᠠᠶᠢᠨ᠎ᠠ᠃ ᠺᠦ᠋ᠷᠢᠯ ᠤᠨ ᠠᠷᠠᠯ ᠤᠳ ᠨᠢ ᠡᠳᠣ ᠡᠷᠡᠨ ᠦᠶ᠎ᠡ ᠳᠦ ᠮᠠᠴᠦᠨᠴᠡ ᠣᠪᠤᠭ ᠤᠨ ᠬᠢᠨ ᠤ ᠤᠳᠤᠷᠢᠳᠤᠯᠭ᠎ᠠ ᠳᠤ 370 ᠭᠠᠷᠤᠢ ᠵᠢᠯ ᠣᠷᠣᠰᠢᠨ ᠪᠠᠶᠢᠴᠠᠢ᠃ ᠲᠣᠺᠥᠭᠪᠠ ᠱᠣᠣᠭᠦᠨᠢᠢ ᠦᠶ᠎ᠡ ᠳᠦ (1644 ᠣᠨ) 《ᠱᠣᠣᠬᠠ ᠣᠨᠺᠥᠺᠣ ᠡᠵᠡᠭᠦ》 ᠭᠡᠵᠦ ᠭᠠᠵᠠᠷ ᠤᠨ ᠵᠢᠷᠤᠭ ᠳᠡᠭᠡᠷ᠎ᠡ ᠲᠡᠮᠳᠡᠭᠯᠡᠭᠳᠡᠵᠦ ᠪᠠᠶᠢᠴᠠᠢ᠃

ᠣᠷᠣᠰ ᠤᠳ ᠺᠦ᠋ᠷᠢᠯ ᠤᠨ ᠠᠷᠠᠯ ᠤᠳ ᠷᠤ 18 ᠍ ᠳᠦᠭᠡᠷ ᠵᠠᠭᠤᠨ ᠳᠤ ᠠᠩᠬ᠎ᠠ ᠬᠦᠷᠦᠭᠰᠡᠨ᠃ ᠲᠡᠳᠡ ᠣᠯᠠᠨ ᠤᠳᠠᠭ᠎ᠠ ᠰᠤᠳᠤᠯᠭ᠎ᠠ ᠰᠢᠨᠵᠢᠯᠡᠭᠡᠨ ᠦ ᠪᠠᠭ ᠶᠠᠪᠤᠭᠤᠯᠵᠤ ᠪᠠᠶᠢᠭᠰᠠᠨ ᠪᠥᠭᠡᠳ ᠬᠠᠷᠢᠨ ᠬᠡᠵᠢᠶ᠎ᠡ ᠴᠤ ᠤᠷᠤᠫ ᠠᠷᠠᠯ ᠤᠨ ᠡᠮᠦᠨᠡᠲᠦ ᠬᠡᠰᠡᠭ ᠲᠦ ᠣᠴᠢᠵᠤ ᠪᠠᠶᠢᠭ᠎ᠠ ᠦᠭᠡᠢ ᠠᠵᠢ᠃ 18 ᠍ ᠳᠦᠭᠡᠷ ᠵᠠᠭᠤᠨ ᠳᠤ ᠣᠷᠣᠰ ᠤᠳ ᠢᠲ᠋ᠦᠶᠢᠷᠤᠫ ᠠᠷᠠᠯ ᠳᠡᠭᠡᠷ᠎ᠡ ᠢᠷᠡᠬᠦ ᠳᠦ ᠲᠣᠺᠥᠭᠪᠠ ᠱᠣᠣᠭᠦᠨ ᠦ ᠵᠠᠬᠢᠷᠭ᠎ᠠ ᠡᠷᠭᠢ ᠶᠢᠨ ᠬᠠᠮᠠᠭᠠᠯᠠᠯᠲᠠ ᠶᠢ ᠴᠢᠩᠭᠠᠳᠬᠠᠬᠤ ᠰᠢᠢᠳᠪᠦᠷᠢ ᠭᠠᠷᠭᠠᠵᠤ ᠪᠠᠶᠢᠴᠠᠢ᠃ 1811 ᠣᠨ ᠳᠤ ᠣᠷᠣᠰ ᠤᠨ ᠠᠬᠠᠮᠠᠳ ᠸᠠᠰᠢᠯᠢᠢ ᠭᠣᠯᠣᠪᠠᠨᠢᠨᠢ ᠡᠺᠢᠫᠠᠵ ᠺᠦᠶᠢᠨᠤᠰᠢᠷ ᠲᠤ ᠭᠢᠳ᠋ᠷᠣᠭᠷᠠᠹᠢᠺ ᠤᠨ ᠰᠤᠳᠤᠯᠭ᠎ᠠ ᠰᠢᠨᠵᠢᠯᠡᠭᠡ ᠬᠢᠬᠦ ᠦᠶᠡᠳᠡᠭᠡ ᠨᠠᠮᠪᠦ ᠣᠪᠤᠭ ᠤᠨ ᠬᠢᠨ ᠳᠤ ᠪᠠᠷᠢᠪᠴᠢᠯᠠᠭᠳᠠᠵᠤ᠂ ᠮᠠᠴᠦᠨᠴᠡ ᠣᠪᠤᠭ ᠤᠨ ᠵᠠᠬᠢᠷᠤᠭᠴᠢ ᠨᠠᠷ ᠲᠤ ᠬᠦᠷᠭᠡᠭᠳᠡᠭᠰᠡᠨ ᠪᠠᠶᠢᠨ᠎ᠠ᠃ ᠮᠥᠨ ᠶᠠᠫᠣᠨ ᠤ ᠬᠤᠳᠠᠯᠳᠤᠭᠠᠴᠢᠨ ᠲᠠᠺᠠᠳᠢᠶᠠ ᠺᠠᠭᠡᠢ ᠺᠦᠶᠢᠨᠠᠰᠢᠷ ᠲᠤ ᠬᠤᠳᠠᠯᠳᠤᠭ᠎ᠠ ᠬᠢᠵᠦ ᠪᠠᠶᠢᠭᠠᠳ ᠣᠷᠣᠰ ᠤᠳ ᠲᠤ ᠪᠠᠷᠢᠭᠳᠠᠭᠰᠠᠨ ᠨᠢ ᠶᠠᠫᠣᠨ-ᠣᠷᠣᠰ ᠤᠨ ᠲᠠᠯ᠎ᠠ ᠬᠢᠯᠢ ᠲᠣᠭᠲᠠᠭᠠᠬᠤ ᠬᠡᠯᠡᠯᠴᠡᠭᠡᠷ ᠬᠢᠬᠦ ᠡᠬᠢᠯᠡᠯ ᠪᠣᠯᠵᠠᠢ᠃

1855 ᠣᠨ ᠤ ᠰᠢᠮᠣᠳᠠᠭ ᠤᠨ ᠭᠡᠷ᠎ᠡ ᠪᠡᠷ ᠣᠷᠣᠰ᠂ ᠶᠠᠫᠣᠨ ᠤ ᠬᠣᠭᠣᠷᠣᠨᠳᠣᠬᠢ ᠤᠰᠤᠨ ᠵᠠᠮ ᠤᠨ ᠬᠢᠯᠢ ᠬᠢᠵᠠᠭᠠᠷ ᠢ ᠢᠲ᠋ᠦᠶᠢᠷᠤᠫ ᠪᠠ ᠤᠷᠤᠫ ᠠᠷᠠᠯ ᠤᠨ ᠬᠣᠭᠣᠷᠣᠨᠳᠣᠭᠤᠷ ᠲᠣᠭᠲᠠᠭᠠᠭᠰᠠᠨ ᠪᠠᠶᠢᠨ᠎ᠠ᠃ ᠤᠭ ᠭᠡᠷ᠎ᠡ ᠪᠡᠷ ᠰᠠᠬᠠᠯᠢᠨ ᠨᠢ ᠠᠯᠢ ᠠᠯᠢ ᠤᠯᠤᠰ ᠤᠨ ᠢᠷᠭᠡᠳ ᠰᠠᠭᠤᠷᠢᠰᠢᠵᠤ ᠪᠣᠯᠬᠣᠷ ᠦᠯᠡᠳᠡᠵᠡᠢ᠃ 1875 ᠣᠨ ᠳᠤ ᠰᠠᠨᠺᠲ ᠫᠧᠲ᠋ᠧᠷᠪᠦ᠋ᠷᠡᠭ ᠦᠨ ᠭᠡᠷ ᠢᠶᠡᠨ ᠬᠠᠭᠠᠨᠲᠤ ᠣᠷᠣᠰ ᠤᠯᠤᠰ᠂ ᠶᠠᠫᠣᠨ ᠤ ᠡᠵᠡᠨᠲᠦ ᠭᠦᠷᠦᠨ ᠬᠣᠶᠠᠷ ᠤᠨ ᠬᠣᠭᠣᠷᠣᠨᠳᠣ ᠪᠠᠶᠢᠭᠤᠯᠤᠭᠳᠠᠭᠰᠠᠨ᠃ ᠡᠨᠡᠬᠦ ᠭᠡᠷ᠎ᠡ ᠶᠣᠰᠣᠭᠠᠷ ᠶᠠᠫᠣᠨ ᠰᠠᠬᠠᠯᠢᠨ ᠢ ᠡᠵᠡᠮᠰᠢᠬᠦ ᠡᠷᠬᠡ ᠶᠢ ᠺᠦ᠋ᠷᠢᠯ ᠤᠨ ᠠᠷᠠᠯ ᠤᠳ ᠤᠨ ᠤᠷᠤᠫ ᠠᠷᠠᠯ ᠠᠴᠠ ᠬᠣᠶᠢᠰᠢᠬᠢ ᠬᠡᠰᠡᠭ ᠢ ᠣᠷᠣᠰ ᠤᠯᠤᠰ ᠡᠵᠡᠮᠰᠢᠬᠦ ᠡᠷᠬᠡ ᠪᠡᠷ ᠰᠣᠯᠢᠵᠠᠢ᠃ 1904 – 1905 ᠣᠨ ᠤ ᠣᠷᠣᠰ–ᠶᠠᠫᠣᠨ ᠤ ᠳᠠᠶᠢᠨᠢ ᠦᠶ᠎ᠡ ᠪᠡᠷ ᠶᠠᠫᠣᠨ ᠤ ᠴᠢᠯᠦᠭᠡᠨ ᠳᠦ ᠭᠠᠷᠤᠭᠰᠠᠨ ᠴᠡᠷᠢᠭ ᠦᠨ ᠬᠦᠮᠦᠨ ᠪᠣᠯᠬᠤ ᠱᠦᠮᠰᠦ ᠥᠪᠡᠷ ᠦᠨ ᠪᠦᠯᠦᠭ ᠬᠦᠮᠦᠰ ᠦᠨ ᠬᠠᠮᠲᠤ ᠺᠠᠮᠴᠢᠲ᠋ᠺ ᠤᠨ ᠡᠷᠭᠢ ᠳᠦ ᠬᠠᠯᠠᠳᠠᠭᠰᠠᠨ ᠪᠠᠶᠢᠨ᠎ᠠ᠃ ᠣᠷᠣᠰ ᠤᠯᠤᠰ ᠥᠪᠡᠷ ᠦᠨ ᠲᠤᠰᠬᠠᠢ ᠴᠡᠷᠢᠭ ᠢ ᠢᠯᠡᠭᠡᠨ ᠲᠡᠳᠡᠭᠡᠷ ᠪᠦᠯᠦᠭ ᠬᠦᠮᠦᠰ ᠢ ᠪᠠᠷᠢᠭᠰᠠᠨ ᠪᠠᠶᠢᠨ᠎ᠠ᠃ ᠤᠭ ᠳᠠᠶᠢᠨ ᠤ ᠦᠷ᠎ᠡ ᠳ᠋ᠦᠩ ᠳᠦ ᠶᠠᠫᠣᠨ ᠤ ᠲᠠᠯ᠎ᠠ ᠣᠷᠣᠰ ᠤᠨ ᠮᠡᠳᠡᠯ ᠦᠨ ᠤᠰᠤᠨ ᠳᠤ ᠵᠢᠭᠠᠰᠤ ᠠᠩᠨᠠᠭᠤᠷ ᠬᠢᠬᠦ ᠡᠷᠬᠡ ᠲᠡᠢ ᠪᠣᠯᠤᠭᠰᠠᠨ ᠨᠢ 1945 ᠣᠨ ᠬᠦᠷᠲᠡᠯ᠎ᠡ ᠬᠦᠴᠦᠨᠲᠡᠢ ᠪᠠᠶᠢᠪᠠ᠃

1918-1925 ᠣᠨ ᠬᠦᠷᠲᠡᠯ᠎ᠡ ᠶᠠᠫᠣᠨ ᠤᠯᠤᠰ ᠨᠢ ᠰᠢᠪᠸᠷᠢᠶ ᠠ ᠶᠢᠨ ᠢᠨᠲ᠋ᠧᠷᠸᠧᠨᠼᠢ ᠍ ᠶᠢ ᠶᠠᠪᠤᠭᠤᠯᠤᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠪᠠ ᠧᠦ᠋ᠷᠣᠫᠠ ᠍ ᠤᠨ ᠵᠡᠪᠰᠡᠭᠲᠦ ᠬᠦᠴᠦᠩᠳᠡ ᠪᠠᠭᠳᠠᠵᠣ ᠪᠠᠶᠢᠭᠰᠠᠨ ᠶᠠᠫᠣᠨ ᠤ ᠠᠷᠮᠢ ᠡᠮᠦᠨᠡᠲᠦ ᠺᠠᠮᠴᠢᠲ᠋ᠺᠠᠳ ᠺᠦ᠋ᠷᠢᠯ ᠤᠨ ᠠᠷᠠᠯ ᠤᠳ ᠤᠨ ᠬᠣᠶᠢᠳᠤ ᠬᠡᠰᠡᠭ ᠪᠣᠯᠤᠨ ᠡᠮᠦᠨᠡᠲᠦ ᠺᠠᠮᠴᠢᠲ᠋ᠺ ᠢ ᠡᠵᠡᠯᠡᠨ᠂ ᠪᠦᠷ ᠫᠧᠲ᠋ᠷᠣᠫᠠᠸᠯᠪᠠᠰᠺ-ᠺᠠᠮᠴᠢᠲ᠋ᠰᠺ ᠦ ᠳᠤ ᠴᠣᠬᠢᠯᠲᠠ ᠥᠭᠴᠦ ᠪᠠᠶᠢᠭᠰᠠᠨ ᠪᠠᠶᠢᠨ᠎ᠠ᠃

ᠳᠡᠯᠡᠬᠡᠢ ᠶᠢᠨ ᠬᠣᠶᠠᠳᠤᠭᠠᠷ ᠳᠠᠶᠢᠨ ᠳᠤ ᠶᠠᠫᠣᠨ ᠪᠠᠭᠤᠵᠤ ᠥᠭᠭᠦᠭᠰᠡᠨ ᠡᠴᠡ 3 ᠬᠣᠨᠣᠭ ᠤᠨ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠤᠨ ᠴᠡᠷᠢᠭ ᠦᠳ ᠢᠲ᠋ᠦᠶᠢᠷᠤᠫ᠂ ᠺᠦᠶᠢᠨᠤᠰᠢᠷ᠂ ᠱᠢᠺᠣᠲ᠋ᠠᠨ᠂ ᠬᠠᠪᠦᠮᠢᠶ᠎ᠠ ᠠᠷᠠᠯ ᠤᠳ ᠢ ᠡᠵᠡᠯᠡᠵᠦ ᠠᠪᠤᠭᠰᠠᠨ ᠪᠠ 17000 ᠭᠠᠷᠤᠢ ᠨᠤᠲᠤᠭ ᠤᠨ ᠢᠷᠭᠡᠳ ᠳᠦᠷᠪᠡᠨ ᠭᠠᠷᠤᠭᠰᠠᠨ ᠪᠠᠶᠢᠨ᠎ᠠ᠃ ᠡᠳᠡᠭᠡᠷ ᠠᠷᠠᠯ ᠨᠢ ᠣᠳᠣ ᠶᠢ ᠬᠦᠷᠲᠡᠯ᠎ᠡ ᠣᠷᠣᠰ ᠬᠣᠯᠪᠣᠭᠠᠨ ᠤ ᠤᠯᠤᠰ ᠤᠨ ᠮᠡᠳᠡᠯ ᠳᠦ ᠪᠠᠶᠢᠨ᠎ᠠ᠃

ᠥᠨᠥ ᠶᠢᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠢᠺᠣᠲ᠋ᠠᠨ ᠠᠷᠠᠯ ᠳᠡᠭᠡᠷᠡᠬᠢ ᠭᠣᠣᠯ ᠰᠠᠭᠤᠷᠢᠨ

ᠥᠨᠥᠳᠥᠷ ᠣᠶᠢᠷᠠᠯᠴᠠᠭ᠎ᠠ ᠪᠠᠷ 16,800 ᠬᠦᠮᠦᠨ ᠺᠦ᠋ᠷᠢᠯ ᠤᠨ ᠠᠷᠠᠯ ᠳᠡᠭᠡᠷ᠎ᠡ ᠣᠷᠣᠰᠢᠨ ᠰᠠᠭᠤᠵᠤ ᠪᠠᠶᠢᠨ᠎ᠠ᠃ ᠬᠦᠮᠦᠨ ᠠᠮᠠ ᠶᠢᠨ ᠲᠠᠯ᠎ᠠ ᠬᠤᠪᠢ ᠨᠢ ᠠᠮᠢᠵᠢᠷᠭᠠᠨ ᠤ ᠪᠠᠲᠤᠯᠠᠭᠠᠵᠢᠬᠤ ᠲᠦᠪᠰᠢᠨ ᠡᠴᠡ ᠪᠠᠭ᠎ᠠ ᠣᠷᠣᠯᠭ᠎ᠠ ᠲᠠᠢ᠂ ᠶᠠᠳᠠᠭᠤ ᠠᠮᠢᠳᠤᠷᠠᠵᠤ ᠪᠠᠶᠢᠭ᠎ᠠ ᠪᠥᠭᠡᠳ ᠵᠢᠭᠠᠰᠤ ᠠᠩᠨᠠᠭᠤᠷ ᠭᠣᠣᠯ ᠠᠮᠵᠢᠷᠭᠠᠨ ᠤ ᠡᠬᠢ ᠡᠭᠦᠰᠪᠦᠷᠢ ᠨᠢ ᠶᠤᠮ᠃ ᠵᠢᠭᠠᠰᠤ ᠠᠩᠨᠠᠭᠤᠷ ᠠᠴᠠ ᠭᠠᠳᠠᠨ᠎ᠠ ᠥᠩᠭᠡᠲᠦ ᠮᠧᠲ᠋ᠠᠯ᠂ ᠷᠠᠰᠢᠶᠠᠨ ᠤᠰᠤ᠂ ᠲᠡᠮᠦᠷ ᠦᠨ ᠬᠥᠳᠡᠷ ᠣᠯᠪᠤᠷᠢᠯᠠᠨ᠎ᠠ᠃

ᠬᠠᠷᠢᠯᠴᠠᠭᠠᠨ ᠳᠤ ᠭᠠᠷᠤᠭᠰᠠᠨ ᠥᠭᠡᠷᠡᠴᠢᠯᠡᠯᠲᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠶᠠᠫᠣᠨ᠂ ᠣᠷᠣᠰ ᠨᠢ 1885 ᠣᠨ ᠳᠤ ᠠᠩᠬ᠎ᠠ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠠᠴᠠ ᠬᠣᠶᠢᠰᠢ ᠢᠮᠠᠭᠲᠠ ᠳᠠᠶᠢᠨ ᠤ ᠪᠠᠶᠢᠳᠠᠯ ᠲᠠᠢ ᠪᠠᠶᠢᠭᠰᠠᠭᠠᠷ ᠢᠷᠡᠭᠰᠡᠨ ᠪᠠ ᠣᠯᠠᠨ ᠤᠯᠤᠰ ᠤᠨ ᠬᠠᠷᠢᠯᠴᠠᠭᠠᠨ ᠤ ᠬᠣᠶᠠᠷ ᠲᠤᠶᠢᠯ ᠳᠤ ᠲᠣᠭᠲᠠᠯᠴᠠᠭ᠎ᠠ ᠵᠠᠳᠠᠷᠠᠨ ᠤᠨᠠᠭᠰᠠᠨ 1990 ᠍ ᠊ᠭᠡᠳ ᠣᠨ ᠤ ᠡᠬᠢ ᠪᠡᠷ ᠶᠠᠫᠣᠨ᠂ ᠣᠷᠣᠰ ᠤᠨ ᠬᠠᠷᠢᠯᠴᠠᠭ᠎ᠠ ᠰᠢᠨ᠎ᠡ ᠱᠠᠲᠤᠨ ᠳᠤ ᠭᠠᠷᠴᠤ ᠢᠷᠡᠭᠰᠡᠨ᠃
  • ᠶᠠᠫᠣᠨ᠂ ᠣᠷᠣᠰ ᠨᠢ ᠪᠥᠰᠡ ᠨᠤᠲᠤᠭ ᠤᠨ ᠶᠡᠬᠡ ᠭᠦᠷᠦᠨ ᠨᠦᠭᠦᠳ 《ᠶᠡᠬᠡ 8》 ᠍ ᠶᠢᠨ ᠭᠡᠰᠢᠭᠦᠨ ᠣᠷᠣᠨ ᠨᠤᠭᠤᠳ ᠪᠣᠯᠬᠤ ᠶᠢᠨ ᠬᠤᠪᠢ ᠳᠤ ᠣᠯᠠᠨ ᠤᠯᠤᠰ ᠤᠨ ᠪᠣᠯᠤᠨ ᠪᠥᠰᠡ ᠨᠤᠲᠤᠭ ᠤᠨ ᠬᠡᠮᠵᠢᠶᠡᠨ ᠦ ᠬᠦᠨᠳᠦᠷᠡᠯᠲᠡᠢ ᠠᠰᠠᠭᠤᠳᠠᠯ ᠤᠳ ᠲᠤ ᠬᠠᠮᠲᠤ ᠳᠤ ᠪᠠᠨ ᠬᠠᠷᠢᠭᠤᠴᠠᠯᠭ᠎ᠠ ᠬᠦᠯᠢᠶᠡᠳᠡᠭ᠂ ᠰᠢᠢᠳᠪᠦᠷᠢᠯᠡᠬᠦ ᠳᠦ ᠴᠢᠬᠤᠯᠠ ᠡᠭᠦᠷᠭᠡ ᠭᠦᠢᠴᠡᠳᠭᠡᠳᠡᠭ ᠵᠡᠷᠭᠡ ᠲᠡᠢ ᠬᠣᠯᠪᠣᠭᠠᠲᠠᠢ ᠪᠠᠷ ᠶᠠᠫᠣᠨ ᠤ ᠭᠠᠳᠠᠭᠠᠳᠤ ᠤᠯᠤᠰ ᠲᠥᠷᠥ ᠶᠢᠨ ᠪᠣᠳᠣᠯᠭ᠎ᠠ ᠳᠠᠬᠢ ᠣᠷᠣᠰ ᠤᠨ ᠴᠢᠭᠯᠡᠯ ᠤᠯᠠᠮ ᠪᠦᠷ ᠴᠢᠬᠤᠯᠠ ᠡᠭᠦᠷᠭᠡ ᠲᠡᠢ ᠪᠣᠯᠵᠤ ᠢᠷᠡᠵᠦ ᠪᠠᠶᠢᠨ᠎ᠠ᠃
  • ᠣᠷᠣᠰ᠂ ᠶᠠᠫᠣᠨ ᠤ ᠬᠠᠷᠢᠯᠴᠠᠭᠠᠨ ᠤ ᠭᠣᠣᠯ ᠴᠢᠬᠤᠯᠠ ᠠᠰᠠᠭᠤᠳᠠᠯ ᠪᠣᠯ ᠳᠡᠯᠡᠬᠡᠢ ᠶᠢᠨ 2 ᠍ ᠳᠦᠭᠡᠷ ᠳᠠᠶᠢᠨ ᠢ ᠠᠯᠪᠠᠨ ᠶᠣᠰᠣᠭᠠᠷ ᠳᠠᠭᠤᠰᠬᠠᠬᠤ ᠡᠩᠬᠡ ᠲᠠᠶᠢᠪᠤᠩ ᠤ ᠭᠡᠷᠢᠶᠡᠨ ᠳᠦ ᠭᠠᠷ ᠤᠨ ᠦᠰᠦᠭ ᠵᠢᠷᠤᠬᠤ ᠠᠴᠠ ᠲᠠᠲᠠᠭᠠᠯᠵᠠᠬᠤ ᠳᠤ ᠬᠦᠷᠭᠡᠵᠦ ᠪᠤᠢ 4 ᠠᠷᠠᠯ ᠲᠠᠢ ᠬᠣᠯᠪᠣᠭ᠎ᠠ ᠲᠠᠢ ᠭᠠᠵᠠᠷ ᠨᠤᠲᠤᠭ ᠤᠨ ᠮᠠᠷᠭᠤᠭᠠᠨ ᠲᠠᠢ ᠠᠰᠠᠭᠤᠳᠠᠯ ᠶᠤᠮ᠃
  • ᠭᠡᠬᠦ ᠳᠦ ᠪᠡᠨ ᠣᠯᠠᠨ ᠣᠷᠣᠨ ᠤ ᠰᠤᠳᠤᠯᠤᠭᠠᠴᠢ᠂ ᠠᠵᠢᠭᠡᠯᠡᠭᠴᠢ ᠨᠠᠷ ᠭᠠᠵᠠᠷ ᠨᠤᠲᠤᠭ ᠤᠨ ᠮᠠᠷᠭᠤᠭᠠᠨ ᠲᠠᠢ ᠠᠰᠠᠭᠤᠳᠠᠯ ᠳᠡᠭᠡᠷ᠎ᠡ ᠬᠣᠶᠠᠷ ᠲᠠᠯ᠎ᠠ ᠶᠢᠨ ᠪᠠᠶᠢᠷᠢ ᠰᠠᠭᠤᠷᠢ ᠶᠠᠮᠠᠷ ᠨᠢᠭᠡᠨ ᠣᠨᠴᠠᠭᠠᠢ ᠵᠥᠪᠰᠢᠯᠴᠡᠯ ᠳᠤ ᠬᠦᠷᠡᠨ᠎ᠡ ᠭᠡᠬᠦ ᠳᠦ ᠬᠡᠲᠦ ᠬᠣᠯᠠ ᠪᠠᠶᠢᠨ᠎ᠠ ᠭᠡᠵᠦ ᠦᠵᠡᠵᠦ ᠪᠠᠶᠢᠭ᠎ᠠ ᠶᠤᠮ᠃ ᠤᠴᠢᠷ ᠨᠢ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠠᠰᠠᠨ ᠸ᠃ᠫᠦ᠋ᠲ᠋ᠢᠨ 2005 ᠣᠨ ᠤ 9 ᠰᠠᠷ᠎ᠠ ᠶᠢᠨ 27 ᠍ ᠳᠦ 《ᠮᠣᠰᠺᠸᠠ ᠨᠢ ᠣᠷᠣᠰ ᠤᠨ ᠬᠢᠨᠠᠯᠲᠠᠨ ᠳᠤ ᠪᠠᠶᠢᠭ᠎ᠠ ᠠᠷᠠᠯ ᠤᠳ ᠢ ᠶᠠᠫᠣᠨ ᠤ ᠲᠠᠯ᠎ᠠ ᠳᠤ ᠨᠠᠶᠢᠷ ᠲᠠᠯᠪᠢᠨ ᠥᠭᠬᠦ ᠠᠰᠠᠭᠤᠳᠠᠯ ᠢ ᠬᠡᠯᠡᠯᠴᠡᠬᠦ ᠳᠦ ᠪᠡᠯᠡᠨ ᠪᠢᠰᠢ ᠪᠠᠶᠢᠨ᠎ᠠ》 ᠭᠡᠵᠦ ᠮᠡᠳᠡᠭᠳᠡᠭᠰᠡᠨ᠂ ᠮᠥᠨ ᠣᠷᠣᠰ ᠤᠨ ᠲᠧᠯᠧᠸᠢᠰ ᠦᠨ ᠰᠢᠭᠤᠳ ᠨᠡᠪᠲᠡᠷᠡᠭᠦᠯᠭᠡ ᠳᠦ ᠣᠷᠣᠯᠴᠠᠵᠤ ᠪᠠᠶᠢᠬᠤ ᠳᠤ ᠪᠠᠨ 《ᠺᠦ᠋ᠷᠢᠯ ᠤᠨ ᠡᠳᠡᠭᠡᠷ 4 ᠠᠷᠠᠯ ᠪᠣᠯ ᠣᠷᠣᠰ ᠤᠨ ᠮᠡᠳᠡᠯ ᠳᠦ ᠣᠷᠣᠰᠢᠵᠤ ᠪᠠᠶᠢᠭ᠎ᠠ ᠪᠥᠭᠡᠳ ᠡᠨᠡ ᠨᠢ ᠣᠯᠠᠨ ᠤᠯᠤᠰ ᠤᠨ ᠡᠷᠬᠡ ᠵᠦᠢ ᠪᠡᠷ ᠵᠣᠬᠢᠴᠠᠭᠤᠯᠤᠭᠳᠠᠭᠰᠠᠨ ᠠᠰᠠᠭᠤᠳᠠᠯ ᠶᠤᠮ᠃ ᠡᠨᠡ ᠨᠢ ᠳᠡᠯᠡᠬᠡᠢ ᠶᠢᠨ 2 ᠍ ᠳᠦᠭᠡᠷ ᠳᠠᠶᠢᠨ ᠤ ᠰᠢᠭᠤᠳ ᠦᠷ᠎ᠡ ᠳ᠋ᠦᠩ ᠮᠥᠨ ᠪᠥᠭᠡᠳ ᠪᠢᠳᠡ ᠡᠨᠡ ᠲᠠᠯ᠎ᠠ ᠪᠠᠷ ᠶᠠᠮᠠᠷ ᠨᠢᠭᠡᠨ ᠭᠡᠷ᠎ᠡ᠂ ᠬᠡᠯᠡᠯᠴᠡᠭᠡᠷ ᠬᠢᠬᠦ ᠲᠥᠯᠦᠪᠯᠡᠭᠡ ᠦᠭᠡᠢ ᠪᠠᠶᠢᠨ᠎ᠠ》 ᠭᠡᠵᠦ ᠮᠡᠳᠡᠭᠳᠡᠵᠦ ᠪᠠᠶᠢᠭᠰᠠᠨ᠃ ᠮᠥᠨ ᠲᠤᠬᠠᠢ ᠶᠢᠨ ᠦᠶ᠎ᠡ ᠶᠢᠨ ᠸ᠃ᠫᠦ᠋ᠲ᠋ᠢᠨ ᠤ ᠰᠢᠳᠠᠷ ᠲᠤᠰᠯᠠᠬᠤ ᠶᠢᠨ ᠬᠡᠯᠡᠭᠰᠡᠨ ᠢᠶᠡᠷ 《ᠬᠣᠶᠠᠷ ᠤᠯᠤᠰ ᠤᠨ ᠲᠡᠷᠢᠭᠦᠯᠡᠭᠴᠢᠳ ᠦᠨ ᠪᠠᠲᠤᠯᠠᠭᠰᠠᠨ ᠪᠦᠬᠦ ᠬᠠᠭᠤᠴᠢᠨ ᠪᠢᠴᠢᠭ᠂ ᠪᠠᠷᠢᠮᠲᠠ ᠨᠤᠭᠤᠳ ᠤᠨ ᠬᠦᠴᠦᠨᠲᠡᠢ ᠶᠢ ᠬᠦᠯᠢᠶᠡᠨ ᠵᠥᠪᠰᠢᠶᠡᠷᠡᠴᠢ ᠪᠠᠶᠢᠨ᠎ᠠ᠃ ᠡᠶᠢᠮᠦ ᠳᠦ ᠬᠠᠭᠤᠴᠢᠨ ᠭᠡᠷ᠎ᠡ᠂ ᠵᠥᠪᠰᠢᠯᠴᠡᠯ ᠦᠳ ᠢ ᠵᠣᠬᠢᠴᠠᠭᠤᠯᠬᠤ ᠰᠢᠨ᠎ᠡ ᠪᠠᠷᠢᠮᠲᠠ ᠪᠤᠢ ᠪᠣᠯᠭᠠᠬᠤ ᠱᠠᠭᠠᠷᠳᠠᠯᠭ᠎ᠠ ᠠᠯᠠᠭ᠎ᠠ》 ᠭᠡᠰᠡᠨ ᠲᠠᠶᠢᠯᠪᠤᠷᠢ ᠵᠡᠷᠭᠡ ᠡᠴᠡ ᠦᠵᠡᠪᠡᠯ ᠣᠷᠣᠰ ᠤᠨ ᠲᠠᠯ᠎ᠠ ᠭᠠᠵᠠᠷ ᠨᠤᠲᠤᠭ ᠤᠨ ᠮᠠᠷᠭᠤᠭᠠᠨ ᠲᠠᠢ ᠠᠰᠠᠭᠤᠳᠠᠯ ᠳᠤ ᠶᠠᠮᠠᠷ ᠴᠤ ᠭᠡᠰᠡᠨ ᠪᠠᠭᠤᠯᠲᠠ ᠬᠢᠬᠦ ᠰᠣᠨᠢᠷᠬᠠᠯ ᠦᠭᠡᠢ ᠨᠢ ᠬᠠᠷᠠᠭᠳᠠᠵᠤ ᠪᠠᠶᠢᠭ᠎ᠠ ᠪᠥᠭᠡᠳ ᠶᠠᠫᠣᠨ ᠤ ᠲᠠᠯ᠎ᠠ ᠴᠤ ᠡᠭᠦᠨ ᠢ ᠣᠶᠢᠯᠠᠭᠠᠭᠰᠠᠨ ᠪᠣᠯᠪᠠ ᠤᠤ᠃
  • ᠡᠩᠬᠡᠲᠠᠶᠢᠪᠤᠩ ᠤᠨ ᠲᠦᠷᠢ ᠭᠡᠷᠢᠶᠡᠨ ᠳᠦ ᠭᠠᠷ ᠤᠨ ᠦᠰᠦᠭ ᠵᠢᠷᠤᠭᠰᠠᠨ ᠤ ᠳᠠᠷᠠᠭ᠎ᠠ ᠱᠢᠺᠣᠲ᠋ᠠᠨ᠂ ᠬᠠᠮᠪᠦᠮᠢᠶ᠎ᠠ ᠠᠷᠠᠯ ᠤᠳ ᠢ ᠪᠤᠴᠠᠭᠠᠵᠤ ᠥᠭᠬᠦ ᠪᠡᠷ ᠲᠣᠬᠢᠷᠠᠭᠰᠠᠨ ᠵᠢᠭᠠᠯᠲᠠ ᠵᠥᠪᠯᠡᠯᠲᠦ ᠬᠣᠯᠪᠣᠭᠠᠲᠤ ᠤᠯᠤᠰ-ᠶᠠᠫᠣᠨ ᠤ 1956 ᠣᠨ ᠤ ᠭᠡᠷᠢᠶᠡᠨ ᠳᠦ ᠪᠠᠶᠢᠭ᠎ᠠ᠂ ᠣᠷᠣᠰ ᠬᠣᠯᠪᠣᠭᠠᠨ ᠤ ᠤᠯᠤᠰ ᠡᠭᠦᠨ ᠦ ᠳᠠᠭᠠᠤ ᠳᠡᠭᠡᠷᠡᠬᠢ ᠮᠠᠷᠭᠤᠭᠠᠨ ᠢᠶᠠᠨ ᠰᠢᠢᠳᠪᠦᠷᠢᠯᠡᠬᠦ ᠶᠢ ᠵᠣᠷᠢᠵᠤ ᠪᠠᠶᠢᠭ᠎ᠠ ᠴᠤ ᠶᠠᠫᠣᠨ ᠤ ᠲᠠᠯ᠎ᠠ ᠲᠠᠲᠠᠭᠠᠯᠵᠠᠭᠰᠠᠭᠠᠷ ᠪᠠᠶᠢᠭ᠎ᠠ ᠶᠤᠮ᠃ 4 ᠠᠷᠠᠯ ᠢ ᠪᠦᠲᠦᠨ ᠢᠶᠡᠷ ᠨᠢ ᠠᠪᠬᠤ ᠵᠣᠷᠢᠯᠭ᠎ᠠ ᠶᠠᠫᠣᠨ ᠤ ᠲᠠᠯ᠎ᠠ ᠲᠠᠯᠪᠢᠭᠠᠳ ᠪᠠᠶᠢᠭ᠎ᠠ ᠶᠤᠮ᠃
  • ᠡᠭᠦᠨ ᠡᠴᠡ ᠭᠠᠳᠠᠨ᠎ᠠ ᠶᠠᠫᠣᠨ ᠤ ᠲᠠᠯ᠎ᠠ ᠠᠴᠠ ᠲᠠᠯᠪᠢᠵᠤ ᠪᠤᠢ ᠨᠢᠭᠡ ᠰᠠᠨᠠᠭᠠᠴᠢᠯᠭ᠎ᠠ ᠪᠣᠯ ᠮᠠᠷᠭᠤᠭᠠᠨ ᠲᠠᠢ ᠠᠷᠠᠯ ᠤᠳ ᠤᠨ ᠨᠢᠭᠡ ᠢᠲᠡᠷᠦ᠋ᠫ ᠪᠣᠯᠤᠨ ᠮᠠᠷᠭᠤᠭᠠᠨ ᠤ ᠰᠦᠪᠶᠧᠺᠲ ᠪᠢᠰᠢ ᠣᠷᠣᠰ ᠤᠨ ᠠᠷᠠᠯ ᠤᠷᠦᠶᠢᠫᠤ ᠶᠢᠨ ᠬᠣᠭᠣᠷᠣᠨᠳᠣ ᠬᠢᠯᠢ ᠶᠢᠨ ᠱᠤᠭᠤᠮ ᠲᠠᠲᠠᠬᠤ ᠶᠠᠪᠤᠳᠠᠯ ᠪᠥᠭᠡᠳ ᠢᠩᠭᠢᠵᠦ ᠴᠢᠳᠠᠪᠠᠯ ᠦᠷ᠎ᠡ ᠳ᠋ᠦᠩ ᠳᠦ ᠨᠢ ᠮᠠᠷᠭᠤᠭᠠᠨ ᠲᠠᠢ 4 ᠠᠷᠠᠯ ᠶᠠᠫᠣᠨ ᠤ ᠭᠠᠵᠠᠷ ᠨᠤᠲᠤᠭ ᠲᠤ ᠪᠠᠭᠠᠳᠬᠤ ᠶᠤᠮ᠃
  • ᠶᠠᠫᠣᠨ ᠤ ᠵᠦᠭ ᠡᠴᠡ ᠠᠰᠠᠭᠤᠳᠠᠯ ᠢ ᠨᠠᠭᠠᠰᠢ ᠲᠠᠢ ᠰᠢᠢᠳᠪᠦᠷᠢᠯᠡᠬᠦ ᠳᠦ ᠳᠥᠬᠥᠮ ᠪᠣᠯᠤᠨ᠎ᠠ ᠭᠡᠵᠦ ᠦᠵᠡᠵᠦ ᠪᠠᠶᠢᠭᠰᠠᠨ ᠨᠢᠭᠡ ᠵᠦᠢᠯ ᠨᠢ ᠣᠷᠣᠰ ᠲᠤ ᠦᠵᠡᠭᠦᠯᠬᠦ ᠡᠳ᠋ ᠍ ᠦᠨ ᠵᠠᠰᠠᠭ ᠤᠨ ᠲᠤᠰᠠᠯᠠᠮᠵᠢ᠂ ᠵᠡᠭᠡᠯᠢ᠂ ᠬᠥᠷᠥᠩᠭᠡ ᠣᠷᠣᠭᠤᠯᠤᠯᠲᠠ ᠪᠠᠶᠢᠭᠰᠠᠨ ᠪᠥᠭᠡᠳ ᠠᠩᠬ᠎ᠠ ᠶᠠᠫᠣᠨ ᠨᠢ 4 ᠠᠷᠠᠯ ᠢᠶᠠᠨ ᠪᠤᠴᠠᠭᠠᠵᠤ ᠠᠪᠬᠤ ᠠᠴᠠ ᠨᠠᠭᠠᠰᠢ ᠣᠷᠣᠰ ᠬᠣᠯᠪᠣᠭᠠᠨ ᠤ ᠤᠯᠤᠰ ᠲᠠᠢ ᠡᠳ᠋ ᠍ ᠦᠨ ᠵᠠᠰᠠᠭ ᠤᠨ ᠬᠠᠷᠢᠯᠴᠠᠭ᠎ᠠ᠂ ᠬᠣᠯᠪᠣᠭ᠎ᠠ ᠬᠥᠭᠵᠢᠭᠦᠯᠬᠦ ᠦᠭᠡᠢ ᠭᠡᠰᠡᠨ ᠪᠠᠶᠢᠷᠢ ᠰᠠᠭᠤᠷᠢ ᠲᠠᠢ ᠪᠠᠶᠢᠭᠰᠠᠨ ᠴᠤ 1996 ᠣᠨ ᠠᠴᠠ ᠤᠭ ᠪᠠᠶᠢᠷᠢ ᠰᠠᠭᠤᠷᠢ ᠪᠠᠨ ᠥᠭᠡᠷᠡᠴᠢᠯᠡᠭᠰᠡᠨ ᠶᠤᠮ᠃ ᠤᠴᠢᠷ ᠨᠢ ᠰᠡᠭᠦᠯ ᠦᠨ ᠵᠢᠯ ᠦᠳ ᠦᠨ ᠨᠧᠹᠲ ᠦᠨ ᠦᠨ᠎ᠡ ᠶᠢᠨ ᠣᠭᠴᠣᠮ ᠥᠰᠦᠯᠲᠡ ᠡᠴᠡ ᠪᠣᠯᠵᠤ ᠣᠷᠣᠰ ᠬᠣᠯᠪᠣᠭᠠᠨ ᠤ ᠤᠯᠤᠰ ᠤᠨ ᠡᠳ᠋ ᠍ ᠦᠨ ᠵᠠᠰᠠᠭ ᠲᠣᠳᠣᠷᠬᠠᠢ ᠬᠡᠮᠵᠢᠶ᠎ᠡ ᠪᠡᠷ ᠥᠰᠬᠦ ᠪᠣᠯᠰᠠᠨ᠎ᠠ ᠪᠠᠷ ᠶᠠᠫᠣᠨ ᠤ ᠲᠠᠯ᠎ᠠ ᠡᠨᠡ ᠪᠠᠶᠢᠷᠢ ᠰᠠᠭᠤᠷᠢ ᠪᠠᠨ ᠥᠭᠡᠷᠡᠴᠢᠯᠡᠬᠦ ᠳᠦ ᠬᠦᠷᠦᠭᠰᠡᠨ ᠶᠤᠮ᠃
  • 2005 ᠣᠨ ᠤ 11 ᠰᠠᠷ᠎ᠠ ᠶᠢᠨ 21 ᠨᠳ ᠪᠣᠯᠤᠭᠰᠠᠨ ᠳᠡᠭᠡᠳᠦ ᠬᠡᠮᠵᠢᠶᠡᠨ ᠦ ᠠᠭᠤᠯᠵᠠᠯᠲᠠ ᠪᠠᠷ ᠣᠷᠣᠰ ᠬᠣᠯᠪᠣᠭᠠᠨ ᠤ ᠤᠯᠤᠰ ᠤᠨ ᠶᠡᠷᠦᠩᠬᠡᠶᠢᠯᠡᠭᠴᠢ ᠸ᠃ᠫᠦ᠋ᠲ᠋ᠢᠨ᠂ ᠶᠠᠫᠣᠨ ᠤ ᠶᠡᠷᠦᠩᠬᠡᠢ ᠰᠠᠶᠢᠳ ᠵ᠃ᠺᠣᠶᠢᠰᠦᠮᠢ ᠨᠠᠷ ᠣᠷᠣᠰ ᠤᠨ ᠮᠡᠳᠡᠯ ᠳᠦ ᠪᠠᠶᠢᠭ᠎ᠠ ᠠᠷᠠᠯ ᠤᠳ ᠤᠨ ᠲᠠᠯᠠᠭᠠᠷᠢ ᠤᠳᠠᠭᠠᠨ ᠦᠷᠭᠦᠯᠵᠢᠯᠡᠵᠦ ᠪᠤᠢ ᠠᠰᠠᠭᠤᠳᠠᠯ ᠳᠡᠭᠡᠷ᠎ᠡ ᠶᠠᠮᠠᠷᠴᠤ ᠠᠬᠢᠴᠠ᠂ ᠳᠡᠪᠰᠢᠯ ᠳᠦ ᠬᠦᠷᠴᠦ ᠴᠢᠳᠠᠭ᠎ᠠ ᠦᠭᠡᠢ ᠪᠥᠭᠡᠳ ᠬᠠᠷᠢᠨ ᠲᠧᠷᠷᠣᠷᠢᠰᠮ ᠲᠡᠢ ᠲᠡᠮᠡᠴᠡᠬᠦ᠂ ᠬᠤᠳᠠᠯᠳᠤᠭ᠎ᠠ᠂ ᠡᠳ᠋ ᠍ ᠦᠨ ᠵᠠᠰᠠᠭ᠂ ᠠᠶᠤᠯ ᠦᠭᠡᠢ ᠪᠠᠶᠢᠳᠠᠯ ᠤᠨ ᠲᠠᠯ᠎ᠠ ᠳᠡᠭᠡᠷ᠎ᠡ ᠬᠠᠮᠲᠤᠷᠠᠨ ᠠᠵᠢᠯᠯᠠᠨ᠎ᠠ ᠭᠡᠰᠡᠨ ᠲᠣᠬᠢᠷᠠᠯᠴᠠᠭᠠᠨ ᠳᠤ ᠬᠦᠷᠴᠡᠢ᠃
  • 2006 ᠣᠨ ᠤ ᠰᠡᠭᠦᠯᠡᠷ ᠣᠷᠣᠰ ᠬᠣᠯᠪᠣᠭᠠᠨ ᠤ ᠤᠯᠤᠰ ᠤᠨ ᠸ᠃ᠫᠦ᠋ᠲ᠋ᠢᠨ ᠤ ᠵᠠᠰᠠᠭ ᠵᠠᠬᠢᠷᠭ᠎ᠠ ᠱᠢᠺᠣᠲ᠋ᠠᠨ᠂ ᠬᠠᠪᠦᠮᠢᠶ᠎ᠠ ᠠᠷᠠᠯ ᠤᠳ ᠢ ᠶᠠᠫᠣᠨ ᠤ ᠲᠠᠯ᠎ᠠ ᠳᠤ ᠥᠭᠬᠦ ᠰᠠᠨᠠᠯ ᠭᠠᠷᠭᠠᠭᠰᠠᠨ ᠪᠣᠯᠪᠠᠴᠤ ᠶᠠᠫᠣᠨ ᠤ ᠲᠠᠯ᠎ᠠ ᠥᠭᠡᠷ᠎ᠡ ᠬᠣᠶᠠᠷ ᠠᠷᠠᠯ ᠨᠡᠮᠡᠵᠦ ᠥᠭᠪᠡᠯ ᠡᠩᠬᠡ ᠲᠠᠶᠢᠪᠤᠩ ᠤᠨ ᠭᠡᠷᠢᠶᠡᠨ ᠳᠦ ᠭᠠᠷ ᠤᠨ ᠦᠰᠦᠭ ᠵᠢᠷᠤᠨ᠎ᠠ ᠭᠡᠵᠦ ᠮᠡᠳᠡᠭᠳᠡᠭᠰᠡᠨ᠃
  • 2008 ᠣᠨ ᠤ 2 ᠰᠠᠷ᠎ᠠ ᠶᠢᠨ 6 ᠨᠳ 《Japan Today》 ᠰᠣᠨᠢᠨ ᠣᠷᠣᠰ ᠤᠨ ᠶᠡᠷᠦᠩᠬᠡᠶᠢᠯᠡᠭᠴᠢ ᠶᠠᠫᠣᠨ ᠤ ᠶᠡᠷᠦᠩᠬᠡᠢ ᠰᠠᠶᠢᠳ ᠹᠦᠺᠥᠳᠠ ᠶᠠᠰᠦ᠋ᠣ ᠳᠤ ᠺᠦ᠋ᠷᠢᠯ ᠤᠨ ᠠᠷᠠᠯ ᠤᠳ ᠤᠨ ᠮᠠᠷᠭᠤᠭᠠᠨ ᠢ ᠨᠢᠭᠡ ᠮᠥᠰᠦᠨ ᠳᠠᠭᠤᠰᠬᠠᠬᠤ ᠲᠤᠬᠠᠢ ᠵᠠᠬᠢᠶ᠎ᠠ ᠶᠠᠪᠤᠭᠤᠯᠤᠭᠰᠠᠨ ᠭᠡᠵᠦ ᠮᠡᠳᠡᠭᠡᠯᠡᠵᠡᠢ᠃

ᠪᠢᠴᠢᠭᠡᠰᠦ