ᠺᠥᠩᠽᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠥᠩᠽᠢ
ᠺᠥᠩᠽᠢ ᠶᠢᠨ ᠬᠥᠰᠢᠶ᠎ᠡ

ᠺᠥᠩᠽᠢᠬᠢᠲᠠᠳ: 孔夫子, Kong Fuzi ᠪᠤᠶᠤ K'ung-fu-tzu, ᠤᠳᠬᠠᠴᠢᠯᠠᠪᠠᠯ "ᠺᠣᠩ ᠪᠠᠭᠰᠢ", ᠭᠡᠬᠦ ᠳᠦ ᠪᠡᠨ Kongzi 孔子 ᠪᠤᠶᠤ ᠺᠥᠩᠽᠢ ᠭᠡᠳᠡᠭ ᠨᠡᠷ᠎ᠡ ᠨᠢ ᠳᠣᠷᠣᠨ᠎ᠠ ᠳᠠᠬᠢᠨ ᠳᠤ ᠲᠦᠭᠡᠮᠡᠯ᠂ ᠮᠠᠨ ᠤ ᠡᠷᠡᠨ ᠦ ᠡᠮᠦᠨ᠎ᠡ 551ᠮᠠᠨ ᠤ ᠡᠷᠡᠨ ᠦ ᠡᠮᠦᠨ᠎ᠡ 479) ᠨᠢ ᠳᠤᠮᠳᠠᠳᠤ ᠤᠯᠤᠰ ᠤᠨ ᠭᠦᠨ ᠤᠬᠠᠭᠠᠨᠲᠠᠨ᠂ ᠶᠡᠬᠡ ᠰᠡᠳᠬᠢᠭᠴᠢ ᠶᠤᠮ᠃ ᠲᠤᠬᠠᠢ ᠶᠢᠨ ᠦᠶ᠎ᠡ ᠶᠢᠨ ᠨᠡᠶᠢᠭᠡᠮ ᠤᠨ ᠦᠵᠡᠯ ᠰᠤᠷᠲᠠᠯ ᠪᠣᠯᠵᠤ ᠪᠠᠶᠢᠭᠰᠠᠨ ᠱᠠᠮᠠᠨᠢᠰᠮ ᠢ ᠭᠦᠨ ᠰᠤᠳᠤᠯᠤᠭᠰᠠᠨ ᠤ ᠦᠨᠳᠦᠰᠦᠨ ᠳᠡᠭᠡᠷ᠎ᠡ ᠥᠪᠡᠷ ᠦᠨ ᠭᠦᠨ ᠤᠬᠠᠭᠠᠨ ᠢ ᠪᠣᠯᠪᠠᠰᠤᠷᠠᠭᠤᠯᠤᠭᠰᠠᠨ ᠨᠢ ᠡᠳᠦᠭᠡ ᠺᠥᠩᠽᠢ ᠶᠢᠨ ᠰᠤᠷᠭᠠᠯ ᠭᠡᠭᠳᠡᠭ᠃

ᠺᠥᠩᠽᠢ ᠶᠢᠨ ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠺᠥᠩᠽᠢ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 551 ᠣᠨ ᠳᠤ ᠳᠤᠮᠳᠠᠳᠤ ᠤᠯᠤᠰ ᠤᠨ ᠵᠡᠭᠦᠨ ᠬᠡᠰᠡᠭ ᠲᠦ ᠤᠷᠤᠰᠢᠬᠤ ᠯᠤ᠋ ᠨᠡᠷ᠎ᠡ ᠲᠡᠢ ᠬᠠᠨᠯᠢᠭ ᠤᠯᠤᠰ ᠤᠨ ᠴᠦ ᠹᠦ᠋ ᠬᠡᠮᠡᠬᠦ ᠭᠠᠵᠠᠷ ᠪᠤᠶᠤ ᠥᠨᠥ ᠶᠢᠨ ᠱᠠᠨᠳᠦ᠋ᠩ ᠮᠤᠵᠢ ᠶᠢᠨ ᠴᠦ ᠹᠦ᠋ ᠬᠣᠳᠠ ᠳᠤ ᠤᠭ ᠭᠠᠷᠤᠯ ᠢᠶᠠᠷ ᠢᠶᠠᠨ ᠢᠵᠠᠭᠤᠷᠲᠠᠨ ᠤᠳᠤᠮ ᠲᠠᠢ ᠠᠶᠢᠯ ᠤᠨ ᠬᠦᠦ ᠪᠣᠯᠤᠨ ᠮᠡᠨᠳᠦᠯᠡᠵᠡᠢ᠃ ᠺᠥᠩᠽᠢ ᠶᠢᠨ ᠡᠪᠦᠭᠡ ᠳᠡᠭᠡᠳᠦᠰ ᠨᠢ ᠰᠦᠨ ᠤᠯᠤᠰ ᠤᠨ ᠢᠵᠠᠭᠤᠷᠲᠠᠨ ᠤ ᠤᠳᠤᠮ ᠤᠭᠰᠠᠭ᠎ᠠ ᠪᠠᠶᠢᠭᠰᠠᠨ ᠬᠡᠳᠦᠢ ᠴᠤ᠂ ᠳᠣᠷᠣᠶᠢᠳᠠᠨ ᠪᠠᠭᠤᠷᠠᠭᠰᠠᠭᠠᠷ ᠺᠥᠩᠽᠢ ᠶᠢᠨ 5 ᠍ ᠳᠦᠭᠡᠷ ᠦᠶ᠎ᠡ ᠶᠢᠨ ᠡᠪᠦᠭᠡ ᠰᠦᠨ ᠤᠯᠤᠰ ᠠᠴᠠ ᠵᠤᠭᠲᠠᠭᠠᠨ᠂ ᠯᠤ᠋ ᠤᠯᠤᠰ ᠲᠤ ᠳᠠᠭᠠᠷ᠎ᠠ ᠢᠷᠡᠵᠦ ᠰᠠᠭᠤᠭᠰᠠᠨ ᠠᠵᠢ᠃ ᠭᠡᠰᠡᠨ ᠴᠤ ᠺᠥᠩᠽᠢ ᠶᠢᠨ ᠡᠴᠢᠭᠡ ᠱᠦ ᠯᠠᠨᠢ ᠬᠡ ᠴᠡᠷᠢᠭ ᠦᠨ ᠳᠠᠶᠢᠴᠢᠨ ᠡᠷ᠎ᠡ ᠪᠠᠶᠢᠵᠤ᠂ 2 ᠰᠢᠬᠢᠷ ᠤᠳᠠᠭ᠎ᠠ ᠭᠠᠪᠢᠠ ᠪᠠᠶᠢᠭᠤᠯᠵᠤ᠂ ᠪᠠᠭ᠎ᠠ ᠲᠦᠰᠢᠮᠡᠯ ᠦᠨ ᠠᠯᠪᠠ ᠬᠠᠰᠢᠵᠤ ᠶᠠᠪᠤᠭᠰᠠᠨ ᠪᠠᠶᠢᠨ᠎ᠠ᠃ ᠲᠡᠭᠦᠨ ᠦ ᠡᠴᠢᠭᠡ ᠱᠦ ᠯᠠᠨᠢ ᠬᠡ ᠵᠣᠷᠢᠭᠲᠠᠢ᠂ ᠰᠢᠳᠤᠷᠭᠤ᠂ ᠪᠡᠶ᠎ᠡ ᠶᠢᠨ ᠥᠨᠳᠥᠷ ᠪᠣᠯᠤᠨ ᠬᠦᠴᠦ ᠴᠢᠳᠠᠯ ᠢᠶᠠᠷ ᠢᠶᠠᠨ ᠴᠤᠤᠲᠠᠢ᠂ ᠥᠪᠡᠷ ᠦᠨ ᠠᠯᠢᠶ᠎ᠠ ᠬᠣᠱᠣᠩ ᠵᠠᠩᠭ᠎ᠠ ᠪᠠᠷ ᠢᠶᠠᠨ ᠳᠣᠲᠣᠨᠣ ᠪᠠᠶᠢᠳᠠᠯ ᠡᠭᠦᠰᠬᠡᠵᠦ ᠴᠢᠳᠠᠳᠠᠭ ᠨᠢᠭᠡᠨ ᠪᠠᠶᠢᠭᠰᠠᠨ ᠪᠥᠭᠡᠳ ᠳᠠᠶᠢᠨ ᠪᠠᠶᠢᠯᠳᠤᠭᠠᠨ ᠳᠤ ᠭᠠᠪᠢᠶ᠎ᠠ ᠪᠠᠶᠢᠭᠤᠯᠵᠤ ᠴᠢᠳᠠᠳᠠᠭ ᠭᠠᠷᠮᠠᠭᠠᠢ ᠴᠡᠷᠢᠭ ᠦᠨ ᠵᠠᠩᠵᠤᠨ ᠪᠠᠶᠢᠭᠰᠠᠨ ᠭᠡᠳᠡᠭ᠃ ᠬᠡᠳᠦᠢ ᠲᠡᠭᠦᠨ ᠳᠦ ᠨᠡᠷ᠎ᠡ ᠠᠯᠳᠠᠷ᠂ ᠭᠠᠪᠢᠶ᠎ᠠ ᠱᠠᠩᠨᠠᠯ ᠪᠠᠶᠢᠭᠰᠠᠨ ᠴᠤ ᠬᠤᠪᠢ ᠶᠢᠨ ᠠᠮᠢᠳᠤᠷᠠᠯ ᠨᠢ ᠲᠡᠶᠢᠮᠦ ᠴᠤ ᠰᠠᠶᠢᠬᠠᠨ ᠪᠠᠶᠢᠭ᠎ᠠ ᠦᠭᠡᠢ ᠶᠤᠮ᠃ ᠱᠦ ᠯᠠᠨᠢ ᠬᠡ ᠵᠠᠯᠠᠭᠤ ᠨᠠᠰᠤᠨ ᠳᠤ ᠪᠠᠨ ᠡᠬᠡᠨᠡᠷ ᠠᠪᠤᠭᠰᠠᠨ ᠪᠥᠭᠡᠳ ᠡᠬᠡᠨᠡᠷ ᠨᠢ ᠲᠡᠭᠦᠨ ᠳᠦ ᠠᠷᠪᠠᠨ ᠰᠠᠶᠢᠬᠠᠨ ᠥᠬᠢᠨ ᠲᠥᠷᠦᠭᠦᠯᠵᠦ ᠥᠭᠭᠦᠭᠰᠡᠨ ᠴᠤ ᠲᠡᠷᠡ ᠪᠡᠷ ᠡᠨᠡ ᠪᠦᠭᠦᠳᠡ ᠳᠦ ᠰᠡᠳᠬᠢᠯ ᠬᠠᠨᠬᠤ ᠦᠭᠡᠢ ᠬᠦᠦ ᠲᠡᠢ ᠪᠣᠯᠬᠤ ᠶᠢ ᠬᠦᠰᠡᠵᠦ ᠪᠠᠶᠢᠪᠠ᠃ ᠬᠠᠷᠢᠨ ᠲᠡᠭᠦᠨ ᠦ ᠬᠣᠶᠠᠷ ᠳ᠋ᠡᠬᠢ ᠡᠬᠡᠨᠡᠷ ᠡᠴᠡ ᠨᠢᠭᠡᠨ ᠬᠥᠪᠡᠭᠦᠨ ᠲᠦᠷᠦᠭᠰᠡᠨ ᠪᠣᠯᠪᠠᠴᠤ ᠭᠠᠢ ᠵᠣᠪᠠᠯᠠᠩ ᠲᠠᠭᠠᠷᠴᠢ ᠲᠠᠬᠢᠷ ᠳᠤᠲᠠᠭᠤ ᠲᠦᠷᠦᠭᠰᠡᠨ ᠭᠡᠳᠡᠭ᠃ ᠡᠶᠢᠨᠬᠦᠦ ᠬᠦᠦ ᠲᠡᠢ ᠪᠣᠯᠬᠤ ᠶᠢ ᠬᠦᠰᠡᠭᠰᠡᠨ ᠱᠦ ᠯᠠᠨᠢ ᠬᠡ 70 ᠍ ᠊ᠭᠠᠳ ᠨᠠᠰᠤᠨ ᠳᠤ ᠪᠠᠨ ᠳᠠᠬᠢᠨ ᠡᠬᠡᠨᠡᠷ ᠠᠪᠬᠤ ᠪᠠᠷ ᠪᠣᠯᠤᠭᠰᠠᠨ ᠪᠥᠭᠡᠳ ᠨᠢᠭᠡᠨᠲᠡ ᠡᠷᠡᠭᠦᠯ ᠴᠢᠭᠢᠷᠠᠭ᠂ ᠰᠠᠶᠢᠨ ᠬᠥᠪᠡᠭᠦᠨ ᠲᠡᠢ ᠪᠣᠯᠬᠤ ᠶᠢ ᠬᠦᠰᠡᠭᠰᠡᠨ ᠲᠤᠯᠠ ᠤᠳᠤᠮ ᠰᠠᠶᠢᠲᠠᠢ ᠭᠡᠷ ᠪᠦᠯᠢ ᠶᠢᠨ ᠵᠠᠯᠠᠭᠤ ᠪᠦᠰᠡᠭᠦᠢ ᠶᠢ ᠰᠤᠩᠭᠤᠬᠤ ᠬᠡᠷᠡᠭᠲᠡᠢ ᠪᠠᠶᠢᠪᠠ᠃ ᠲᠡᠶᠢᠮᠦ ᠡᠴᠡ ᠴᠡᠪᠡᠷ ᠠᠷᠢᠭᠤᠨ ᠭᠤᠷᠪᠠᠨ ᠥᠬᠢᠨ ᠲᠠᠢ ᠶᠡᠨ ᠦ ᠭᠡᠷ ᠲᠦ ᠣᠴᠢᠬᠤ ᠳᠤ ᠲᠡᠷᠡᠪᠡᠷ ᠭᠤᠷᠪᠠᠨ ᠣᠬᠢᠨ᠎ᠠ ᠪᠠᠨ ᠳᠠᠭᠤᠳᠠᠨ ᠱᠦ ᠯᠠᠨᠢ ᠬᠡ ᠢ ᠲᠠᠨᠢᠯᠴᠠᠭᠤᠯᠤᠨ ᠬᠡᠳᠦᠢ ᠲᠡᠭᠦᠨ ᠦ ᠠᠪᠤ ᠪᠣᠯᠤᠨ ᠡᠪᠦᠭᠡ ᠨᠢ ᠡᠷᠳᠡᠮᠲᠡᠨ ᠪᠠᠶᠢᠭᠰᠠᠨ ᠪᠣᠯᠪᠠᠴᠤ ᠡᠷᠲᠡ ᠦᠶ᠎ᠡ ᠳᠦ ᠡᠪᠦᠭᠡ ᠳᠡᠭᠡᠳᠦᠰ ᠨᠢ ᠤᠭᠰᠠᠭ᠎ᠠ ᠵᠠᠯᠭᠠᠮᠵᠢᠯᠠᠭᠰᠠᠨ ᠬᠠᠭᠠᠨ ᠤ ᠤᠳᠤᠮ ᠤᠨ ᠦᠷ᠎ᠡ ᠰᠠᠳᠤ ᠪᠠᠶᠢᠭᠰᠠᠨ ᠭᠡᠳᠡᠭ ᠢ ᠲᠠᠶᠢᠯᠪᠤᠷᠢᠯᠠᠭᠠᠳ ᠬᠡᠨ ᠨᠢ ᠱᠦ ᠯᠠᠨᠢ ᠬᠡ ᠲᠡᠢ ᠭᠡᠷᠯᠡᠬᠦ ᠶᠢ ᠠᠰᠠᠭᠤᠴᠠᠢ᠃ ᠲᠣᠮᠣ ᠬᠣᠶᠠᠷ ᠥᠬᠢᠨ ᠨᠢ ᠬᠠᠷᠢᠭᠤ ᠶᠠᠭᠤ ᠴᠤ ᠳᠤᠤᠭᠠᠷᠬᠤ ᠦᠭᠡᠢ ᠪᠠᠶᠢᠭᠰᠠᠨ ᠳᠤ ᠶᠡᠨ ᠥᠪᠡᠷ ᠦᠨ ᠪᠠᠭ᠎ᠠ ᠥᠬᠢᠨ ᠴᠢᠨ ᠴᠠᠢ ᠶᠢ ᠰᠣᠩᠭᠣᠨ ᠱᠦ ᠯᠠᠨᠢ ᠬᠡ ᠳᠦ ᠥᠭᠴᠡᠢ᠃

ᠴᠢᠨ ᠴᠠᠢ ᠬᠥᠭᠰᠢᠨ ᠵᠠᠩᠵᠤᠨ ᠲᠠᠢ ᠭᠡᠷᠯᠡᠵᠦ᠂ ᠤᠳᠠᠯ ᠦᠭᠡᠢ ᠪᠡᠶ᠎ᠡ ᠳᠠᠪᠬᠤᠷ ᠪᠣᠯᠤᠭᠰᠠᠨ ᠪᠥᠭᠡᠳ ᠨᠢᠭᠡ ᠡᠳᠦᠷ ᠲᠡᠷᠡ ᠪᠡᠷ ᠨ ᠡᠺᠦᠢ ᠬᠡᠮᠡᠬᠦ ᠠᠭᠤᠯᠠᠨ ᠳᠤ ᠤᠷᠤᠰᠢᠬᠤ ᠰᠢᠲᠦᠭᠡᠨ ᠳᠦ ᠣᠴᠢᠵᠤ᠂ ᠬᠦᠦ ᠶᠢᠨ ᠢᠶᠡᠨ ᠲᠥᠯᠥᠭᠡ ᠵᠠᠯᠪᠠᠷᠢᠬᠤ ᠪᠠᠷ ᠶᠠᠪᠤᠵᠠᠢ᠃ ᠰᠦᠰᠦᠭᠯᠡᠵᠦ ᠵᠠᠯᠪᠠᠷᠢᠭᠠᠳ ᠪᠤᠴᠠᠵᠤ ᠢᠷᠡᠬᠦ ᠳᠦ ᠰᠥᠨᠢ ᠨᠢ ᠲᠡᠭᠦᠨ ᠦ ᠵᠡᠭᠦᠳᠦᠨ ᠳᠦ ᠬᠦᠦ ᠶᠢᠨ ᠬᠢ ᠨᠢ ᠢᠷᠡᠭᠡᠳᠦᠢ ᠶᠢᠨ ᠲᠠᠯ᠎ᠠ ᠪᠠᠷ ᠪᠣᠯᠤᠨ ᠬᠠᠮᠢᠭ᠎ᠠ ᠲᠥᠷᠥᠬᠦ᠂ ᠶᠠᠭᠠᠬᠢᠵᠤ ᠪᠠᠰᠠ ᠬᠡᠵᠢᠶ᠎ᠡ ᠨᠠᠰᠤ ᠪᠠᠷᠠᠬᠤ ᠲᠠᠯ᠎ᠠ ᠪᠠᠷ ᠣᠷᠣᠵᠤ ᠢᠷᠡᠭᠰᠡᠨ ᠪᠠᠶᠢᠨ᠎ᠠ᠃ ᠴᠢᠨ ᠴᠠᠢ ᠦᠨ ᠵᠡᠭᠦᠳᠦᠨ ᠳᠦ ᠣᠷᠣᠵᠤ ᠢᠷᠡᠭᠰᠡᠨ ᠰᠦᠷ ᠵᠢᠪᠬᠤᠯᠠᠩ ᠲᠠᠢ ᠲᠠᠪᠤᠨ ᠬᠥᠭᠰᠢᠨ ᠡᠪᠦᠭᠡᠨ ᠲᠡᠭᠦᠨ ᠳᠦ ᠬᠡᠯᠡᠬᠦ ᠳᠦ ᠪᠡᠨ 《ᠴᠢᠨᠤ ᠬᠦᠦ ᠪᠤᠰᠤᠳ ᠠᠴᠠ ᠢᠯᠡᠭᠦᠦ ᠮᠡᠷᠭᠡᠨ ᠤᠬᠠᠭᠠᠨ ᠲᠠᠢ ᠬᠦᠦ ᠪᠣᠯᠬᠤ ᠪᠥᠭᠡᠳ ᠲᠡᠷᠡ ᠬᠠᠭᠠᠨ ᠰᠢᠷᠡᠭᠡ ᠭᠦᠢ ᠬᠠᠭᠠᠨ ᠪᠣᠯᠬᠤ ᠪᠣᠯᠤᠨ᠎ᠠ᠃ ᠲᠡᠭᠦᠨ ᠢ ᠢᠯᠠᠮ᠎ᠠ ᠮᠣᠳᠣ ᠲᠠᠢ ᠬᠥᠨᠳᠡᠢ ᠳᠤ ᠲᠥᠷᠥᠭᠦᠯᠦᠭᠡᠷᠡᠢ》 ᠭᠡᠵᠦ ᠬᠡᠯᠡᠭᠰᠡᠨ ᠢ ᠨᠣᠮ ᠵᠣᠬᠢᠶᠠᠯ ᠳᠤ ᠲᠡᠮᠳᠡᠭᠯᠡᠨ ᠦᠯᠡᠳᠡᠭᠡᠭᠰᠡᠨ ᠪᠠᠶᠢᠳᠠᠭ᠃ ᠴᠢᠨ ᠴᠠᠢ ᠦᠨ ᠲᠥᠷᠥᠬᠦ ᠡᠳᠦᠷ ᠢᠷᠡᠬᠦ ᠳᠦ ᠲᠡᠷᠡ ᠪᠡᠷ ᠨᠥᠬᠥᠷ ᠡᠴᠡ ᠪᠡᠨ ᠢᠯᠠᠮ᠎ᠠ ᠮᠣᠳᠣ ᠲᠠᠢ ᠬᠥᠨᠳᠡᠢ ᠪᠠᠶᠢᠳᠠᠭ ᠡᠰᠡᠬᠦ ᠶᠢ ᠠᠰᠠᠭᠤᠭᠠᠳ᠂ ᠲᠡᠨᠳᠡ ᠬᠦᠦ ᠪᠡᠨ ᠲᠥᠷᠥᠭᠦᠯᠬᠦ ᠶᠣᠰᠣᠲᠠᠢ ᠶᠢ ᠬᠡᠯᠡᠨ ᠡᠮᠦᠨ᠎ᠡ ᠵᠦᠭ ᠲᠤ ᠤᠷᠤᠰᠢᠬᠤ ᠠᠭᠤᠢ ᠳᠤ 551 ᠣᠨ ᠤ 11 ᠰᠠᠷ᠎ᠠ ᠳᠤ ᠬᠣᠵᠢᠮ ᠤᠨ ᠠᠭᠤᠸᠠ ᠶᠡᠬᠡ ᠰᠡᠳᠬᠢᠭᠴᠢ ᠺᠥᠩᠽᠢ ᠢ ᠲᠥᠷᠦᠭᠦᠯᠵᠡᠢ᠃ ᠲᠡᠭᠦᠨ ᠦ ᠲᠦᠷᠦᠭᠰᠡᠨ ᠴᠠᠭ ᠦᠶ᠎ᠡ ᠶᠢ ᠡᠨᠡᠳᠬᠡᠭ ᠲᠦ ᠪᠤᠳ᠋ᠳ᠋ᠾᠠ ᠲᠦᠷᠦᠭᠰᠡᠨ ᠴᠠᠭ ᠦᠶ᠎ᠡ ᠲᠡᠢ ᠨᠢᠭᠡ ᠭᠡᠵᠦ ᠦᠵᠡᠳᠡᠭ ᠪᠠᠶᠢᠨ᠎ᠠ᠃ ᠺᠥᠩᠽᠢ ᠢ ᠲᠥᠷᠥᠬᠦ ᠳᠦ ᠲᠡᠭᠦᠨ ᠳᠦ ᠬᠠᠶᠢᠷᠠᠯᠠᠭᠰᠠᠨ ᠨᠡᠷ᠎ᠡ ᠨᠢ ᠺᠦᠢ ᠪᠥᠭᠡᠳ ᠬᠣᠵᠢᠮ ᠨᠢ ᠡᠨᠡ ᠨᠢ ᠴᠦᠩ ᠨᠡ ᠪᠣᠯᠤᠭᠰᠠᠨ ᠠᠵᠡᠢ᠃ ᠡᠬᠢᠨ ᠦ ᠨᠡᠷ᠎ᠡ ᠨᠢ ᠲᠡᠭᠦᠨ ᠦ ᠡᠴᠢᠭᠡ ᠶᠢᠨ ᠢᠶᠡᠨ ᠬᠣᠶᠠᠷ ᠳ᠋ᠡᠬᠢ ᠬᠦᠦ ᠪᠣᠯᠵᠤ ᠮᠡᠨᠳᠦᠯᠡᠭᠰᠡᠨ ᠲᠡᠢ ᠬᠣᠯᠪᠣᠭ᠎ᠠ ᠲᠠᠢ ᠪᠣᠯ ᠰᠡᠭᠦᠯ ᠦᠨ ᠨᠡᠷ᠎ᠡ ᠨᠢ ᠲᠡᠭᠦᠨ ᠦ ᠡᠵᠢ ᠶᠢᠨ ᠮᠥᠷᠭᠥᠯ ᠦᠢᠯᠡᠳᠦᠭᠰᠡᠨ ᠨᠡ ᠤᠤᠯ ᠤᠨ ᠠᠷᠢᠭᠤᠨ ᠭᠠᠵᠠᠷ ᠲᠠᠢ ᠬᠣᠯᠪᠣᠭᠠᠲᠠᠢ ᠪᠠᠶᠢᠭᠰᠠᠨ᠃ ᠺᠥᠩᠽᠢ ᠢ 3 ᠨᠠᠰᠤᠲᠠᠢ ᠪᠠᠯᠴᠢᠷ ᠪᠠᠶᠢᠬᠤ ᠳᠤ ᠡᠴᠢᠭᠡ ᠨᠢ ᠲᠩᠷᠢ ᠳᠦ ᠬᠠᠯᠢᠵᠤ᠂ ᠪᠡᠯᠪᠡᠰᠦᠷᠴᠢ ᠬᠣᠴᠣᠷᠤᠭᠰᠠᠨ ᠭᠤᠷᠪᠠᠨ ᠡᠬᠡᠨᠡᠷ᠂ ᠥᠨᠦᠴᠢᠷᠡᠴᠢ ᠦᠯᠡᠳᠡᠭᠰᠡᠨ ᠠᠷᠪᠠᠭᠠᠳ ᠬᠡᠦᠬᠡᠳ ᠦᠨ ᠡᠪ ᠲᠦᠨᠵᠢᠩ ᠡᠳᠦᠷ ᠢᠷᠡᠬᠦ ᠲᠤᠰᠤᠮ ᠡᠪᠳᠡᠷᠡᠨ ᠬᠠᠭᠠᠷᠠᠵᠤ ᠪᠤᠢ ᠶᠢ ᠮᠡᠳᠡᠷᠡᠭᠰᠡᠨ ᠺᠥᠩᠽᠢ ᠶᠢᠨ ᠡᠬᠡ ᠴᠢᠨ ᠴᠠᠢ ᠬᠦᠦ ᠪᠡᠨ ᠠᠪᠤᠨ ᠭᠡᠷ ᠡᠴᠡ ᠪᠡᠨ ᠭᠠᠷᠴᠤ ᠶᠠᠪᠤᠭᠰᠠᠨ ᠠᠵᠡᠢ᠃ ᠵᠠᠯᠠᠭᠤ ᠡᠬᠡ ᠵᠣᠪᠠᠯᠠᠩ ᠵᠦᠳᠡᠭᠦᠷᠢ ᠲᠤᠭᠤᠯᠤᠭᠰᠠᠭᠠᠷ ᠬᠦᠦ ᠪᠡᠨ ᠥᠰᠬᠡᠵᠦ᠂ ᠡᠷ᠎ᠡ ᠶᠢᠨ ᠴᠡᠭᠡᠨ ᠳᠦ ᠳᠥᠩᠭᠡᠵᠢ ᠬᠦᠷᠭᠡᠭᠡᠳ 17 ᠨᠠᠰᠤᠲᠠᠢ ᠳᠤ ᠨᠢ ᠥᠪᠡᠷ ᠢᠶᠡᠨ ᠲᠩᠷᠢ ᠳᠦ ᠬᠠᠯᠢᠭᠰᠠᠨ ᠪᠠᠶᠢᠨ᠎ᠠ᠃ ᠡᠴᠢᠭᠡ ᠡᠬᠡ ᠡᠴᠡ ᠡᠷᠲᠡ ᠥᠨᠦᠴᠢᠷᠡᠭᠰᠡᠨ ᠵᠠᠯᠠᠭᠤ ᠬᠦᠦ ᠬᠣᠷᠸ᠎ᠠ ᠶᠢᠨ ᠬᠠᠲᠠᠭᠤ ᠵᠣᠪᠠᠯᠠᠩ ᠢ ᠲᠤᠭᠤᠯᠤᠭᠰᠠᠨ ᠪᠥᠭᠡᠳ ᠡᠶᠢᠮᠦ ᠡᠴᠡ ᠴᠤ ᠺᠥᠩᠽᠢ 《ᠪᠢ ᠬᠠᠷ᠎ᠠ ᠪᠠᠭ᠎ᠠ ᠠᠴᠠ ᠪᠠᠨ ᠶᠠᠳᠠᠭᠤ ᠳᠣᠣᠷᠠᠳᠤ ᠶᠠᠪᠤᠵᠤ᠂ ᠬᠠᠲᠠᠭᠤ ᠬᠢᠲᠦᠭᠦ ᠪᠦᠬᠦᠨ ᠢ ᠰᠤᠷᠠᠭᠰᠠᠨ ᠪᠢᠯᠡ》 ᠭᠡᠵᠦ ᠦᠭᠦᠯᠡᠭᠰᠡᠨ ᠪᠠᠶᠢᠳᠠᠭ᠃ ᠲᠡᠷᠡ ᠠᠮᠢᠳᠤᠷᠠᠬᠤ ᠶᠢᠨ ᠡᠷᠬᠡ ᠪᠡᠷ ᠨᠠᠶᠢᠷ ᠨᠠᠭᠠᠳᠤᠮ᠂ ᠪᠡᠯᠪᠡᠰᠡᠷᠡᠯ᠂ ᠭᠠᠰᠢᠭᠤᠳᠠᠯ ᠤᠨ ᠦᠢᠯᠡ ᠳᠡᠭᠡᠷ᠎ᠡ ᠪᠦᠷᠢᠶ᠎ᠡ ᠦᠯᠢᠶᠡᠵᠦ᠂ ᠢᠵᠠᠭᠤᠷᠲᠠᠨ ᠬᠡᠷᠭᠡᠮᠲᠡᠨ ᠦ ᠭᠡᠷ ᠦᠨ ᠰᠠᠩ ᠤᠨ ᠨᠢᠷᠪᠠ ᠬᠢᠵᠦ᠂ ᠳᠠᠩᠰᠠ ᠬᠥᠲᠥᠯᠬᠦ᠂ ᠮᠠᠯ ᠬᠠᠷᠢᠭᠤᠯᠬᠤ ᠵᠡᠷᠭᠡ ᠲᠡᠷᠡ ᠦᠶ᠎ᠡ ᠶᠢᠨ ᠬᠠᠷ᠎ᠠ ᠪᠣᠷᠣ ᠠᠵᠢᠯ ᠳᠤ ᠨᠤᠬᠤᠯᠠᠭᠳᠠᠵᠤ ᠶᠠᠪᠤᠭᠰᠠᠨ ᠢ ᠲᠡᠦᠬᠡᠨ ᠳᠦ ᠲᠡᠮᠳᠡᠭᠯᠡᠨ ᠦᠯᠡᠳᠡᠭᠡᠭᠰᠡᠨ ᠪᠠᠶᠢᠳᠠᠭ᠃ ᠲᠡᠭᠦᠨ ᠦ ᠪᠠᠭ᠎ᠠ ᠨᠠᠰᠤᠨ ᠤ ᠲᠠᠯ᠎ᠠ ᠪᠠᠷ ᠲᠡᠦᠬᠡᠨ ᠪᠢᠴᠢᠭ ᠲᠦ ᠲᠡᠶᠢᠮᠦ ᠴᠤ ᠶᠡᠬᠡ ᠵᠦᠢᠯ ᠲᠡᠮᠳᠡᠭᠯᠡᠨ ᠦᠯᠡᠳᠡᠭᠡᠭᠡ ᠦᠭᠡᠢ ᠪᠠᠶᠢᠳᠠᠭ᠃ . 《ᠪᠢ ᠡᠬᠡ ᠡᠴᠡ ᠡᠷᠳᠡᠮ ᠴᠢᠳᠠᠪᠤᠷᠢ ᠲᠡᠭᠦᠰ ᠲᠥᠷᠥᠭᠡ ᠭᠦᠢ ᠪᠢᠯᠡ᠃ ᠡᠷᠲᠡᠨ ᠦ ᠰᠤᠶᠤᠯ ᠳᠤ ᠰᠢᠮᠡᠳᠦᠨ ᠰᠤᠷᠤᠯᠴᠠᠵᠤ᠂ ᠡᠷᠳᠡᠮ ᠢ ᠡᠷᠢᠯ ᠢᠶᠡᠷ ᠣᠯᠤᠭᠰᠠᠨ ᠪᠥᠯᠦᠭᠡ》 ᠬᠡᠮᠡᠨ ᠦᠭᠦᠯᠡᠭᠰᠡᠨ ᠪᠠᠶᠢᠳᠠᠭ ᠪᠥᠭᠡᠳ ᠲᠡᠭᠦᠨ ᠦ ᠠᠯᠢ ᠪᠠᠭ᠎ᠠ ᠪᠠᠯᠴᠢᠷ ᠨᠠᠰᠤᠨ ᠠᠴᠠ ᠪᠠᠨ ᠦᠶ᠎ᠡ ᠶᠢᠨ ᠬᠡᠦᠬᠡᠳ ᠦᠳ ᠡᠴᠡ ᠬᠡᠷᠰᠡᠦ᠂ ᠴᠡᠴᠡᠨ ᠴᠡᠯᠮᠡᠭ ᠤᠬᠠᠭᠠᠨ ᠲᠠᠢ ᠪᠠᠶᠢᠭᠰᠠᠨ ᠢ ᠡᠪᠦᠭᠡᠲᠡᠢ ᠡᠴᠡ ᠶᠠᠷᠢᠭᠰᠠᠨ ᠶᠠᠷᠢᠶᠠᠨ ᠠᠴᠠ ᠬᠠᠷᠠᠵᠤ ᠪᠣᠯᠬᠤ ᠶᠤᠮ᠃ ᠨᠢᠭᠡᠨ ᠡᠳᠦᠷ ᠺᠥᠩᠽᠢ ᠡᠪᠦᠭᠡᠲᠡᠢ ᠡᠴᠡ ᠶᠠᠷᠢᠵᠤ ᠰᠠᠭᠤᠭᠠᠳ ᠲᠡᠭᠦᠨ ᠦ ᠭᠦᠨ ᠰᠠᠨᠠᠭ᠎ᠠ ᠠᠯᠳᠠᠵᠤ᠂ ᠴᠢᠷᠠᠢ ᠶᠢᠨ ᠳᠤ ᠨᠢ ᠭᠤᠨᠢᠭ ᠬᠠᠷᠠᠭᠤᠰᠤᠯ ᠲᠣᠳᠣᠷᠠᠬᠤ ᠶᠢ ᠬᠠᠷᠠᠭᠠᠳ 《ᠪᠢ ᠲᠠᠨ ᠢ ᠭᠣᠩᠰᠣᠶᠢᠯᠭᠠᠬᠤ ᠡᠰᠡᠪᠡᠯ ᠲᠠᠨ ᠤ ᠰᠡᠳᠬᠢᠯ ᠳᠦ ᠰᠡᠪ ᠰᠠᠭᠤᠯᠭᠠᠬᠤ ᠦᠢᠯᠡ ᠶᠢ ᠬᠢᠪᠡ ᠦᠦ?》 ᠭᠡᠵᠦ ᠪᠢᠴᠢᠬᠠᠨ ᠬᠡᠦᠬᠡᠳ ᠡᠴᠡ ᠭᠠᠷᠬᠤ ᠪᠠᠷ ᠦᠭᠡᠢ ᠵᠦᠢᠯ ᠢ ᠠᠰᠠᠭᠤᠬᠤ ᠳᠤ ᠡᠪᠦᠭᠡ ᠨᠢ ᠲᠡᠭᠦᠨ ᠡᠴᠡ ᠬᠡᠨ ᠲᠡᠭᠦᠨ ᠳᠦ ᠢᠩᠭᠢᠵᠦ ᠶᠠᠷᠢᠬᠤ ᠶᠢ ᠵᠢᠭᠠᠵᠤ ᠥᠭᠭᠦᠭᠰᠡᠨ ᠲᠠᠯ᠎ᠠ ᠪᠠᠷ ᠠᠰᠠᠭᠤᠬᠤ ᠳᠤ ᠺᠥᠩᠽᠢ 《ᠮᠠᠭᠤ ᠠᠭᠠᠰᠢ ᠵᠠᠩ ᠭᠠᠷᠭᠠᠳᠠᠭ ᠬᠡᠦᠬᠡᠳ ᠳᠠᠩ ᠭᠠᠭᠴᠠ ᠥᠪᠡᠷ ᠢ ᠪᠡᠨ ᠭᠤᠲᠤᠭᠠᠬᠤ ᠠᠴᠠ ᠭᠠᠳᠠᠨ᠎ᠠ ᠥᠪᠡᠷ ᠦᠨ ᠡᠪᠦᠭᠡ ᠳᠡᠭᠡᠳᠦᠰ ᠢᠶᠡᠨ ᠴᠤ ᠪᠠᠰᠠ ᠭᠤᠲᠤᠮᠰᠢᠭ ᠪᠣᠯᠭᠠᠳᠠᠭ ᠭᠡᠵᠦ ᠪᠠᠶᠢᠩᠭᠤ ᠬᠡᠯᠡᠳᠡᠭ ᠨᠢ ᠡᠪᠦᠭᠡ ᠲᠠ ᠪᠢᠯᠡ》 ᠭᠡᠵᠦ ᠬᠠᠷᠢᠭᠤᠯᠤᠭᠰᠠᠨ ᠪᠠᠶᠢᠳᠠᠭ᠃ ᠡᠷ᠎ᠡ ᠶᠢᠨ ᠴᠡᠭᠡᠨ ᠳᠦ ᠬᠦᠷᠴᠦ ᠠᠷᠪᠠᠨ ᠶᠢᠰᠦᠨ ᠨᠠᠰᠤᠨ ᠳᠤ ᠪᠠᠨ ᠴ ᠤ ᠭᠤᠸ᠎ᠠ ᠶᠢᠨ ᠬᠡᠮᠡᠬᠦ ᠪᠦᠰᠡᠭᠦᠢ ᠶᠢ ᠡᠬᠡᠨᠡᠷ ᠪᠣᠯᠭᠠᠨ ᠠᠪᠴᠤ᠂ ᠵᠢᠯ ᠦᠨ ᠳᠠᠷᠠᠭ᠎ᠠ ᠬᠦᠦᠲᠡᠢ ᠪᠣᠯᠵᠤ᠂ ᠬᠦᠦ ᠳᠦ ᠪᠡᠨ ᠯᠢ ᠬᠡᠮᠡᠬᠦ ᠨᠡᠷ᠎ᠡ ᠥᠭᠭᠦᠭᠡᠳ ᠲᠡᠭᠦᠨ ᠳᠡᠭᠡᠷ᠎ᠡ ᠪᠡᠨ ᠵᠢᠭᠠᠰᠤᠨ ᠤ ᠥᠭᠭᠦᠭᠰᠡᠨ ᠠᠭᠤᠸᠠ ᠪᠡᠯᠡᠭ ᠭᠡᠰᠡᠨ ᠤᠳᠬ᠎ᠠ ᠶᠢ ᠪᠡᠯᠭᠡᠳᠡᠵᠦ ᠫᠢ ᠦᠦ ᠭᠡᠰᠡᠨ ᠨᠡᠷ᠎ᠡ ᠶᠢ ᠨᠡᠮᠡᠵᠦ ᠬᠦᠦᠭᠡᠭᠡ ᠫᠢ ᠦᠦ ᠯᠢ ᠭᠡᠵᠦ ᠨᠡᠷᠡᠯᠡᠵᠡᠢ᠃ ᠲᠡᠭᠦᠨ ᠢ ᠲᠣᠳᠣᠷᠬᠠᠶᠢᠯᠠᠬᠤ ᠪᠠᠰᠠ ᠨᠢᠭᠡᠨ ᠵᠦᠢᠯ ᠨᠢ ᠲᠡᠭᠦᠨ ᠦ ᠠᠩᠬᠠᠨ ᠤ ᠬᠤᠪᠢ ᠶᠢᠨ ᠰᠤᠷᠭᠠᠭᠤᠯᠢ ᠶᠢ ᠪᠠᠶᠢᠭᠤᠯᠤᠭᠰᠠᠨ ᠪᠠᠭᠰᠢ ᠭᠡᠬᠦ ᠲᠣᠳᠣᠳᠬᠠᠯ ᠪᠣᠯᠤᠨ ᠲᠡᠭᠦᠨ ᠦ ᠦᠵᠡᠯ ᠰᠤᠷᠲᠠᠯ ᠢ ᠦᠷᠭᠦᠯᠵᠢᠯᠡᠭᠦᠯᠦᠨ ᠵᠠᠯᠭᠠᠮᠵᠢᠯᠠᠭᠰᠠᠨ ᠭᠠᠷᠮᠠᠭᠠᠢ ᠮᠡᠷᠭᠡᠨ ᠱᠠᠪᠢ ᠨᠠᠷ ᠶᠤᠮ᠃ ᠲᠡᠷᠡᠪᠡᠷ 30 ᠨᠠᠰᠤᠲᠠᠢ ᠳᠤ ᠪᠠᠨ ᠥᠪᠡᠷ ᠦᠨ ᠨᠣᠮ ᠤᠨ ᠰᠤᠷᠭᠠᠭᠤᠯᠢ ᠶᠢ ᠪᠠᠶᠢᠭᠤᠯᠵᠤ᠂ ᠬᠡᠳᠦᠨ ᠠᠷᠪᠠᠨ ᠵᠢᠯ ᠬᠢᠴᠢᠶᠡᠨ ᠵᠢᠳᠬᠦᠭ᠍ᠰᠡᠭᠡᠷ᠂ ᠱᠠᠪᠢ ᠨᠠᠷ ᠤᠨ ᠬᠢ ᠨᠢ ᠲᠣᠭ᠎ᠠ 3000 ᠬᠦᠷᠦᠭᠰᠡᠨ ᠠᠭᠠᠳ ᠲᠡᠭᠦᠨ ᠡᠴᠡ ᠨᠣᠮ ᠡᠷᠳᠡᠮ ᠳᠦ ᠲᠡᠭᠦᠰ ᠪᠣᠯᠪᠠᠰᠤᠷᠠᠭᠰᠠᠨ 72 ᠱᠠᠪᠢ ᠪᠠᠶᠢᠭᠰᠠᠨ ᠲᠠᠯ᠎ᠠ ᠪᠠᠷ ᠲᠡᠦᠬᠡᠨ ᠳᠦ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠡᠳᠦᠭᠡ ᠰᠤᠤᠲᠤ ᠠᠷᠪᠠᠨ ᠶᠡᠬᠡ ᠰᠡᠳᠬᠢᠭᠴᠢᠳ ᠦᠨ ᠨᠢᠭᠡ ᠳᠦ ᠵᠦᠢ ᠶᠣᠰᠣᠭᠠᠷ ᠣᠷᠣᠳᠠᠭ ᠺᠥᠩᠽᠢ ᠪᠦᠬᠦᠢ ᠯᠠ ᠠᠮᠢᠳᠤᠷᠠᠯ ᠤᠨ ᠢᠶᠠᠨ ᠲᠤᠷᠰᠢᠳᠠ ᠡᠷᠳᠡᠮ ᠮᠡᠳᠡᠯᠭᠡ ᠶᠢ ᠳᠡᠭᠡᠳᠦᠯᠡᠵᠦ᠂ ᠰᠤᠷᠴᠤ ᠮᠡᠳᠡᠬᠦ᠂ ᠪᠤᠰᠤᠳ ᠲᠤ ᠮᠡᠳᠡᠯᠭᠡ ᠪᠣᠯᠤᠨ ᠶᠣᠰᠣ ᠰᠤᠷᠲᠠᠬᠤᠨ ᠤ ᠲᠠᠯ᠎ᠠ ᠪᠠᠷ ᠲᠦᠭᠡᠭᠡᠨ ᠳᠡᠯᠭᠡᠷᠡᠭᠦᠯᠵᠦ ᠪᠠᠶᠢᠭᠰᠠᠨ ᠪᠢᠯᠡ᠃ ᠬᠡᠪ ᠵᠢᠷᠤᠮ ᠢ ᠶᠡᠬᠡᠳᠡ ᠴᠢᠬᠤᠯᠠᠴᠢᠯᠠᠳᠠᠭ ᠪᠠᠶᠢᠭᠰᠠᠨ ᠲᠤᠯᠠ ᠬᠠᠭᠠᠯᠭ᠎ᠠ ᠨᠢ ᠦᠯᠦ ᠮᠡᠳᠡᠭ ᠶᠠᠶᠢᠵᠢᠢᠭᠰᠠᠨ ᠠᠶᠢᠯ ᠳᠤ ᠣᠷᠣᠳᠠᠭ ᠦᠭᠡᠢ ᠪᠠᠶᠢᠴᠠᠢ᠃ ᠺᠥᠩᠽᠢ ᠢ ᠲᠡᠦᠬᠡ ᠶᠢᠨ ᠣᠯᠠᠨ ᠵᠣᠬᠢᠶᠠᠯ ᠪᠦᠲᠦᠭᠡᠯ ᠳᠦ ᠬᠦᠮᠦᠨ ᠴᠢᠨᠠᠷ ᠤᠨ ᠢᠶᠠᠨ ᠬᠤᠪᠢ ᠳᠤ ᠦᠨᠡᠨᠴᠢ ᠰᠢᠳᠤᠷᠭᠤ᠂ ᠠᠯᠢᠪᠠ ᠶᠢ ᠰᠢᠭᠤᠳ ᠬᠡᠯᠡᠳᠡᠭ ᠰᠢᠳᠤᠷᠭᠤ ᠵᠠᠩ ᠲᠠᠢ᠂ ᠠᠮᠢᠳᠤᠷᠠᠯ ᠤᠨ ᠬᠦᠨᠳᠦ ᠬᠡᠴᠡᠭᠦᠦ ᠵᠣᠪᠠᠯᠠᠩ ᠢ ᠪᠡᠶ᠎ᠡ ᠰᠡᠳᠬᠢᠯ ᠢᠶᠡᠷ ᠢᠶᠡᠨ ᠲᠤᠭᠤᠯᠤᠭᠰᠠᠨ ᠬᠡᠷᠡᠨ ᠢᠶᠡᠨ ᠳᠠᠷᠤᠤ ᠲᠥᠯᠥᠪ ᠨᠢᠭᠡᠨ ᠪᠠᠶᠢᠭᠰᠠᠨ ᠭᠡᠵᠦ ᠲᠡᠮᠳᠡᠭᠯᠡᠨ ᠦᠯᠡᠳᠡᠭᠡᠭᠰᠡᠨ ᠪᠠᠶᠢᠳᠠᠭ᠃ ᠲᠡᠷᠡ ᠪᠡᠷ ᠠᠮᠢᠳᠤᠷᠠᠯ ᠳᠤ ᠪᠠᠨ ᠳᠥᠷᠪᠡᠨ ᠵᠦᠢᠯ ᠢ ᠮᠥᠷᠳᠡᠯᠭᠡ ᠪᠣᠯᠭᠠᠭᠰᠠᠨ ᠭᠡᠳᠡᠭ᠃

ᠡᠳᠡᠭᠡᠷ ᠨᠢ: • ᠬᠣᠭᠣᠰᠣᠨ ᠮᠥᠷᠥᠭᠡᠳᠦᠯ ᠳᠦ ᠠᠪᠲᠠᠬᠤ ᠦᠭᠡᠢ ᠪᠠᠶᠢᠬᠤ

• ᠥᠪᠡᠷ ᠦᠨ ᠬᠢ ᠪᠡᠨ ᠪᠠᠶᠢᠷᠢ ᠰᠠᠭᠤᠷᠢ ᠳᠡᠭᠡᠷ᠎ᠡ ᠡᠷᠡᠰ ᠰᠢᠯᠤᠭᠤᠨ ᠵᠣᠭᠰᠣᠬᠤ

• ᠵᠥᠷᠢᠭᠦᠳ ᠭᠥᠵᠢᠭᠦᠳ ᠵᠠᠩ ᠭᠠᠷᠭᠠᠬᠤ ᠦᠭᠡᠢ ᠪᠠᠶᠢᠬᠤ

• ᠬᠡᠵᠢᠶ᠎ᠡ ᠴᠤ ᠬᠤᠪᠢ ᠪᠠᠨ ᠬᠢᠴᠢᠶᠡᠬᠦ ᠦᠭᠡᠢ ᠪᠠᠶᠢᠬᠤ

ᠬᠦᠮᠦᠨ ᠦ ᠦᠬᠦᠯ ᠭᠡᠳᠡᠭ ᠬᠡᠵᠢᠶ᠎ᠡ ᠴᠤ ᠢᠷᠡᠵᠦ ᠪᠣᠯᠳᠠᠭ ᠭᠡᠨᠡᠳᠲᠡ ᠶᠢᠨ ᠵᠦᠢᠯ ᠭᠡᠳᠡᠭ ᠢ ᠬᠠᠷᠠᠭᠤᠯᠤᠨ ᠺᠥᠩᠽᠢ ᠢ 69 ᠨᠠᠰᠤᠲᠠᠢ ᠪᠠᠶᠢᠬᠤ ᠳᠤ ᠬᠦᠦ ᠫᠢ ᠦᠦ ᠨᠢ 50 ᠨᠠᠰᠤᠨ ᠳᠤ ᠪᠠᠨ ᠲᠠᠭᠠᠯᠠᠯ ᠲᠡᠭᠦᠰᠴᠦ᠂ ᠲᠡᠭᠦᠨ ᠦ ᠠᠷᠤ ᠠᠴᠠ ᠡᠷᠬᠢᠮ ᠱᠠᠪᠢ ᠨᠠᠷ ᠨᠢ ᠨᠠᠰᠤᠨ ᠤ ᠡᠷᠬᠡᠨ ᠳᠦ ᠠᠷᠤ ᠠᠷᠤ ᠠᠴᠠ ᠪᠠᠨ ᠲᠩᠷᠢ ᠳᠦ ᠬᠠᠯᠢᠭᠰᠠᠨ ᠡᠮᠭᠡᠨᠢᠯᠲᠡᠢ ᠲᠡᠦᠬᠡ ᠪᠢᠴᠢᠭᠳᠡᠨ ᠦᠯᠡᠳᠡᠭᠰᠡᠨ ᠪᠠᠶᠢᠳᠠᠭ᠃ ᠣᠷᠴᠢᠯᠠᠩ ᠤᠨ ᠵᠢᠮ᠎ᠠ ᠪᠠᠷ ᠨᠠᠰᠤ ᠥᠨᠳᠥᠷ ᠪᠣᠯᠤᠭᠰᠠᠨ ᠺᠥᠩᠽᠢ ᠡᠨᠡ ᠪᠦᠭᠦᠳᠡ ᠳᠦ ᠭᠠᠰᠢᠭᠤᠳᠠᠭᠰᠠᠭᠠᠷ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 479 ᠣᠨ ᠳᠤ 73 ᠨᠠᠰᠤᠨ ᠳᠤ ᠪᠠᠨ ᠥᠪᠡᠷ ᠦᠨ ᠲᠦᠷᠦᠭᠰᠡᠨ ᠭᠠᠵᠠᠷ ᠲᠤ ᠪᠠᠨ ᠢᠷᠡᠵᠦ ᠲᠩᠷᠢ ᠳᠦ ᠬᠠᠯᠢᠵᠠᠢ᠃ 《ᠪᠢ 15 ᠨᠠᠰᠤᠨ ᠳᠤ ᠪᠠᠨ ᠡᠷᠳᠡᠮ ᠳᠦ ᠰᠢᠮᠡᠳᠦᠨ᠂ 30 ᠬᠦᠷᠢᠬᠦᠢ ᠳᠦ ᠡᠷ᠎ᠡ ᠶᠢᠨ ᠴᠡᠭᠡᠨ ᠳᠦ ᠬᠦᠷᠴᠦ᠂ 40 ᠬᠦᠷᠢᠬᠦᠢ ᠳᠦ ᠲᠥᠭᠡᠷᠢᠯᠳᠦᠵᠦ ᠭᠤᠪᠢᠬᠤ ᠪᠠᠷ ᠦᠭᠡᠢ ᠵᠣᠭᠰᠣᠵᠤ᠂ 50 ᠬᠦᠷᠢᠬᠦᠢ ᠳᠦ ᠲᠩᠷᠢ ᠶᠢᠨ ᠪᠣᠱᠢᠭᠤ ᠶᠢ ᠲᠠᠨᠢᠵᠤ᠂ 60 ᠬᠦᠷᠢᠬᠦᠢ ᠳᠦ ᠰᠣᠨᠣᠰᠤᠭᠰᠠᠨ ᠪᠣᠯᠭᠠᠨ ᠢᠶᠠᠨ ᠰᠠᠯᠭᠠᠵᠤ ᠢᠯᠭᠠᠵᠤ ᠴᠢᠳᠠᠬᠤ ᠪᠣᠯᠵᠤ᠂ 70 ᠬᠦᠷᠢᠶ᠎ᠡ ᠳᠦ ᠬᠦᠰᠡᠯ ᠵᠣᠷᠭ᠎ᠠ ᠪᠠᠷ ᠢᠶᠠᠨ ᠶᠠᠪᠤᠪᠠᠴᠤ᠂ ᠬᠡᠪ ᠶᠣᠰᠣᠨ ᠤ ᠬᠦᠷᠢᠶ᠎ᠡ ᠬᠡᠪᠴᠢᠭᠡᠨ ᠡᠴᠡ ᠬᠡᠲᠦᠷᠡᠵᠦ ᠡᠰᠡ ᠬᠠᠯᠢᠪ᠃》 ᠬᠡᠮᠡᠭᠰᠡᠨ ᠨᠢ ᠥᠪᠡᠷ ᠦᠨ ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠢ ᠬᠤᠷᠢᠶᠠᠩᠭᠤᠶᠢᠯᠠᠨ ᠳ᠋ᠦᠩᠨᠡᠭᠰᠡᠨ ᠳ᠋ᠦᠩᠨᠡᠯᠲᠡ ᠭᠡᠵᠦ ᠬᠡᠯᠡᠵᠦ ᠪᠣᠯᠬᠤ ᠶᠤᠮ᠃ ᠺᠥᠩᠽᠢ ᠳᠦ ᠱᠠᠪᠢ ᠣᠷᠣᠬᠤ ᠶᠢ ᠨᠢᠭᠡ ᠴᠤ ᠬᠠᠭᠠᠨ ᠬᠦᠰᠡᠭᠡ ᠦᠭᠡᠢ ᠨᠢ ᠯᠠ ᠲᠡᠭᠦᠨ ᠢ ᠶᠡᠬᠡᠳᠡ ᠰᠢᠨᠠᠯᠭᠠᠵᠤ ᠪᠠᠶᠢᠪᠠ᠃ ᠲᠡᠭᠦᠨ ᠦ ᠬᠡᠯᠡᠭᠰᠡᠨ ᠰᠡᠭᠦᠯᠴᠢ ᠶᠢᠨ ᠦᠭᠡ ᠨᠢ: -ᠨᠠᠮᠠᠢ ᠦᠬᠦᠭᠰᠡᠨ ᠦ ᠳᠠᠷᠠᠭ᠎ᠠ ᠬᠡᠨ ᠮᠢᠨᠦ ᠰᠤᠷᠭᠠᠯ ᠢ ᠦᠷᠭᠦᠯᠵᠢᠯᠡᠭᠦᠯᠦᠨ ᠨᠣᠮᠯᠠᠬᠤ ᠪᠣᠯᠵᠤ ᠪᠠᠶᠢᠨ ᠢᠶᠠᠨ? ᠭᠡᠰᠡᠨ ᠠᠰᠠᠭᠤᠯᠲᠠ ᠪᠠᠶᠢᠭᠰᠠᠨ ᠭᠡᠳᠡᠭ᠃ ᠨᠠᠰᠤ ᠨᠥᠭᠴᠢᠬᠦ ᠡᠴᠡ ᠪᠡᠨ ᠡᠮᠦᠨ᠎ᠡ ᠰᠣᠩᠭᠣᠵᠤ ᠠᠪᠤᠭᠰᠠᠨ ᠭᠠᠵᠠᠷ ᠨᠢ ᠪᠣᠯᠬᠤ ᠭᠣᠣᠯ ᠤᠨ ᠵᠠᠬ᠎ᠠ ᠶᠢᠨ ᠪᠢᠴᠢᠬᠠᠨ ᠲᠥᠭᠡᠯ ᠳᠤᠮᠳᠠ ᠱᠠᠪᠢ ᠨᠠᠷ ᠨᠢ ᠲᠡᠭᠦᠨ ᠢ ᠣᠷᠣᠰᠢᠭᠤᠯᠵᠠᠢ᠃ ᠡᠳᠦᠭᠡ ᠲᠡᠨᠳᠡ 20 ᠭᠠᠷᠤᠢ ᠭᠠ ᠡᠵᠡᠯᠡᠳᠡᠭ ᠺᠥᠩᠽᠢ ᠶᠢᠨ ᠪᠤᠩᠬᠤᠨ᠂ ᠬᠡᠶᠢᠳ ᠪᠤᠢ᠃ ᠬᠥᠰᠢᠭᠡᠨ ᠳᠡᠭᠡᠷ᠎ᠡ ᠨᠢ: 《ᠬᠠᠮᠤᠭ ᠠᠴᠠ ᠠᠷᠢᠭᠤᠨ ᠭᠡᠭᠡᠨ᠂ ᠵᠥᠩᠴᠢ ᠮᠡᠷᠭᠡᠨ ᠺᠥᠩᠽᠢ ᠶᠢᠨ ᠰᠦᠨᠡᠰᠦ ᠠᠮᠢᠷᠯᠠᠩᠭᠤᠢ ᠶᠢ ᠣᠯᠤᠭᠰᠠᠨ ᠭᠠᠵᠠᠷ》 ᠬᠡᠮᠡᠬᠦ ᠪᠢᠴᠢᠭᠡᠰᠦ ᠪᠠᠶᠢᠳᠠᠭ ᠠᠵᠡᠢ᠃ ᠲᠡᠨᠳᠡᠬᠢ ᠶᠢᠨ ᠪᠤᠯᠠᠭ ᠤᠨ ᠤᠰᠤ ᠶᠢ ᠬᠠᠨᠵᠤᠨ ᠤ ᠰᠣᠶᠣᠯᠲᠤ ᠣᠷᠣᠨ ᠨᠤᠭᠤᠳ ᠲᠤ ᠠᠷᠢᠭᠤᠨ ᠳᠡᠭᠡᠳᠦ ᠬᠡᠮᠡᠨ ᠰᠢᠲᠦᠳᠡᠭ ᠪᠥᠭᠡᠳ ᠮᠥᠨᠥᠬᠢ ᠪᠤᠯᠠᠭ ᠠᠴᠠ ᠤᠤᠭᠤᠬᠤ ᠶᠢ ᠡᠨᠡ ᠨᠠᠰᠤᠨ ᠤ ᠣᠨᠴᠠᠭᠠᠢ ᠪᠡᠯᠭᠡ ᠳᠡᠮᠪᠡᠷᠢᠯ ᠬᠡᠮᠡᠳᠡᠭ ᠠᠵᠤ᠃


ᠺᠥᠩᠽᠢ ᠶᠢᠨ ᠰᠤᠷᠭᠠᠯ ᠤᠨ ᠡᠭᠦᠰᠦᠯ᠂ ᠬᠥᠭᠵᠢᠯ ᠺᠥᠩᠽᠢ ᠵᠥᠪᠬᠡᠨ ᠰᠣᠶᠣᠨ ᠭᠡᠭᠡᠷᠡᠭᠦᠯᠦᠭᠴᠢ᠂ ᠶᠡᠬᠡ ᠰᠡᠳᠬᠢᠭᠴᠢ ᠪᠠᠶᠢᠭᠰᠠᠨ ᠦᠭᠡᠢ᠃ ᠬᠠᠨᠯᠢᠭ ᠤᠯᠤᠰ ᠤᠳ ᠢᠶᠠᠷ ᠬᠡᠷᠦᠨ ᠬᠡᠰᠦᠵᠦ᠂ ᠥᠲᠡᠯ᠎ᠡ ᠨᠠᠰᠤᠨ ᠳᠤ ᠪᠠᠨ ᠰᠤᠶᠤᠯ ᠤᠨ ᠦᠨᠡᠲᠦ ᠪᠠᠶᠠᠯᠢᠭ ᠢ ᠪᠦᠲᠦᠭᠡᠵᠦ᠂ ᠤᠳᠬ᠎ᠠ ᠵᠣᠬᠢᠶᠠᠯᠲᠡᠦᠬᠡᠭᠦᠨ ᠤᠬᠠᠭᠠᠨᠤᠯᠤᠰ ᠲᠥᠷᠥ᠂ ᠵᠠᠰᠠᠭᠯᠠᠯ᠂ ᠨᠡᠶᠢᠭᠡᠮ᠂ ᠶᠣᠰᠣ ᠰᠤᠷᠲᠠᠯ ᠵᠡᠷᠭᠡ ᠶᠢ ᠲᠠᠯ᠎ᠠ ᠪᠦᠷᠢ ᠡᠴᠡ ᠨᠢ ᠭᠦᠨᠵᠡᠭᠡᠢ ᠰᠢᠨᠵᠢᠯᠡᠨ ᠦᠵᠡᠵᠦ ᠦᠵᠡᠯ ᠰᠤᠷᠭᠠᠯ ᠢᠶᠠᠨ ᠠᠶᠢᠯᠠᠳᠤᠨ ᠨᠣᠮᠯᠠᠭᠰᠠᠨ ᠢᠶᠠᠷ ᠺᠥᠩᠽᠢ ᠶᠢᠨ ᠰᠤᠷᠭᠠᠯ ᠢ ᠦᠨᠳᠦᠰᠦᠯᠡᠨ ᠪᠤᠢ ᠪᠣᠯᠭᠠᠵᠠᠢ᠃ ᠺᠥᠩᠽᠢ ᠬᠢᠭᠡᠳ ᠲᠡᠭᠦᠨ ᠦ ᠱᠠᠪᠢ ᠨᠠᠷ ᠤᠨ ᠡᠮᠬᠢᠳᠬᠡᠵᠦ ᠲᠤᠭᠤᠷᠪᠢᠭᠰᠠᠨ ᠠᠯᠳᠠᠷᠲᠤ ᠳᠥᠷᠪᠡᠨ ᠨᠣᠮ᠂ ᠲᠠᠪᠤᠨ ᠪᠢᠴᠢᠭ ᠪᠦᠬᠦᠯᠢ ᠳᠦ ᠪᠡᠨ ᠺᠥᠩᠽᠢ ᠶᠢᠨ ᠰᠤᠷᠲᠠᠯ ᠤᠨ ᠦᠨᠳᠦᠰᠦ ᠪᠣᠯᠳᠠᠭ᠃ ᠺᠥᠩᠽᠢ ᠬᠢᠲᠠᠳ ᠤᠨ ᠴᠵᠢᠤ ᠤᠳᠤᠮ ᠤᠨ ᠬᠠᠭᠠᠨᠴᠢᠯᠠᠯ ᠤᠨ ᠦᠶ᠎ᠡ ᠳᠦ ᠠᠮᠢᠳᠤᠷᠠᠵᠤ ᠪᠠᠶᠢᠭᠰᠠᠨ ᠪᠦᠭᠡᠶ᠎ᠡ ᠳᠦ ᠲᠤᠬᠠᠢ ᠶᠢᠨ ᠦᠶ᠎ᠡ ᠶᠢᠨ ᠤᠳᠤᠷᠢᠳᠤᠭᠴᠢᠳ ᠲᠡᠭᠦᠨ ᠦ ᠰᠤᠷᠭᠠᠯ ᠢ ᠦᠯᠦ ᠣᠶᠢᠰᠢᠶᠠᠵᠤ ᠪᠠᠶᠢᠭᠰᠠᠨ ᠴᠤ ᠤᠯᠤᠰ ᠣᠷᠣᠨ ᠳᠠᠶᠠᠭᠠᠷ ᠲᠡᠭᠦᠨ ᠦ ᠰᠤᠷᠭᠠᠯ ᠥᠷᠭᠡᠨ ᠳᠡᠯᠭᠡᠷᠡᠵᠡᠢ᠃ ᠭᠡᠪᠡᠴᠦ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 221 ᠣᠨ ᠳᠤ ᠲᠥᠷᠥ ᠶᠢᠨ ᠡᠷᠬᠡᠨ ᠳᠦ ᠴᠢᠨᠢ ᠤᠳᠤᠮ ᠤᠨ ᠬᠢᠨ ᠭᠠᠷᠤᠭᠠᠳ ᠺᠥᠩᠽᠢ ᠦᠨ ᠰᠤᠷᠭᠠᠯ ᠢ ᠬᠣᠷᠢᠭᠯᠠᠵᠤ᠂ ᠪᠦᠬᠦ ᠨᠣᠮ ᠢ ᠨᠢ ᠰᠢᠲᠠᠭᠠᠬᠤ ᠬᠦᠷᠲᠡᠯ᠎ᠡ ᠬᠠᠷᠭᠢᠰ ᠬᠠᠲᠠᠭᠤ ᠠᠷᠭ᠎ᠠ ᠬᠡᠮᠵᠢᠶ᠎ᠡ ᠶᠢ ᠠᠪᠴᠤ ᠪᠠᠶᠢᠭᠰᠠᠨ ᠴᠤ᠂ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 220 ᠣᠨ ᠳᠤ ᠬᠠᠨᠢ ᠤᠭᠰᠠᠭᠠᠨ ᠤ ᠬᠢᠨ ᠲᠥᠷᠥ ᠶᠢᠨ ᠡᠷᠬᠡᠨ ᠳᠦ ᠭᠠᠷᠰᠤᠨ ᠤ ᠳᠠᠷᠠᠭ᠎ᠠ ᠺᠥᠩᠽᠢ ᠦᠨ ᠰᠤᠷᠭᠠᠯ ᠢ ᠳᠤᠮᠳᠠᠳᠤ ᠤᠯᠤᠰ ᠤᠨ ᠠᠯᠪᠠᠨ ᠶᠣᠰᠣᠨ ᠤ ᠱᠠᠰᠢᠨ ᠪᠣᠯᠭᠠᠨ ᠡᠷᠭᠦᠮᠵᠢᠯᠡᠭᠰᠡᠨ ᠪᠠᠶᠢᠨ᠎ᠠ᠃ ᠡᠨᠡ ᠦᠶᠡᠰ ᠬᠢᠲᠠᠳ ᠤᠨ ᠬᠠᠭᠠᠳ ᠲᠥᠷᠥ ᠶᠢᠨ ᠠᠯᠪᠠᠨ ᠳᠤ ᠲᠦᠰᠢᠮᠡᠳ ᠰᠣᠩᠭᠣᠨ ᠠᠪᠬᠤ ᠳᠤ ᠪᠠᠨ "ᠲᠥᠷᠥ ᠶᠢᠨ ᠠᠯᠪᠠ" ᠭᠡᠳᠡᠭ ᠰᠡᠳᠦᠪ ᠢᠶᠡᠷ ᠱᠠᠫᠬᠠᠯ ᠳᠤ ᠠᠪᠳᠠᠭ ᠪᠣᠯᠤᠭᠰᠠᠨ ᠪᠦᠭᠡᠶ᠎ᠡ ᠳᠦ ᠬᠡᠰᠡᠭ ᠬᠤᠭᠤᠴᠠᠭ᠎ᠠ ᠥᠩᠭᠡᠷᠡᠬᠦ ᠳᠦ ᠤᠭ ᠰᠢᠯᠭᠠᠯᠲᠠ ᠶᠢᠨ ᠤᠨᠳᠡᠰ ᠰᠠᠭᠤᠷᠢ ᠨᠢ ᠺᠥᠩᠽᠢ ᠦᠨ ᠰᠤᠷᠭᠠᠯ ᠪᠣᠯᠤᠭᠰᠠᠨ ᠪᠠᠶᠢᠯ᠎ᠠ᠃ ᠬᠢᠲᠠᠳ ᠤᠨ ᠡᠵᠡᠨᠲᠦ ᠭᠦᠷᠦᠨ ᠳᠦ ᠲᠥᠷᠥ ᠵᠠᠰᠠᠭ ᠤᠨ ᠬᠦᠨᠳᠦ ᠰᠤᠷᠲᠠᠯᠲᠤ ᠠᠯᠪᠠᠨ ᠳᠤ ᠣᠷᠣᠭᠰᠠᠨ ᠢᠶᠠᠷ ᠨᠡᠶᠢᠭᠡᠮ ᠳᠦ ᠡᠵᠡᠯᠡᠬᠦ ᠪᠠᠶᠢᠷᠢ ᠰᠠᠭᠤᠷᠢ ᠳᠡᠭᠡᠭᠰᠢᠯᠡᠵᠦ᠂ ᠬᠥᠷᠥᠩᠭᠡᠵᠢᠬᠦ ᠪᠣᠯᠤᠯᠴᠠᠭ᠎ᠠ ᠨᠡᠭᠡᠭᠡᠭᠳᠡᠳᠡᠭ ᠪᠠᠶᠢᠭᠰᠠᠨ ᠲᠤᠯᠠ "ᠲᠥᠷᠥ ᠶᠢᠨ ᠠᠯᠪᠠ" ᠍ ᠤ ᠰᠡᠳᠦᠪ ᠢᠶᠡᠷ ᠥᠭᠬᠦ ᠰᠢᠯᠭᠠᠯᠲᠠ ᠶᠢᠨ ᠭᠣᠣᠯ ᠨᠣᠶᠠᠨ ᠨᠢᠷᠤᠭᠤ ᠪᠣᠯᠬᠤ ᠺᠥᠩᠽᠢ ᠦᠨ ᠰᠤᠷᠭᠠᠯ ᠢ ᠮᠡᠳᠡᠬᠦ ᠶᠢᠨ ᠲᠥᠯᠥᠭᠡ ᠲᠡᠮᠡᠴᠡᠯ ᠵᠠᠯᠠᠭᠤᠴᠤᠳ ᠤᠨ ᠳᠤᠮᠳᠠ ᠬᠦᠴᠦᠲᠡᠢ ᠥᠷᠨᠢᠵᠦ ᠪᠠᠶᠢᠯ᠎ᠠ᠃ ᠺᠥᠩᠽᠢ ᠦᠨ ᠰᠤᠷᠭᠠᠯ ᠬᠢᠲᠠᠳ ᠤᠨ ᠵᠠᠰᠠᠭ ᠵᠠᠬᠢᠷᠭᠠᠨ ᠤ ᠠᠯᠪᠠᠨ ᠶᠣᠰᠣᠨ ᠤ ᠭᠦᠨ ᠤᠬᠠᠭᠠᠨ ᠪᠠᠶᠢᠭᠰᠠᠨ ᠲᠡᠳᠦᠢ ᠦᠭᠡᠢ ᠲᠤᠰ ᠤᠯᠤᠰ ᠤᠨ ᠳᠡᠶᠢᠯᠦᠩᠬᠢ ᠢᠷᠭᠡᠳ ᠦᠨ ᠥᠷᠲᠢᠨᠴᠦ ᠶᠢ ᠦᠵᠡᠬᠦ ᠦᠡᠯ ᠪᠣᠯᠵᠤ ᠲᠡᠳᠡᠨ ᠦ ᠠᠮᠢᠳᠤᠷᠠᠯ ᠳᠤ ᠭᠦᠨ ᠨᠥᠯᠧᠡ ᠦᠵᠡᠭᠦᠯᠦᠭᠰᠡᠭᠡᠷ ᠢᠷᠡᠭᠰᠡᠨ᠂ ᠡᠳᠦᠭᠡ ᠴᠤ ᠤᠭ ᠴᠢᠨᠠᠷ᠂ ᠦᠨ᠎ᠡ ᠴᠡᠨ᠎ᠡ ᠪᠡᠨ ᠠᠯᠳᠠᠭ᠎ᠠ ᠦᠭᠡᠢ ᠪᠢᠯᠡ᠃

ᠬᠣᠶᠠᠷ ᠮᠢᠩᠭᠠᠨ ᠤ ᠲᠡᠷᠲᠡᠭᠡ ᠵᠣᠬᠢᠶᠠᠭᠳᠠᠵᠤ᠂ ᠰᠠᠭᠠᠳ ᠪᠡᠷᠬᠡ ᠶᠢ ᠲᠤᠭᠤᠯᠤᠭᠰᠠᠭᠠᠷ ᠥᠨᠥ ᠬᠦᠷᠲᠡᠯ᠎ᠡ ᠤᠯᠠᠮᠵᠢᠯᠠᠵᠤ ᠢᠷᠡᠭᠰᠡᠨ᠂ ᠺᠥᠩᠽᠢ ᠶᠢᠨ ᠰᠤᠷᠲᠠᠯ ᠭᠦᠨ ᠤᠬᠠᠭᠠᠨ ᠤ ᠰᠡᠳᠬᠢᠯᠭᠡᠨ ᠦ ᠭᠣᠣᠯ ᠳᠤᠷᠠᠰᠬᠠᠯ ᠪᠣᠯ ᠳᠡᠭᠡᠷ᠎ᠡ ᠦᠭᠦᠯᠡᠭᠰᠡᠨ ᠠᠯᠳᠠᠷᠲᠤ ᠳᠥᠷᠪᠡᠨ ᠨᠣᠮ᠂ ᠲᠠᠪᠤᠨ ᠪᠢᠴᠢᠭ ᠦᠨ ᠨᠢᠭᠡ ᠰᠢᠭᠦᠮᠵᠢᠯᠡᠯ ᠥᠭᠦᠯᠡᠯ ᠨᠢ ᠪᠡᠰᠡᠷᠡᠭ ᠵᠣᠬᠢᠶᠠᠯ ᠶᠤᠮ᠃ ᠺᠥᠩᠽᠢ ᠶᠢ ᠲᠠᠭᠠᠯᠠᠯ ᠲᠡᠭᠦᠰᠦᠭᠰᠡᠨ ᠬᠣᠶᠢᠨ᠎ᠠ ᠱᠠᠪᠢ ᠨᠠᠷ ᠨᠢ ᠥᠪᠡᠷ ᠥᠪᠡᠷ ᠦᠨ ᠲᠡᠮᠳᠡᠭᠯᠡᠨ ᠠᠪᠤᠭᠰᠠᠨ ᠬᠢᠭᠡᠳ ᠣᠢ ᠤᠬᠠᠭᠠᠨ᠂ ᠣᠶᠤᠨ ᠪᠣᠳᠣᠯ ᠳᠤ ᠨᠢ ᠰᠢᠩᠭᠡᠵᠦ ᠦᠯᠡᠳᠡᠭᠰᠡᠨ ᠰᠤᠷᠭᠠᠯ ᠨᠣᠮᠯᠠᠯ ᠢ ᠨᠢᠭᠡᠳᠬᠡᠨ ᠪᠢᠴᠢᠭᠰᠡᠨ ᠢᠶᠡᠷ ᠡᠨᠡ ᠨᠣᠮ ᠪᠦᠲᠦᠵᠦ᠂ ᠮᠥᠩᠬᠡᠷᠡᠨ ᠦᠯᠡᠳᠡᠬᠦ ᠬᠤᠪᠢ ᠶᠢ ᠣᠯᠵᠠᠢ᠃ ᠰᠢᠭᠦᠮᠵᠢᠯᠡᠯ ᠥᠭᠦᠯᠡᠯ ᠨᠢ ᠭᠣᠣᠯᠳᠠᠭᠤ ᠠᠰᠠᠭᠤᠵᠤ ᠬᠠᠷᠢᠭᠤᠯᠬᠤ᠂ ᠴᠡᠴᠡ ᠮᠡᠷᠭᠡᠨ ᠢᠶᠡᠨ ᠰᠣᠷᠢᠵᠤ ᠴᠡᠭᠴᠡᠯᠡᠬᠦ᠂ ᠰᠢᠭᠦᠨ ᠲᠤᠩᠭᠠᠬᠤ᠂ ᠳᠦᠲᠦᠨᠡᠬᠦ ᠬᠡᠯᠪᠡᠷᠢ ᠪᠡᠷ ᠪᠢᠴᠢᠭᠳᠡᠭᠰᠡᠨ᠂ 20 ᠪᠦᠯᠦᠭ ᠲᠡᠢ ᠵᠣᠬᠢᠶᠠᠯ ᠶᠤᠮ᠃ᠺᠥᠩᠽᠢ ᠶᠢᠨ ᠰᠤᠷᠭᠠᠯ ᠳᠤᠮᠳᠠᠴᠢ ᠬᠦᠮᠦᠨ ᠡᠴᠡ ᠳᠡᠭᠡᠭᠰᠢ ᠪᠡᠨ ᠭᠠᠷᠤᠭᠰᠠᠨ ᠬᠦᠮᠦᠨ ᠲᠡᠢ ᠳᠡᠭᠡᠳᠦ ᠶᠠᠭᠤᠮᠠᠨ ᠤ ᠲᠤᠬᠠᠢ ᠶᠠᠷᠢᠵᠤ ᠪᠣᠯᠤᠨ᠎ᠠ ᠬᠠᠷᠢᠨ ᠳᠤᠮᠳᠠᠴᠢ ᠠᠴᠠ ᠳᠣᠣᠭᠤᠷᠬᠢ ᠲᠠᠢ ᠳᠡᠭᠡᠳᠦ ᠶᠠᠭᠤᠮᠠᠨ ᠤ ᠲᠤᠬᠠᠢ ᠶᠠᠷᠢᠵᠤ ᠪᠣᠯᠬᠤ ᠦᠭᠡᠢ᠃

ᠬᠦᠮᠦᠰ ᠵᠠᠩ ᠠᠪᠢᠷ ᠢᠶᠠᠨ ᠵᠠᠰᠠᠵᠤ ᠰᠠᠶᠢᠵᠢᠷᠭᠠᠭᠤᠯᠬᠤ ᠦᠭᠡᠢ᠂ ᠰᠤᠷᠭᠠᠵᠤ ᠬᠡᠯᠡᠭᠡᠳ ᠪᠠᠶᠢᠭ᠎ᠠ ᠶᠠᠭᠤᠮ᠎ᠠ ᠶᠢ ᠣᠶᠢᠯᠠᠭᠠᠬᠤ ᠦᠭᠡᠢ᠂ ᠪᠠᠰᠠ ᠡᠭᠦᠷᠭᠡ ᠪᠡᠨ ᠮᠡᠳᠡᠵᠦ ᠪᠤᠢ ᠠᠲᠠᠯ᠎ᠠ ᠪᠠᠨ ᠲᠡᠭᠦᠨ ᠢᠶᠡᠨ ᠪᠡᠶᠡᠯᠡᠭᠦᠯᠵᠦ ᠭᠡᠮ ᠰᠣᠭᠣᠭ ᠢᠶᠠᠨ ᠬᠠᠶᠠᠵᠤ ᠭᠡᠬᠦ ᠴᠢᠳᠠᠪᠤᠷᠢ ᠦᠭᠡᠢ ᠶᠢ ᠬᠠᠷᠠᠭᠠᠳ ᠪᠢ ᠭᠠᠰᠠᠯᠵᠤ ᠭᠤᠨᠢᠬᠠᠷᠠᠬᠤ ᠶᠤᠮ ᠳ᠋ᠠ᠃

ᠲᠡᠭᠦᠯᠳᠡᠷ ᠮᠡᠷᠭᠡᠨ ᠬᠦᠮᠦᠨ ᠲᠡᠢ ᠤᠴᠠᠷᠠᠨ᠎ᠠ ᠭᠡᠵᠦ ᠪᠣᠳᠣᠬᠤ ᠪᠠᠨ ᠪᠢ ᠪᠦᠷᠢ ᠪᠣᠯᠢᠭᠰᠠᠨ᠃ ᠪᠤᠶᠠᠨᠲᠠᠢ ᠰᠠᠶᠢᠬᠠᠨ ᠬᠦᠮᠦᠨ ᠲᠡᠢ ᠠᠭᠤᠯᠵᠠᠪᠠᠯ ᠯᠠ ᠪᠣᠯᠬᠤ ᠨᠢ ᠲᠡᠷᠡ ᠪᠣᠯᠤᠯᠲᠠᠢ᠃

ᠬᠦᠮᠦᠨ ᠶᠠᠭᠠᠬᠢ ᠪᠠᠷ ᠢᠶᠠᠨ ᠳᠥᠷᠥ ᠵᠢᠯᠤᠭᠤ ᠦᠭᠡᠢ ᠬᠡᠨᠡᠭ ᠦᠭᠡᠢ᠂ ᠦᠭᠡ ᠰᠦᠭ ᠭᠦᠢ ᠬᠤᠳᠠᠯᠴᠢ᠂ ᠢᠴᠢᠬᠦ ᠨᠢᠭᠤᠷ ᠦᠭᠡᠢ ᠰᠢᠳᠤᠷᠭᠤ ᠪᠤᠰᠤ ᠪᠠᠶᠢᠵᠤ ᠴᠢᠳᠠᠵᠤ ᠪᠠᠶᠢᠨ᠎ᠠ ᠪᠤᠢ ᠭᠡᠳᠡᠭ ᠢ ᠪᠢ ᠶᠡᠷᠦ ᠨᠢ ᠣᠶᠢᠯᠠᠭᠠᠳᠠᠭ ᠦᠭᠡᠢ ᠶᠤᠮ᠃

ᠠᠩᠬᠠᠷᠠᠭᠤᠯᠤᠨ ᠬᠡᠯᠡᠭᠰᠡᠨ ᠵᠦᠢ ᠶᠣᠰᠣᠨ ᠤ ᠰᠠᠨᠠᠭᠤᠯᠭ᠎ᠠ ᠶᠢ ᠬᠦᠯᠢᠶᠡᠵᠦ ᠠᠪᠬᠤ ᠦᠭᠡᠢ ᠪᠠᠶᠢᠵᠤ ᠶᠠᠭᠠᠬᠢᠨ ᠪᠣᠯᠬᠤ ᠪᠢᠯᠡ᠃ ᠲᠡᠭᠡᠬᠦ ᠳᠦ ᠪᠡᠨ ᠡᠨᠡ ᠳᠠᠭᠠᠤ ᠳᠤ ᠥᠪᠡᠷ ᠢᠶᠡᠨ ᠵᠠᠰᠠᠷᠠᠬᠤ ᠨᠢ ᠴᠢᠬᠤᠯᠠ᠃ ᠠᠶᠠᠲᠠᠶᠢᠬᠠᠨ ᠬᠡᠯᠡᠵᠦ ᠪᠤᠢ ᠵᠥᠪᠯᠡᠭᠡ ᠶᠢ ᠰᠣᠨᠣᠰᠤᠭᠠᠳ ᠪᠠᠶᠠᠷᠯᠠᠬᠤ ᠦᠭᠡᠢ ᠪᠠᠶᠢᠵᠤ ᠬᠡᠷᠬᠢᠨ ᠪᠣᠯᠬᠤ ᠪᠢᠯᠡ᠃ ᠲᠡᠭᠡᠬᠦ ᠳᠦ ᠪᠡᠨ ᠵᠥᠪᠯᠡᠭᠡᠨ ᠦ ᠤᠳᠬ᠎ᠠ ᠤᠴᠢᠷ ᠢ ᠰᠠᠶᠢᠨ ᠤᠯᠬᠤ ᠨᠢ ᠴᠢᠬᠤᠯᠠ᠃ ᠵᠥᠪᠰᠢᠶᠡᠷᠡᠭᠡᠳ ᠯᠠ ᠪᠠᠶᠢᠳᠠᠭ ᠠᠪᠴᠤ ᠥᠪᠡᠷ ᠢ ᠪᠡᠨ ᠵᠠᠰᠠᠳᠠᠭ ᠦᠭᠡᠢ᠂ ᠤᠳᠬ᠎ᠠ ᠤᠴᠢᠷ ᠢ ᠨᠢ ᠣᠯᠤᠭ᠎ᠠ ᠦᠭᠡᠢ ᠪᠠᠶᠢᠵᠤ ᠪᠠᠶᠠᠷᠯᠠᠴᠢᠬᠠᠳᠠᠭ ᠬᠦᠮᠦᠰ ᠲᠦ ᠪᠢ ᠲᠤᠰᠠᠯᠠᠵᠤ ᠴᠢᠳᠠᠬᠤ ᠦᠭᠡᠢ

ᠮᠡᠳᠡᠵᠦ ᠪᠤᠢ ᠬᠦᠮᠦᠨ ᠡᠷᠡᠭᠡᠯᠵᠡᠳᠡᠭ ᠦᠭᠡᠢ ᠬᠦᠮᠦᠯᠢᠭ ᠬᠦᠮᠦᠨ ᠰᠡᠳᠬᠢᠯ ᠴᠢᠯᠡᠳᠡᠭ ᠦᠭᠡᠢ ᠵᠣᠷᠢᠭᠲᠠᠢ ᠬᠦᠮᠦᠨ ᠠᠶᠤᠵᠤ ᠡᠮᠢᠶᠡᠳᠡᠭ ᠦᠭᠡᠢ᠃

ᠪᠤᠶᠠᠨᠲᠠᠢ ᠰᠠᠶᠢᠨ ᠬᠦᠮᠦᠨ ᠪᠣᠯ ᠬᠦᠨᠳᠦ ᠪᠠᠶᠢᠭ᠎ᠠ ᠪᠦᠬᠦ ᠰᠠᠶᠢᠨ ᠶᠠᠭᠤᠮ᠎ᠠ ᠨᠢ ᠢᠯᠠᠵᠤ ᠳᠡᠶᠢᠯᠬᠦ ᠳᠦ ᠲᠤᠰᠠᠯᠠᠳᠠᠭ᠃ ᠱᠠᠯᠢ ᠦᠭᠡᠢ ᠵᠢᠵᠢᠭ ᠬᠦᠮᠦᠨ ᠪᠣᠯ ᠮᠠᠭᠤ ᠶᠠᠭᠤᠮ᠎ᠠ ᠨᠢ ᠢᠯᠠᠵᠤ ᠳᠡᠶᠢᠯᠬᠦ ᠳᠦ ᠨᠥᠯᠦᠭᠡᠯᠡᠳᠡᠭ᠃

ᠴᠢ ᠬᠡᠷᠪᠡ ᠥᠪᠡᠷ ᠢᠶᠡᠨ ᠪᠡᠶ᠎ᠡ ᠪᠡᠨ ᠵᠥᠪ ᠠᠪᠴᠤ ᠶᠠᠪᠤᠵᠤ ᠪᠠᠶᠢᠭ᠎ᠠ ᠪᠣᠯ ᠴᠢᠮᠠᠢ ᠶᠠᠮᠠᠷ ᠴᠤ ᠲᠤᠰᠢᠶᠠᠯ ᠮᠤᠰᠢᠶᠠᠯ ᠬᠡᠷᠡᠭ ᠦᠭᠡᠢ ᠪᠡᠷ ᠳᠠᠭᠠᠨ᠎ᠠ᠃ ᠴᠢ ᠥᠪᠡᠷ ᠢᠶᠡᠨ ᠪᠡᠶ᠎ᠡ ᠪᠡᠨ ᠪᠤᠷᠤᠭᠤ ᠠᠪᠴᠤ ᠶᠠᠪᠤᠪᠠᠯ ᠲᠤᠰᠢᠶᠠᠵᠤ ᠠᠯᠪᠠᠳᠠᠭᠰᠠᠨ ᠴᠤ ᠲᠣᠭᠣᠬᠤ ᠦᠭᠡᠢ

ᠥᠪᠡᠷᠲᠡᠭᠡᠨ ᠬᠠᠲᠠᠭᠤ᠂ ᠪᠤᠰᠤᠳ ᠲᠤ ᠡᠨᠡᠷᠢᠯ ᠲᠡᠢ ᠪᠠᠶᠢᠪᠠᠯ ᠥᠰ ᠬᠣᠨᠵᠢᠩ ᠡᠭᠦᠰᠳᠡᠭ ᠦᠭᠡᠢ᠃

ᠰᠢᠳᠤᠷᠭᠤ ᠶᠣᠰᠣᠨ ᠤ ᠲᠤᠬᠠᠢ ᠶᠠᠷᠢᠬᠤ ᠦᠭᠡᠢ ᠪᠡᠷ ᠪᠦᠲᠦᠨ ᠡᠳᠦᠷᠵᠢᠩᠭᠡᠨ ᠰᠡᠴᠡᠷᠬᠡᠨ ᠰᠠᠭᠤᠵᠤ ᠶᠠᠭᠠᠬᠢᠨ ᠪᠣᠯᠬᠤ ᠪᠢᠯᠡ!

ᠤᠬᠠᠭᠠᠨ ᠲᠠᠢ ᠰᠡᠶᠢᠷᠡᠭ ᠬᠦᠮᠦᠨ ᠥᠪᠡᠷ ᠦᠨ ᠲᠡᠭᠦᠯᠳᠡᠷ ᠪᠤᠰᠤᠳ ᠢᠶᠠᠨ ᠯᠠ ᠰᠠᠨᠠᠭ᠎ᠠ ᠵᠣᠪᠠᠬᠤ ᠠᠴᠠ ᠪᠢᠰᠢ᠂ ᠨᠡᠶᠢᠲᠡ ᠳᠦ ᠠᠯᠳᠠᠷᠰᠢᠭᠰᠠᠨ ᠦᠭᠡᠢ ᠬᠡᠮᠡᠨ ᠬᠠᠷᠠᠭᠤᠰᠤᠨ ᠭᠣᠮᠣᠳᠠᠯᠠᠳᠠᠭ ᠦᠭᠡᠢ ᠶᠤᠮ᠃

ᠤᠬᠠᠭᠠᠨ ᠲᠠᠢ ᠰᠠᠶᠢᠨ ᠬᠦᠮᠦᠨ ᠵᠢᠵᠢᠭ ᠶᠠᠭᠤᠮᠠᠨ ᠳᠤ ᠦᠨᠡᠯᠡᠭᠳᠡᠳᠡᠭ ᠦᠭᠡᠢ ᠪᠣᠯᠪᠠᠴᠤ ᠪᠦᠬᠦᠢ ᠯᠠ ᠠᠤᠭ᠎ᠠ ᠶᠡᠬᠡ ᠶᠢ ᠬᠢᠵᠦ ᠴᠢᠳᠠᠨ᠎ᠠ᠃ ᠱᠠᠯᠢ ᠦᠭᠡᠢ ᠵᠢᠵᠢᠭ ᠬᠦᠮᠦᠨ ᠪᠦᠬᠦᠢ ᠯᠠ ᠠᠤᠭ᠎ᠠ ᠶᠡᠬᠡᠳᠡ ᠬᠦᠴᠦ ᠴᠢᠳᠠᠯ ᠦᠭᠡᠢ ᠶᠢᠨ ᠤᠴᠢᠷ ᠪᠠᠭ᠎ᠠ ᠵᠢᠵᠢᠭ ᠶᠠᠭᠤᠮᠠᠨ ᠳᠤ ᠦᠨᠡᠯᠡᠭᠳᠡᠳᠡᠭ᠃

ᠤᠬᠠᠭᠠᠨ ᠲᠠᠢ ᠰᠠᠶᠢᠨ ᠬᠦᠮᠦᠨ ᠵᠠᠷᠴᠢᠮ ᠢ ᠬᠠᠲᠠᠭᠤ ᠪᠠᠷᠢᠳᠠᠭ ᠪᠣᠯᠪᠠᠴᠤ ᠵᠥᠷᠢᠭᠦᠳᠯᠡᠳᠡᠭ ᠦᠭᠡᠢ᠃

ᠵᠠᠮ ᠠᠳᠠᠯᠢ ᠦᠭᠡᠢ ᠪᠠᠶᠢᠪᠠᠯ ᠲᠥᠯᠥᠪᠯᠡᠭᠡ ᠶᠢ ᠬᠠᠮᠲᠤᠷᠠᠨ ᠵᠣᠬᠢᠶᠠᠳᠠᠭ ᠦᠭᠡᠢ᠃

ᠢᠷᠠᠭᠤ ᠲᠣᠳᠣ ᠪᠠᠶᠢᠬᠤ ᠭᠡᠳᠡᠭ ᠶᠠᠷᠢᠶᠠᠨ ᠳᠤ ᠲᠠᠯᠪᠢᠭᠳᠠᠳᠠᠭ ᠭᠣᠣᠯ ᠱᠠᠭᠠᠷᠳᠠᠯᠭ᠎ᠠ᠃

ᠠᠰᠢᠭᠲᠠᠢ ᠲᠤᠰᠠᠲᠠᠢ ᠨᠠᠶᠢᠵᠠ ᠭᠤᠷᠪᠠ᠂ ᠬᠣᠣᠷ ᠬᠥᠨᠥᠭᠡᠯ ᠲᠡᠢ ᠨᠠᠶᠢᠵᠠ ᠪᠠᠰᠠ ᠭᠤᠷᠪᠠ ᠪᠤᠢ᠃ ᠱᠤᠳᠤᠷᠭ᠎ᠠ ᠨᠥᠬᠥᠷ᠂ ᠴᠡᠪᠡᠷ ᠴᠠᠭᠠᠨ ᠰᠡᠳᠬᠢᠯ ᠲᠡᠢ ᠨᠥᠬᠥᠷ᠂ ᠶᠡᠬᠡ ᠶᠢ ᠮᠡᠳᠡᠳᠡᠭ ᠨᠥᠬᠥᠷ ᠭᠤᠷᠪᠠ ᠠᠰᠢᠭᠲᠠᠢ᠃ ᠬᠤᠳᠠᠯ ᠢᠶᠠᠨ ᠬᠡᠯᠡᠳᠡᠭᠨᠠᠶᠢᠵᠠ᠂ ᠬᠣᠶᠠᠷ ᠨᠢᠭᠤᠷ ᠭᠠᠷᠭᠠᠳᠠᠭ ᠨᠠᠶᠢᠵᠠ᠂ ᠰᠠᠶᠢᠬᠠᠨ ᠶᠠᠷᠢᠳᠠᠭ ᠨᠠᠶᠢᠵᠠ ᠭᠤᠷᠪᠠ ᠬᠣᠣᠷ ᠲᠠᠢ᠃

ᠤᠬᠠᠭᠠᠨ ᠲᠠᠢ ᠰᠡᠶᠢᠷᠡᠭ ᠬᠦᠮᠦᠨ ᠭᠤᠷᠪᠠᠨ ᠴᠡᠭᠡᠷ ᠢ ᠪᠠᠷᠢᠳᠠᠭ᠃ ᠠᠮᠢᠰᠬᠤᠯ᠂ ᠴᠢᠰᠤ ᠨᠢ ᠬᠠᠯᠠᠭᠤᠨ ᠪᠤᠢ ᠪᠠᠭ᠎ᠠ ᠵᠠᠯᠠᠭᠤ ᠨᠠᠰᠤᠨ ᠳᠤ ᠪᠠᠨ ᠬᠣᠷᠮᠣᠢ ᠶᠢᠨ ᠴᠡᠩᠭᠡᠯ ᠡᠴᠡ ᠵᠠᠶᠢᠯᠠᠰᠬᠢᠳᠡᠭ᠃ ᠠᠮᠢᠰᠬᠤᠯ᠂ ᠴᠢᠰᠤ ᠨᠢ ᠬᠦᠴᠦᠲᠡᠢ ᠪᠤᠢ ᠢᠳᠡᠷ ᠨᠠᠰᠤᠨ ᠳᠤ ᠪᠠᠨ ᠬᠡᠷᠡᠭᠦᠯ ᠮᠠᠷᠭᠤᠭᠠᠨ ᠠᠴᠠ ᠵᠠᠶᠢᠯᠠᠰᠬᠢᠳᠡᠭ᠃ ᠠᠮᠢᠰᠬᠤᠯ᠂ ᠴᠢᠰᠤ ᠨᠢ ᠰᠤᠯᠠᠷᠠᠭᠰᠠᠨ ᠥᠲᠡᠯ᠎ᠡ ᠨᠠᠰᠤᠨ ᠳᠤ ᠪᠠᠨ ᠬᠣᠮᠣᠬᠠᠢ ᠶᠢᠨ ᠰᠢᠨᠤᠯ ᠠᠴᠠ ᠵᠠᠶᠢᠯᠠᠰᠬᠢᠳᠡᠭ᠃

ᠤᠬᠠᠭᠠᠨ ᠲᠠᠢ ᠰᠡᠶᠢᠷᠡᠭ ᠬᠦᠮᠦᠨ ᠶᠢᠰᠦᠨ ᠪᠣᠳᠣᠯ ᠢᠶᠠᠷ ᠴᠡᠨᠡᠳᠡᠭ᠃ ᠠᠵᠢᠭᠡᠯᠡᠨ ᠬᠠᠷᠠᠵᠤ ᠪᠤᠢ ᠦᠶᠡᠳᠡᠭᠡ ᠯᠠᠪ ᠲᠣᠳᠣ ᠬᠠᠷᠠᠪᠠ ᠤᠤ ᠭᠡᠵᠦ ᠪᠣᠳᠣᠳᠠᠭ᠃ ᠰᠣᠨᠣᠰᠤᠨ ᠪᠠᠶᠢᠭ᠎ᠠ ᠦᠶᠡᠳᠡᠭᠡ ᠪᠠᠲᠤ ᠵᠥᠪ ᠰᠤᠨᠤᠰᠪᠠ ᠤᠤ ᠭᠡᠵᠦ ᠪᠣᠳᠣᠳᠠᠭ᠃ ᠴᠢᠷᠠᠶᠢᠨ ᠤ ᠢᠯᠡᠷᠡᠯ ᠮᠢᠨᠢ ᠵᠥᠪ ᠪᠠᠶᠢᠨ᠎ᠠ ᠤᠤ᠂ ᠶᠠᠷᠢᠶ᠎ᠠ ᠮᠢᠨᠢ ᠢᠯᠡᠨ ᠳᠠᠯᠠᠩ ᠦᠭᠡᠢ ᠪᠠᠶᠢᠨ᠎ᠠ ᠤᠤ᠂ ᠠᠵᠢᠯ ᠬᠡᠷᠡᠭᠲᠦ ᠪᠡᠨ ᠵᠥᠪ ᠵᠦᠢᠲᠡᠢ ᠬᠠᠨᠳᠤᠪᠠ ᠤᠤ ᠭᠡᠵᠦ ᠲᠡᠷᠡᠪᠡᠷ ᠢᠮᠠᠭᠲᠠ ᠪᠣᠳᠣᠳᠠᠭ᠃ ᠲᠡᠷᠡᠪᠡᠷ ᠡᠷᠡᠭᠡᠯᠵᠡᠵᠦ ᠪᠠᠶᠢᠭ᠎ᠠ ᠪᠣᠯ ᠵᠥᠪᠯᠡᠯᠳᠦᠬᠦ ᠲᠤᠬᠠᠢ ᠳᠤ ᠪᠣᠳᠣᠳᠠᠭ᠃ ᠠᠭᠤᠷᠠᠭᠰᠠᠨ ᠬᠡᠯᠡᠭᠡᠨᠡᠵᠦ ᠪᠤᠢ ᠪᠣᠯ ᠮᠠᠭᠤ ᠦᠷ᠎ᠡ ᠳᠠᠭᠠᠪᠤᠷᠢ ᠶᠢᠨ ᠲᠤᠬᠠᠢ ᠳᠤ ᠪᠣᠳᠣᠳᠠᠭ᠃ ᠶᠠᠮᠠᠷ ᠨᠢᠭᠡᠨ ᠶᠠᠭᠤᠮ᠎ᠠ ᠬᠢᠬᠦ ᠶᠢᠨ ᠢᠶᠡᠨ ᠡᠮᠦᠨ᠎ᠡ ᠰᠢᠳᠤᠷᠭᠤ ᠶᠣᠰᠣᠨ ᠤ ᠲᠤᠬᠠᠢ ᠪᠣᠳᠣᠳᠠᠭ᠃

ᠬᠠᠮᠤᠭ ᠤᠨ ᠳᠡᠭᠡᠳᠦ ᠮᠡᠷᠭᠡᠨ ᠤᠬᠠᠭᠠᠨ᠂ ᠬᠠᠮᠤᠭ ᠤᠨ ᠶᠡᠬᠡ ᠲᠡᠨᠡᠭ ᠶᠠᠪᠤᠳᠠᠯ ᠬᠣᠶᠠᠷ ᠬᠡᠵᠢᠶ᠎ᠡ ᠴᠤ ᠦᠯᠦ ᠥᠭᠡᠷᠡᠴᠢᠯᠡᠭᠳᠡᠮᠦ᠃

ᠴᠤᠤᠷᠬᠠᠯ ᠲᠠᠷᠠᠭᠠᠵᠤ ᠪᠤᠢ ᠬᠦᠮᠦᠨ ᠰᠠᠶᠢᠨ ᠦᠢᠯᠡ ᠶᠢ ᠭᠡᠭᠡᠭᠰᠡᠨ ᠪᠠᠶᠢᠳᠠᠭ᠃

ᠱᠠᠯᠢ ᠦᠭᠡᠢ ᠮᠠᠭᠤ ᠬᠦᠮᠦᠨ ᠲᠡᠢ ᠬᠠᠮᠲᠤ ᠡᠵᠡᠨ ᠳᠦ ᠵᠢᠳᠬᠦᠵᠦ ᠬᠡᠷᠬᠢᠨ ᠪᠣᠯᠬᠤ ᠪᠢᠯᠡ? ᠱᠠᠯᠢ ᠦᠭᠡᠢ ᠮᠠᠭᠤ ᠬᠦᠮᠦᠨ ᠪᠣᠯ ᠵᠣᠷᠢᠯᠭ᠎ᠠ ᠳᠤ ᠪᠠᠨ ᠬᠠᠷᠠᠬᠠᠨ ᠬᠦᠷᠢᠶ᠎ᠡ ᠭᠦᠢ ᠪᠠᠶᠢᠬᠤ ᠳᠤ ᠪᠠᠨ ᠵᠥᠪᠬᠡᠨ ᠲᠡᠭᠦᠨ ᠳᠦ ᠪᠡᠨ ᠯᠠ ᠬᠦᠷᠬᠦ ᠭᠡᠵᠦ ᠵᠣᠪᠠᠵᠤ ᠰᠢᠨᠠᠯᠤᠨ ᠵᠢᠳᠬᠦᠳᠡᠭ᠃ ᠵᠣᠷᠢᠭᠰᠠᠨ ᠳᠤ ᠪᠠᠨ ᠬᠦᠷᠴᠢᠬᠡᠪᠡᠯ ᠲᠡᠨᠳᠡ ᠪᠡᠨ ᠲᠣᠭᠲᠠᠵᠤ ᠲᠡᠰᠴᠦ ᠪᠠᠶᠢᠬᠤ ᠭᠡᠵᠦ ᠰᠢᠨᠠᠯᠳᠠᠭ᠃ ᠣᠯᠤᠭᠰᠠᠨ ᠢᠶᠠᠨ ᠠᠯᠳᠠᠴᠢᠬᠤ ᠦᠭᠡᠢ ᠶᠤᠮᠰᠠᠨ ᠭᠡᠵᠦ ᠵᠣᠪᠠᠵᠤ ᠴᠢᠨᠠᠯᠬᠤ ᠳᠤ ᠪᠠᠨ ᠲᠡᠷᠡᠪᠡᠷ ᠶᠠᠮᠠᠷ ᠴᠤ ᠮᠠᠭᠤ ᠶᠠᠭᠤᠮ᠎ᠠ ᠬᠢᠬᠦ ᠳᠦ ᠪᠡᠯᠡᠨ ᠪᠠᠶᠢᠳᠠᠭ᠃

ᠱᠠᠯᠢ ᠦᠭᠡᠢ ᠵᠢᠵᠢᠭ ᠬᠦᠮᠦᠨ ᠠᠯᠳᠠᠭ᠎ᠠ ᠭᠠᠷᠭᠠᠴᠢᠬᠠᠪᠠᠯ ᠢᠮᠠᠭᠲᠠ ᠥᠪᠡᠷ ᠢ ᠪᠡᠨ ᠴᠠᠶᠢᠷᠠᠭᠤᠯᠤᠨ ᠵᠥᠪᠲᠦᠭᠡᠬᠦ ᠭᠡᠵᠦ ᠣᠷᠣᠯᠳᠤᠯᠭ᠃

ᠬᠣᠷᠸ᠎ᠠ ᠳᠡᠭᠡᠷ᠎ᠡ ᠪᠢ ᠶᠠᠮᠠᠷ ᠴᠤ ᠮᠡᠳᠡᠯᠭᠡ ᠲᠡᠢ ᠲᠥᠷᠥᠭᠡ ᠭᠦᠢ᠃ ᠮᠡᠳᠡᠬᠦ ᠦᠭᠡᠢ ᠲᠡᠷᠡ ᠪᠦᠬᠦᠨ ᠢᠶᠡᠨ ᠪᠢ ᠭᠠᠭᠴᠠᠬᠦ ᠦᠨᠡᠨ ᠮᠥᠨ ᠦ ᠲᠤᠰᠠ ᠳᠡᠮ ᠢᠶᠡᠷ ᠲᠠᠨᠢᠵᠤ ᠠᠪᠤᠭᠰᠠᠨ᠃ ᠨᠣᠶᠠᠨ ᠨᠢᠷᠤᠭᠤ ᠲᠠᠢ ᠡᠷ᠎ᠡ ᠬᠦᠮᠦᠨ ᠦ ᠶᠣᠰᠣ ᠰᠤᠷᠲᠠᠬᠤᠨ ᠰᠠᠯᠬᠢ ᠮᠡᠲᠦ᠂ ᠳᠣᠣᠷ᠎ᠠ ᠳᠤ ᠰᠤᠷᠲᠠᠯ ᠲᠠᠢ ᠬᠦᠮᠦᠨ ᠦ ᠠᠪᠤᠷᠢ ᠡᠪᠡᠰᠦ ᠮᠡᠲᠦ᠃ ᠰᠠᠯᠬᠢ ᠬᠠᠮᠢᠭ᠎ᠠ ᠠᠴᠠ ᠪᠠᠶᠢᠨ᠎ᠠ᠂ ᠲᠡᠷᠡ ᠵᠦᠭ ᠲᠤ ᠡᠪᠡᠰᠦ ᠬᠠᠮᠢᠭᠠᠰᠢ ᠪᠠᠨ ᠴᠤ ᠬᠠᠮᠢᠶ᠎ᠠ ᠦᠭᠡᠢ ᠲᠣᠩᠭᠣᠯᠵᠠᠵᠤ ᠪᠠᠶᠢᠳᠠᠭ᠃ ᠠᠷᠢᠭᠤᠨ ᠰᠤᠷᠲᠠᠯᠲᠤ ᠡᠷ᠎ᠡ ᠬᠦᠮᠦᠨ ᠶᠣᠰᠣ ᠵᠦᠢ ᠶᠢ ᠰᠠᠨᠠᠵᠤ ᠶᠠᠪᠤᠳᠠᠭ᠂ ᠳᠣᠣᠷ᠎ᠠ ᠳᠤ ᠬᠦᠮᠦᠨ ᠶᠠᠭᠠᠬᠢᠪᠠᠯ ᠰᠠᠶᠢᠬᠠᠨ ᠠᠮᠢ ᠵᠤᠤᠬ᠎ᠠ ᠪᠠᠨ ᠯᠠ ᠪᠣᠳᠣᠳᠠᠭ᠃ ᠠᠷᠢᠭᠤᠨ ᠰᠤᠷᠲᠠᠯᠲᠤ ᠡᠷ᠎ᠡ ᠬᠦᠮᠦᠨ ᠬᠠᠤᠯᠢ ᠵᠥᠷᠢᠴᠡᠬᠦ ᠦᠭᠡᠢ ᠢ ᠪᠣᠳᠣᠳᠠᠭ᠂ ᠳᠣᠣᠷ᠎ᠠ ᠳᠤ ᠬᠦᠮᠦᠨ ᠠᠰᠢᠭ ᠣᠯᠬᠤ ᠪᠠᠨ ᠯᠠ ᠪᠣᠳᠣᠳᠠᠭ᠃ ᠴᠢ ᠥᠪᠡᠷᠲᠡᠭᠡᠨ ᠪᠤᠤ ᠤᠴᠠᠷᠠᠭᠠᠰᠠᠢ ᠭᠡᠵᠦ ᠪᠣᠳᠣᠳᠠᠭ ᠵᠦᠢᠯ ᠢᠶᠡᠨ ᠪᠤᠰᠤᠳ ᠲᠤ ᠪᠤᠤ ᠤᠴᠠᠷᠠᠭᠤᠯ᠃ ᠤᠤ ᠶᠠᠷᠢᠵᠤ ᠪᠤᠢ ᠶᠢ ᠨᠢ ᠮᠡᠳᠡᠬᠦ ᠦᠭᠡᠢ ᠪᠡᠷ ᠬᠦᠮᠦᠰ ᠢ ᠲᠠᠨᠢᠬᠤ ᠠᠷᠭ᠎ᠠ ᠪᠠᠶᠢᠬᠤ ᠦᠭᠡᠢ᠃ ᠥᠯᠥᠪᠦᠷᠴᠢ ᠦᠬᠦᠨ᠎ᠡ ᠭᠡᠳᠡᠭ ᠪᠣᠯ ᠪᠠᠭ᠎ᠠ ᠬᠡᠷᠡᠭ᠂ ᠶᠣᠰᠣ ᠲᠥᠷᠥ ᠪᠡᠨ ᠤᠯᠠᠨ ᠳᠤ ᠪᠠᠨ ᠭᠢᠰᠭᠢᠬᠦ ᠯᠠ ᠲᠤᠩ ᠮᠠᠭᠤ ᠬᠡᠷᠡᠭ᠃ ᠶᠣᠰᠣ ᠵᠦᠢ ᠲᠡᠢ ᠬᠦᠮᠦᠨ ᠤᠬᠠᠭᠠᠯᠢᠭ ᠶᠠᠷᠢᠵᠤ ᠴᠢᠳᠠᠳᠠᠭ᠃ ᠳᠥᠴᠢᠨ ᠨᠠᠰᠤ ᠬᠦᠷᠦᠭᠰᠡᠨ ᠮᠥᠷᠲᠡᠯ᠎ᠡ ᠲᠠᠭ᠎ᠠ ᠦᠭᠡᠢ ᠰᠡᠳᠬᠢᠭᠳᠡᠯ ᠲᠥᠷᠦᠭᠦᠯᠳᠡᠭ ᠬᠦᠮᠦᠨ ᠪᠣᠯ ᠨᠢᠭᠡᠨᠲᠡ ᠳᠠᠭᠤᠰᠤᠭᠰᠠᠨ ᠬᠦᠮᠦᠨ᠃ ᠰᠢᠳᠤᠷᠭᠤ ᠬᠦᠮᠦᠨ ᠪᠤᠰᠤᠳ ᠤᠨ ᠮᠥᠷ ᠢᠶᠡᠷ ᠶᠠᠪᠤᠳᠠᠭ ᠦᠭᠡᠢ᠃ ᠥᠪᠡᠷᠲᠡᠭᠡᠨ ᠬᠠᠲᠠᠭᠤ ᠪᠤᠰᠤᠳ ᠲᠤ ᠵᠥᠭᠡᠯᠡᠨ ᠪᠠᠢ᠃ ᠲᠡᠭᠡᠵᠦ ᠪᠠᠶᠢᠵᠤ ᠯᠠ ᠴᠢ ᠬᠦᠮᠦᠰ ᠦᠨ ᠵᠦᠭ ᠡᠴᠡ ᠤᠴᠠᠷᠠᠬᠤ ᠬᠣᠣᠷ ᠠᠴᠠ ᠰᠡᠷᠭᠡᠶᠢᠯᠡᠵᠦ ᠴᠢᠳᠠᠨ᠎ᠠ᠃ ᠬᠦᠮᠦᠨ ᠯᠠ ᠵᠠᠮ ᠢ ᠥᠷᠭᠡᠰᠬᠡᠳᠡᠭ᠃ ᠬᠠᠷᠢᠨ ᠵᠠᠮ ᠬᠦᠮᠦᠨ ᠢ ᠪᠢᠰᠢ ᠰᠢᠦ᠃ ᠮᠤᠩᠬᠠᠭ ᠬᠦᠮᠦᠨ ᠥᠪᠡᠷ ᠢ ᠨᠢ ᠣᠶᠢᠯᠠᠭᠠᠬᠤ ᠦᠭᠡᠢ ᠪᠠᠶᠢᠨ᠎ᠠ ᠭᠡᠵᠦ ᠭᠣᠮᠣᠳᠠᠯᠯᠠᠳᠠᠭ᠃ ᠤᠬᠠᠭᠠᠨ ᠲᠠᠢ ᠬᠦᠮᠦᠨ ᠪᠣᠯ ᠡᠰᠡᠷᠭᠦ ᠪᠡᠷ᠂ ᠬᠦᠮᠦᠰ ᠲᠦ ᠣᠶᠢᠯᠠᠭᠠᠭᠤᠯᠵᠤ ᠴᠢᠳᠠᠬᠤ ᠦᠭᠡᠢ ᠪᠠᠶᠢᠭ᠎ᠠ ᠳᠤ ᠪᠠᠨ ᠬᠠᠷᠠᠮᠰᠠᠳᠠᠭ᠃ ᠮᠡᠷᠭᠡᠨ ᠤᠬᠠᠭᠠᠨ ᠳᠤ ᠬᠠᠮᠤᠭ ᠤᠨ ᠣᠶᠢᠷᠠᠬᠠᠨ ᠴᠡᠭ ᠪᠣᠯ ᠠᠯᠢᠪᠠ ᠶᠠᠭᠤᠮᠠᠨ ᠤ ᠠᠯᠲᠠᠨ ᠳᠤᠮᠳᠠᠴᠢ ᠶᠤᠮ᠃ ᠲᠡᠭᠦᠨ ᠳᠦ ᠬᠦᠷᠬᠦ ᠦᠭᠡᠢ ᠪᠠᠶᠢᠨ᠎ᠠ ᠭᠡᠳᠡᠭ ᠨᠢ ᠲᠡᠭᠦᠨ ᠳᠦ ᠳᠠᠭᠠᠷᠢᠭᠠᠳ ᠠᠩᠵᠠᠭᠠᠷᠠᠯ ᠦᠭᠡᠢ ᠥᠩᠭᠡᠷᠡᠭᠡᠳ ᠶᠠᠪᠤᠴᠢᠬᠤ ᠲᠠᠢ ᠠᠳᠠᠯᠢᠬᠠᠨ᠃ ᠬᠡᠨ ᠨᠢᠭᠡᠨ ᠦ ᠤᠬᠠᠭᠠᠨ ᠢ ᠪᠤᠰᠤᠳ ᠤᠨ ᠤᠬᠠᠭᠠᠨ ᠲᠠᠢ ᠬᠠᠷᠢᠴᠠᠭᠤᠯᠵᠤ ᠪᠣᠯᠤᠨ᠎ᠠ᠃ ᠬᠠᠷᠢᠨ ᠬᠦᠮᠦᠨ ᠦ ᠲᠡᠨᠡᠭ ᠢ ᠥᠭᠡᠷ᠎ᠡ ᠬᠡᠨ ᠦ ᠴᠤ ᠲᠡᠨᠡᠭᠯᠡᠯ ᠲᠡᠢ ᠵᠢᠱᠢᠨ ᠬᠠᠷᠢᠴᠠᠭᠤᠯᠬᠤ ᠶᠢᠨ ᠠᠷᠭ᠎ᠠ ᠦᠭᠡᠢ᠃ ᠡᠮᠡᠭᠲᠡᠶᠢᠴᠦᠳ ᠬᠢᠭᠡᠳ ᠳᠣᠣᠷ᠎ᠠ ᠳᠤ ᠡᠷᠡᠴᠦᠳ ᠲᠡᠢ ᠬᠠᠷᠢᠴᠠᠬᠤ ᠲᠤᠩ ᠬᠡᠴᠡᠭᠦᠦ᠃ ᠬᠡᠷᠪᠡ ᠲᠡᠳᠡᠨ ᠲᠡᠢ ᠣᠶᠢᠷᠠᠳᠤᠨ ᠳᠣᠲᠣᠨᠣᠰᠬᠤ ᠶᠤᠮ ᠪᠣᠯ᠂ ᠦᠭᠡ ᠶᠢ ᠴᠢᠨᠢ ᠰᠣᠨᠣᠰᠬᠤ ᠪᠠᠨ ᠪᠣᠯᠢᠨ᠎ᠠ᠃ ᠬᠣᠯᠠᠳᠬᠤ ᠶᠤᠮ ᠪᠣᠯ᠂ ᠲᠡᠳᠡᠨ ᠦ ᠵᠦᠭ ᠡᠴᠡ ᠴᠢᠮᠠᠢ ᠵᠠᠶᠢᠯᠠᠰᠢ ᠦᠭᠡᠢ ᠦᠵᠡᠨ ᠶᠠᠳᠠᠬᠤ ᠪᠣᠯᠤᠨ᠎ᠠ᠃ ᠳᠤᠮᠳᠠᠴᠢ ᠬᠦᠮᠦᠨ ᠡᠴᠡ ᠳᠡᠭᠡᠭᠰᠢ ᠪᠡᠨ ᠭᠠᠷᠤᠭᠰᠠᠨ ᠬᠦᠮᠦᠨ ᠲᠡᠢ ᠳᠡᠭᠡᠳᠦ ᠶᠠᠭᠤᠮᠠᠨ ᠤ ᠲᠤᠬᠠᠢ ᠶᠠᠷᠢᠵᠤ ᠪᠣᠯᠤᠨ᠎ᠠ ᠬᠠᠷᠢᠨ ᠳᠤᠮᠳᠠᠴᠢ ᠠᠴᠠ ᠳᠣᠣᠭᠤᠷᠬᠢ ᠲᠠᠢ ᠳᠡᠭᠡᠳᠦ ᠶᠠᠭᠤᠮᠠᠨ ᠤ ᠲᠤᠬᠠᠢ ᠶᠠᠷᠢᠵᠤ ᠪᠣᠯᠬᠤ ᠦᠭᠡᠢ᠃ ᠬᠦᠮᠦᠰ ᠵᠠᠩ ᠠᠪᠢᠷ ᠢᠶᠠᠨ ᠵᠠᠰᠠᠵᠤ ᠰᠠᠶᠢᠵᠢᠷᠭᠠᠭᠤᠯᠬᠤ ᠦᠭᠡᠢ᠂ ᠰᠤᠷᠭᠠᠵᠤ ᠬᠡᠯᠡᠭᠡᠳ ᠪᠠᠶᠢᠭ᠎ᠠ ᠶᠠᠭᠤᠮ᠎ᠠ ᠶᠢ ᠣᠶᠢᠯᠠᠭᠠᠬᠤ ᠦᠭᠡᠢ᠂ ᠪᠠᠰᠠ ᠡᠭᠦᠷᠭᠡ ᠪᠡᠨ ᠮᠡᠳᠡᠵᠦ ᠪᠤᠢ ᠠᠲᠠᠯ᠎ᠠ ᠪᠠᠨ ᠲᠡᠭᠦᠨ ᠢᠶᠡᠨ ᠪᠡᠶᠡᠯᠡᠭᠦᠯᠵᠦ ᠭᠡᠮ ᠰᠣᠭᠣᠭ ᠢᠶᠠᠨ ᠬᠠᠶᠠᠵᠤ ᠭᠡᠬᠦ ᠴᠢᠳᠠᠪᠤᠷᠢ ᠦᠭᠡᠢ ᠶᠢ ᠬᠠᠷᠠᠭᠠᠳ ᠪᠢ ᠭᠠᠰᠠᠯᠵᠤ ᠭᠤᠨᠢᠬᠠᠷᠠᠬᠤ ᠶᠤᠮ ᠳ᠋ᠠ᠃ ᠲᠡᠭᠦᠯᠳᠡᠷ ᠮᠡᠷᠭᠡᠨ ᠬᠦᠮᠦᠨ ᠲᠡᠢ ᠤᠴᠠᠷᠠᠨ᠎ᠠ ᠭᠡᠵᠦ ᠪᠣᠳᠣᠬᠤ ᠪᠠᠨ ᠪᠢ ᠪᠦᠷᠢ ᠪᠣᠯᠢᠭᠰᠠᠨ᠃ ᠪᠤᠶᠠᠨᠲᠠᠢ ᠰᠠᠶᠢᠬᠠᠨ ᠬᠦᠮᠦᠨ ᠲᠡᠢ ᠠᠭᠤᠯᠵᠠᠪᠠᠯ ᠯᠠ ᠪᠣᠯᠬᠤ ᠨᠢ ᠲᠡᠷᠡ ᠪᠣᠯᠤᠯᠲᠠᠢ᠃ ᠬᠦᠮᠦᠨ ᠶᠠᠭᠠᠬᠢ ᠪᠠᠷ ᠢᠶᠠᠨ ᠳᠥᠷᠥ ᠵᠢᠯᠤᠭᠤ ᠦᠭᠡᠢ ᠬᠡᠨᠡᠭ ᠦᠭᠡᠢ᠂ ᠦᠭᠡ ᠰᠦᠭ ᠭᠦᠢ ᠬᠤᠳᠠᠯᠴᠢ᠂ ᠢᠴᠢᠬᠦ ᠨᠢᠭᠤᠷ ᠦᠭᠡᠢ ᠰᠢᠳᠤᠷᠭᠤ ᠪᠤᠰᠤ ᠪᠠᠶᠢᠵᠤ ᠴᠢᠳᠠᠵᠤ ᠪᠠᠶᠢᠨ᠎ᠠ ᠪᠤᠢ ᠭᠡᠳᠡᠭ ᠢ ᠪᠢ ᠶᠡᠷᠦ ᠨᠢ ᠣᠶᠢᠯᠠᠭᠠᠳᠠᠭ ᠦᠭᠡᠢ ᠶᠤᠮ᠃

ᠠᠩᠬᠠᠷᠠᠭᠤᠯᠤᠨ ᠬᠡᠯᠡᠭᠰᠡᠨ ᠵᠦᠢ ᠶᠣᠰᠣᠨ ᠤ ᠰᠠᠨᠠᠭᠤᠯᠭ᠎ᠠ ᠶᠢ ᠬᠦᠯᠢᠶᠡᠵᠦ ᠠᠪᠬᠤ ᠦᠭᠡᠢ ᠪᠠᠶᠢᠵᠤ ᠶᠠᠭᠠᠬᠢᠨ ᠪᠣᠯᠬᠤ ᠪᠢᠯᠡ᠃
ᠲᠡᠭᠡᠬᠦ ᠳᠦ ᠪᠡᠨ ᠡᠨᠡ ᠳᠠᠭᠠᠤ ᠳᠤ ᠥᠪᠡᠷ ᠢᠶᠡᠨ ᠵᠠᠰᠠᠷᠠᠬᠤ ᠨᠢ ᠴᠢᠬᠤᠯᠠ᠃ 

ᠠᠶᠠᠲᠠᠶᠢᠬᠠᠨ ᠬᠡᠯᠡᠵᠦ ᠪᠤᠢ ᠵᠥᠪᠯᠡᠭᠡ ᠶᠢ ᠰᠣᠨᠣᠰᠤᠭᠠᠳ ᠪᠠᠶᠠᠷᠯᠠᠬᠤ ᠦᠭᠡᠢ ᠪᠠᠶᠢᠵᠤ ᠬᠡᠷᠬᠢᠨ ᠪᠣᠯᠬᠤ ᠪᠢᠯᠡ᠃ ᠲᠡᠭᠡᠬᠦ ᠳᠦ ᠪᠡᠨ ᠵᠥᠪᠯᠡᠭᠡᠨ ᠦ ᠤᠳᠬ᠎ᠠ ᠤᠴᠢᠷ ᠢ ᠰᠠᠶᠢᠨ ᠤᠯᠬᠤ ᠨᠢ ᠴᠢᠬᠤᠯᠠ᠃ ᠵᠥᠪᠰᠢᠶᠡᠷᠡᠭᠡᠳ ᠯᠠ ᠪᠠᠶᠢᠳᠠᠭ ᠠᠪᠴᠤ ᠥᠪᠡᠷ ᠢ ᠪᠡᠨ ᠵᠠᠰᠠᠳᠠᠭ ᠦᠭᠡᠢ᠂ ᠤᠳᠬ᠎ᠠ ᠤᠴᠢᠷ ᠢ ᠨᠢ ᠣᠯᠤᠭ᠎ᠠ ᠦᠭᠡᠢ ᠪᠠᠶᠢᠵᠤ ᠪᠠᠶᠠᠷᠯᠠᠴᠢᠬᠠᠳᠠᠭ ᠬᠦᠮᠦᠰ ᠲᠦ ᠪᠢ ᠲᠤᠰᠠᠯᠠᠵᠤ ᠴᠢᠳᠠᠬᠤ ᠦᠭᠡᠢ ᠮᠡᠳᠡᠵᠦ ᠪᠤᠢ ᠬᠦᠮᠦᠨ ᠡᠷᠡᠭᠡᠯᠵᠡᠳᠡᠭ ᠦᠭᠡᠢ ᠬᠦᠮᠦᠯᠢᠭ ᠬᠦᠮᠦᠨ ᠰᠡᠳᠬᠢᠯ ᠴᠢᠯᠡᠳᠡᠭ ᠦᠭᠡᠢ ᠵᠣᠷᠢᠭᠲᠠᠢ ᠬᠦᠮᠦᠨ ᠠᠶᠤᠵᠤ ᠡᠮᠢᠶᠡᠳᠡᠭ ᠦᠭᠡᠢ᠃ ᠪᠤᠶᠠᠨᠲᠠᠢ ᠰᠠᠶᠢᠨ ᠬᠦᠮᠦᠨ ᠪᠣᠯ ᠬᠦᠨᠳᠦ ᠪᠠᠶᠢᠭ᠎ᠠ ᠪᠦᠬᠦ ᠰᠠᠶᠢᠨ ᠶᠠᠭᠤᠮ᠎ᠠ ᠨᠢ ᠢᠯᠠᠵᠤ ᠳᠡᠶᠢᠯᠬᠦ ᠳᠦ ᠲᠤᠰᠠᠯᠠᠳᠠᠭ᠃ ᠱᠠᠯᠢ ᠦᠭᠡᠢ ᠵᠢᠵᠢᠭ ᠬᠦᠮᠦᠨ ᠪᠣᠯᠮᠠᠭᠤ ᠶᠠᠭᠤᠮ᠎ᠠ ᠨᠢ ᠢᠯᠠᠵᠤ ᠳᠡᠶᠢᠯᠬᠦ ᠳᠦ ᠨᠥᠯᠦᠭᠡᠯᠡᠳᠡᠭ᠃ ᠴᠢ ᠬᠡᠷᠪᠡ ᠥᠪᠡᠷ ᠢᠶᠡᠨ ᠪᠡᠶ᠎ᠡ ᠪᠡᠨ ᠵᠥᠪ ᠠᠪᠴᠤ ᠶᠠᠪᠤᠵᠤ ᠪᠠᠶᠢᠭ᠎ᠠ ᠪᠣᠯ ᠴᠢᠮᠠᠢ ᠶᠠᠮᠠᠷ ᠴᠤ ᠲᠤᠰᠢᠶᠠᠯ ᠮᠤᠰᠢᠶᠠᠯ ᠬᠡᠷᠡᠭ ᠦᠭᠡᠢ ᠪᠡᠷ ᠳᠠᠭᠠᠨ᠎ᠠ᠃ ᠴᠢ ᠥᠪᠡᠷ ᠢᠶᠡᠨ ᠪᠡᠶ᠎ᠡ ᠪᠡᠨ ᠪᠤᠷᠤᠭᠤ ᠠᠪᠴᠤ ᠶᠠᠪᠤᠪᠠᠯ ᠲᠤᠰᠢᠶᠠᠵᠤ ᠠᠯᠪᠠᠳᠠᠭᠰᠠᠨ ᠴᠤ ᠲᠣᠭᠣᠬᠤ ᠦᠭᠡᠢ ᠥᠪᠡᠷᠲᠡᠭᠡᠨ ᠬᠠᠲᠠᠭᠤ᠂ ᠪᠤᠰᠤᠳ ᠲᠤ ᠡᠨᠡᠷᠢᠯ ᠲᠡᠢ ᠪᠠᠶᠢᠪᠠᠯ ᠥᠰ ᠬᠣᠨᠵᠢᠩ ᠡᠭᠦᠰᠳᠡᠭ ᠦᠭᠡᠢ᠃ ᠰᠢᠳᠤᠷᠭᠤ ᠶᠣᠰᠣᠨ ᠤ ᠲᠤᠬᠠᠢ ᠶᠠᠷᠢᠬᠤ ᠦᠭᠡᠢ ᠪᠡᠷ ᠪᠦᠲᠦᠨ ᠡᠳᠦᠷᠵᠢᠩᠭᠡᠨ ᠰᠡᠴᠡᠷᠬᠡᠨ ᠰᠠᠭᠤᠵᠤ ᠶᠠᠭᠠᠬᠢᠨ ᠪᠣᠯᠬᠤ ᠪᠢᠯᠡ! ᠤᠬᠠᠭᠠᠨ ᠲᠠᠢ ᠰᠡᠶᠢᠷᠡᠭ ᠬᠦᠮᠦᠨ ᠥᠪᠡᠷ ᠦᠨ ᠲᠡᠭᠦᠯᠳᠡᠷ ᠪᠤᠰᠤᠳ ᠢᠶᠠᠨ ᠯᠠ ᠰᠠᠨᠠᠭ᠎ᠠ ᠵᠣᠪᠠᠬᠤ ᠠᠴᠠ ᠪᠢᠰᠢ᠂ ᠨᠡᠶᠢᠲᠡ ᠳᠦ ᠠᠯᠳᠠᠷᠰᠢᠭᠰᠠᠨ ᠦᠭᠡᠢ ᠬᠡᠮᠡᠨ ᠬᠠᠷᠠᠭᠤᠰᠤᠨ ᠭᠣᠮᠣᠳᠠᠯᠠᠳᠠᠭ ᠦᠭᠡᠢ ᠶᠤᠮ᠃ ᠤᠬᠠᠭᠠᠨ ᠲᠠᠢ ᠰᠠᠶᠢᠨ ᠬᠦᠮᠦᠨ ᠵᠢᠵᠢᠭ ᠶᠠᠭᠤᠮᠠᠨ ᠳᠤ ᠦᠨᠡᠯᠡᠭᠳᠡᠳᠡᠭ ᠦᠭᠡᠢ ᠪᠣᠯᠪᠠᠴᠤ ᠪᠦᠬᠦᠢ ᠯᠠ ᠠᠤᠭ᠎ᠠ ᠶᠡᠬᠡ ᠶᠢ ᠬᠢᠵᠦ ᠴᠢᠳᠠᠨ᠎ᠠ᠃ ᠱᠠᠯᠢ ᠦᠭᠡᠢ ᠵᠢᠵᠢᠭ ᠬᠦᠮᠦᠨ ᠪᠦᠬᠦᠢ ᠯᠠ ᠠᠤᠭ᠎ᠠ ᠶᠡᠬᠡᠳᠡ ᠬᠦᠴᠦ ᠴᠢᠳᠠᠯ ᠦᠭᠡᠢ ᠶᠢᠨ ᠤᠴᠢᠷ ᠪᠠᠭ᠎ᠠ ᠵᠢᠵᠢᠭ ᠶᠠᠭᠤᠮᠠᠨ ᠳᠤ ᠦᠨᠡᠯᠡᠭᠳᠡᠳᠡᠭ᠃ ᠤᠬᠠᠭᠠᠨ ᠲᠠᠢ ᠰᠠᠶᠢᠨ ᠬᠦᠮᠦᠨ ᠵᠠᠷᠴᠢᠮ ᠢ ᠬᠠᠲᠠᠭᠤ ᠪᠠᠷᠢᠳᠠᠭ ᠪᠣᠯᠪᠠᠴᠤ ᠵᠥᠷᠢᠭᠦᠳᠯᠡᠳᠡᠭ ᠦᠭᠡᠢ᠃

ᠵᠠᠮ ᠠᠳᠠᠯᠢ ᠦᠭᠡᠢ ᠪᠠᠶᠢᠪᠠᠯ ᠲᠥᠯᠥᠪᠯᠡᠭᠡ ᠶᠢ ᠬᠠᠮᠲᠤᠷᠠᠨ ᠵᠣᠬᠢᠶᠠᠳᠠᠭ ᠦᠭᠡᠢ᠃ 

ᠢᠷᠠᠭᠤ ᠲᠣᠳᠣ ᠪᠠᠶᠢᠬᠤ ᠭᠡᠳᠡᠭ ᠶᠠᠷᠢᠶᠠᠨ ᠳᠤ ᠲᠠᠯᠪᠢᠭᠳᠠᠳᠠᠭ ᠭᠣᠣᠯ ᠱᠠᠭᠠᠷᠳᠠᠯᠭ᠎ᠠ᠃ ᠠᠰᠢᠭᠲᠠᠢ ᠲᠤᠰᠠᠲᠠᠢ ᠨᠠᠶᠢᠵᠠ ᠭᠤᠷᠪᠠ᠂ ᠬᠣᠣᠷ ᠬᠥᠨᠥᠭᠡᠯ ᠲᠡᠢ ᠨᠠᠶᠢᠵᠠ ᠪᠠᠰᠠ ᠭᠤᠷᠪᠠ ᠪᠤᠢ᠃ ᠱᠤᠳᠤᠷᠭ᠎ᠠ ᠨᠥᠬᠥᠷ᠂ ᠴᠡᠪᠡᠷ ᠴᠠᠭᠠᠨ ᠰᠡᠳᠬᠢᠯ ᠲᠡᠢ ᠨᠥᠬᠥᠷ᠂ ᠶᠡᠬᠡ ᠶᠢ ᠮᠡᠳᠡᠳᠡᠭ ᠨᠥᠬᠥᠷ ᠭᠤᠷᠪᠠ ᠠᠰᠢᠭᠲᠠᠢ᠃ ᠬᠤᠳᠠᠯ ᠢᠶᠠᠨ ᠬᠡᠯᠡᠳᠡᠭ ᠨᠠᠶᠢᠵᠠ᠂ ᠬᠣᠶᠠᠷ ᠨᠢᠭᠤᠷ ᠭᠠᠷᠭᠠᠳᠠᠭ ᠨᠠᠶᠢᠵᠠ᠂ ᠰᠠᠶᠢᠬᠠᠨ ᠶᠠᠷᠢᠳᠠᠭ ᠨᠠᠶᠢᠵᠠ ᠭᠤᠷᠪᠠ ᠬᠣᠣᠷ ᠲᠠᠢ᠃ ᠤᠬᠠᠭᠠᠨ ᠲᠠᠢ ᠰᠡᠶᠢᠷᠡᠭ ᠬᠦᠮᠦᠨ ᠭᠤᠷᠪᠠᠨ ᠴᠡᠭᠡᠷ ᠢ ᠪᠠᠷᠢᠳᠠᠭ᠃ ᠠᠮᠢᠰᠬᠤᠯ᠂ ᠴᠢᠰᠤ ᠨᠢ ᠬᠠᠯᠠᠭᠤᠨ ᠪᠤᠢ ᠪᠠᠭ᠎ᠠ ᠵᠠᠯᠠᠭᠤ ᠨᠠᠰᠤᠨ ᠳᠤ ᠪᠠᠨ ᠬᠣᠷᠮᠣᠢ ᠶᠢᠨ ᠴᠡᠩᠭᠡᠯ ᠡᠴᠡ ᠵᠠᠶᠢᠯᠠᠰᠬᠢᠳᠡᠭ᠃ ᠠᠮᠢᠰᠬᠤᠯ᠂ ᠴᠢᠰᠤ ᠨᠢ ᠬᠦᠴᠦᠲᠡᠢ ᠪᠤᠢ ᠢᠳᠡᠷ ᠨᠠᠰᠤᠨ ᠳᠤ ᠪᠠᠨ ᠬᠡᠷᠡᠭᠦᠯ ᠮᠠᠷᠭᠤᠭᠠᠨ ᠠᠴᠠ ᠵᠠᠶᠢᠯᠠᠰᠬᠢᠳᠡᠭ᠃ ᠠᠮᠢᠰᠬᠤᠯ᠂ ᠴᠢᠰᠤ ᠨᠢ ᠰᠤᠯᠠᠷᠠᠭᠰᠠᠨ ᠥᠲᠡᠯ᠎ᠡ ᠨᠠᠰᠤᠨ ᠳᠤ ᠪᠠᠨ ᠬᠣᠮᠣᠬᠠᠢ ᠶᠢᠨ ᠰᠢᠨᠤᠯ ᠠᠴᠠ ᠵᠠᠶᠢᠯᠠᠰᠬᠢᠳᠡᠭ᠃ ᠤᠬᠠᠭᠠᠨ ᠲᠠᠢ ᠰᠡᠶᠢᠷᠡᠭ ᠬᠦᠮᠦᠨ ᠶᠢᠰᠦᠨ ᠪᠣᠳᠣᠯ ᠢᠶᠠᠷ ᠴᠡᠨᠡᠳᠡᠭ᠃ ᠠᠵᠢᠭᠡᠯᠡᠨ ᠬᠠᠷᠠᠵᠤ ᠪᠤᠢ ᠦᠶᠡᠳᠡᠭᠡ ᠯᠠᠪ ᠲᠣᠳᠣ ᠬᠠᠷᠠᠪᠠ ᠤᠤ ᠭᠡᠵᠦ ᠪᠣᠳᠣᠳᠠᠭ᠃ ᠰᠣᠨᠣᠰᠤᠨ ᠪᠠᠶᠢᠭ᠎ᠠ ᠦᠶᠡᠳᠡᠭᠡ ᠪᠠᠲᠤ ᠵᠥᠪ ᠰᠤᠨᠤᠰᠪᠠ ᠤᠤ ᠭᠡᠵᠦ ᠪᠣᠳᠣᠳᠠᠭ᠃ ᠴᠢᠷᠠᠶᠢᠨ ᠤ ᠢᠯᠡᠷᠡᠯ ᠮᠢᠨᠢ ᠵᠥᠪ ᠪᠠᠶᠢᠨ᠎ᠠ ᠤᠤ᠂ ᠶᠠᠷᠢᠶ᠎ᠠ ᠮᠢᠨᠢ ᠢᠯᠡᠨ ᠳᠠᠯᠠᠩ ᠦᠭᠡᠢ ᠪᠠᠶᠢᠨ᠎ᠠ ᠤᠤ᠂ ᠠᠵᠢᠯ ᠬᠡᠷᠡᠭᠲᠦ ᠪᠡᠨ ᠵᠥᠪ ᠵᠦᠢᠲᠡᠢ ᠬᠠᠨᠳᠤᠪᠠ ᠤᠤ ᠭᠡᠵᠦ ᠲᠡᠷᠡᠪᠡᠷ ᠢᠮᠠᠭᠲᠠ ᠪᠣᠳᠣᠳᠠᠭ᠃ ᠲᠡᠷᠡᠪᠡᠷ ᠡᠷᠡᠭᠡᠯᠵᠡᠵᠦ ᠪᠠᠶᠢᠭ᠎ᠠ ᠪᠣᠯ ᠵᠥᠪᠯᠡᠯᠳᠦᠬᠦ ᠲᠤᠬᠠᠢ ᠳᠤ ᠪᠣᠳᠣᠳᠠᠭ᠃ ᠠᠭᠤᠷᠠᠭᠰᠠᠨ ᠬᠡᠯᠡᠭᠡᠨᠡᠵᠦ ᠪᠤᠢ ᠪᠣᠯ ᠮᠠᠭᠤ ᠦᠷ᠎ᠡ ᠳᠠᠭᠠᠪᠤᠷᠢ ᠶᠢᠨ ᠲᠤᠬᠠᠢ ᠳᠤ ᠪᠣᠳᠣᠳᠠᠭ᠃ ᠶᠠᠮᠠᠷ ᠨᠢᠭᠡᠨ ᠶᠠᠭᠤᠮ᠎ᠠ ᠬᠢᠬᠦ ᠶᠢᠨ ᠢᠶᠡᠨ ᠡᠮᠦᠨ᠎ᠡ ᠰᠢᠳᠤᠷᠭᠤ ᠶᠣᠰᠣᠨ ᠤ ᠲᠤᠬᠠᠢ ᠪᠣᠳᠣᠳᠠᠭ᠃ ᠬᠠᠮᠤᠭ ᠤᠨ ᠳᠡᠭᠡᠳᠦ ᠮᠡᠷᠭᠡᠨ ᠤᠬᠠᠭᠠᠨ᠂ ᠬᠠᠮᠤᠭ ᠤᠨ ᠶᠡᠬᠡ ᠲᠡᠨᠡᠭ ᠶᠠᠪᠤᠳᠠᠯ ᠬᠣᠶᠠᠷ ᠬᠡᠵᠢᠶ᠎ᠡ ᠴᠤ ᠦᠯᠦ ᠥᠭᠡᠷᠡᠴᠢᠯᠡᠭᠳᠡᠮᠦ᠃ ᠴᠤᠤᠷᠬᠠᠯ ᠲᠠᠷᠠᠭᠠᠵᠤ ᠪᠤᠢ ᠬᠦᠮᠦᠨ ᠰᠠᠶᠢᠨ ᠦᠢᠯᠡ ᠶᠢ ᠭᠡᠭᠡᠭᠰᠡᠨ ᠪᠠᠶᠢᠳᠠᠭ᠃ ᠱᠠᠯᠢ ᠦᠭᠡᠢ ᠮᠠᠭᠤ ᠬᠦᠮᠦᠨ ᠲᠡᠢ ᠬᠠᠮᠲᠤ ᠡᠵᠡᠨ ᠳᠦ ᠵᠢᠳᠬᠦᠵᠦ ᠬᠡᠷᠬᠢᠨ ᠪᠣᠯᠬᠤ ᠪᠢᠯᠡ?

ᠱᠠᠯᠢ ᠦᠭᠡᠢ ᠮᠠᠭᠤ ᠬᠦᠮᠦᠨ ᠪᠣᠯ ᠵᠣᠷᠢᠯᠭ᠎ᠠ ᠳᠤ ᠪᠠᠨ ᠬᠠᠷᠠᠬᠠᠨ ᠬᠦᠷᠢᠶ᠎ᠡ ᠭᠦᠢ ᠪᠠᠶᠢᠬᠤ ᠳᠤ ᠪᠠᠨ ᠵᠥᠪᠬᠡᠨ ᠲᠡᠭᠦᠨ ᠳᠦ ᠪᠡᠨ ᠯᠠ ᠬᠦᠷᠬᠦ ᠭᠡᠵᠦ ᠵᠣᠪᠠᠵᠤ ᠰᠢᠨᠠᠯᠤᠨ ᠵᠢᠳᠬᠦᠳᠡᠭ᠃
ᠵᠣᠷᠢᠭᠰᠠᠨ ᠳᠤ ᠪᠠᠨ ᠬᠦᠷᠴᠢᠬᠡᠪᠡᠯ ᠲᠡᠨᠳᠡ ᠪᠡᠨ ᠲᠣᠭᠲᠠᠵᠤ ᠲᠡᠰᠴᠦ ᠪᠠᠶᠢᠬᠤ ᠭᠡᠵᠦ ᠰᠢᠨᠠᠯᠳᠠᠭ᠃ ᠣᠯᠤᠭᠰᠠᠨ ᠢᠶᠠᠨ ᠠᠯᠳᠠᠴᠢᠬᠤ ᠦᠭᠡᠢ ᠶᠤᠮᠰᠠᠨ ᠭᠡᠵᠦ ᠵᠣᠪᠠᠵᠤ ᠴᠢᠨᠠᠯᠬᠤ ᠳᠤ ᠪᠠᠨ ᠲᠡᠷᠡᠪᠡᠷ ᠶᠠᠮᠠᠷ ᠴᠤ ᠮᠠᠭᠤ ᠶᠠᠭᠤᠮ᠎ᠠ ᠬᠢᠬᠦ ᠳᠦ ᠪᠡᠯᠡᠨ ᠪᠠᠶᠢᠳᠠᠭ᠃ ᠱᠠᠯᠢ ᠦᠭᠡᠢ ᠵᠢᠵᠢᠭ ᠬᠦᠮᠦᠨ ᠠᠯᠳᠠᠭ᠎ᠠ ᠭᠠᠷᠭᠠᠴᠢᠬᠠᠪᠠᠯ ᠢᠮᠠᠭᠲᠠ ᠥᠪᠡᠷ ᠢ ᠪᠡᠨ ᠴᠠᠶᠢᠷᠠᠭᠤᠯᠤᠨ ᠵᠥᠪᠲᠦᠭᠡᠬᠦ ᠭᠡᠵᠦ ᠣᠷᠣᠯᠳᠤᠯᠭ᠃mun ene n eos surthuunii chigleltei baisan. "Shiniig medie gevel huuchniig mun negen udaa neg hun kunz deer ireed bi erdem surmaar bn ghed kunz tolgoig n us ruu dureed agaar amisgaluulahgi bolgoj asuuj gene odoo chi yu husej bn gej getel shavi bi agaar gehed chi erdmiig ingj hus gejee></ref>med"

ӨРШӨӨЛ ЭНЭРЛИЙГ ДЭЭДЛЭХҮЙН УЧИР ᠨᠢᠭᠡᠨ ᠡᠳᠦᠷ ᠭᠠᠯ ᠭᠠᠷᠴᠤ᠂ ᠺᠥᠩᠽᠢ ᠶᠢᠨ ᠮᠣᠷᠢᠨ ᠤ ᠵᠦᠴᠢᠶ᠎ᠡ ᠰᠢᠲᠠᠵᠠᠢ᠃ ᠡᠨᠡ ᠦᠶ᠎ᠡ ᠳᠦ ᠺᠥᠩᠽᠢ ᠬᠠᠭᠠᠨ ᠤ ᠣᠷᠳᠣᠨ ᠳᠤ ᠪᠠᠷᠠᠭᠠᠯᠬᠠᠵᠤ ᠪᠠᠶᠢᠭᠰᠠᠨ ᠠᠵᠢ᠃ ᠲᠡᠷᠡᠪᠡᠷ ᠭᠡᠷ ᠲᠦ ᠪᠡᠨ ᠢᠷᠡᠭᠡᠳ᠂ ᠭᠠᠯ ᠭᠠᠷᠴᠤ᠂ ᠮᠣᠷᠢᠨ ᠤ ᠵᠦᠴᠢᠶ᠎ᠡ ᠰᠢᠲᠠᠭᠰᠠᠨ ᠢ ᠰᠣᠨᠣᠰᠤᠭᠠᠳ ᠶᠠᠭᠠᠷᠠᠨ ᠠᠰᠠᠭᠤᠭᠰᠠᠨ ᠨᠢ: -ᠬᠥᠮᠥᠨ ᠡᠩᠳᠡᠵᠦ ᠪᠡᠷᠲᠦᠭᠡ ᠦᠭᠡᠢ ᠪᠤᠢ ᠵᠠ? ᠺᠥᠩᠽᠢ ᠮᠣᠷᠢ ᠪᠠᠨ ᠴᠤ᠂ ᠡᠳ᠋ ᠬᠥᠷᠥᠩᠭᠡ ᠪᠡᠨ ᠴᠤ ᠡᠰᠡ ᠠᠰᠠᠭᠤᠵᠤ᠂ ᠬᠠᠷᠢᠨ ᠮᠣᠷᠢ ᠮᠠᠯᠯᠠᠳᠠᠭ ᠳᠣᠣᠷᠠᠳᠤ ᠵᠠᠷᠤᠴᠠ ᠶᠢᠨ ᠪᠡᠷᠲᠡᠵᠦ ᠭᠡᠮᠲᠦᠭᠰᠡᠨ ᠡᠰᠡᠬᠦ ᠶᠢ ᠯᠠᠪᠯᠠᠵᠠᠢ᠃ ᠡᠭᠦᠨ ᠡᠴᠡ ᠦᠵᠡᠬᠦ ᠳᠦ ᠺᠥᠩᠽᠢ ᠠᠯᠢᠪᠠ ᠬᠦᠮᠦᠨ ᠢ ᠳᠡᠭᠡᠳᠦ᠂ ᠳᠣᠣᠷᠠᠳᠤ ᠭᠡᠵᠦ ᠢᠯᠭᠠᠵᠤ ᠦᠵᠡᠯ ᠦᠭᠡᠢ ᠪᠡᠷ ᠭᠠᠭᠴᠠᠬᠦ ᠬᠦᠮᠦᠨ ᠭᠡᠰᠡᠨ ᠡᠭᠦᠳᠡᠨ ᠡᠴᠡ ᠨᠢ ᠴᠢᠬᠤᠯᠠᠴᠢᠯᠠᠨ ᠦᠵᠡᠵᠦ ᠪᠠᠶᠢᠭ᠎ᠠ ᠪᠥᠭᠡᠳ ᠲᠡᠭᠦᠨ ᠦ ᠡᠨᠡᠷᠢᠩᠭᠦᠢ ᠰᠡᠳᠬᠢᠯ᠂ ᠤᠬᠠᠭᠠᠨᠲᠤ ᠪᠠᠶᠢᠳᠠᠯ ᠢ ᠬᠠᠷᠠᠭᠤᠯᠵᠤ ᠪᠠᠶᠢᠭ᠎ᠠ ᠶᠤᠮ᠃ ᠺᠥᠩᠽᠢ 《ᠴᠡᠷᠢᠭ ᠦᠨ ᠵᠠᠩᠵᠤᠨ ᠤ ᠬᠡᠷᠭᠡᠮ ᠵᠡᠷᠭᠡ ᠶᠢ ᠬᠤᠷᠢᠶᠠᠵᠤ ᠪᠣᠯᠤᠮᠤᠢ᠂ ᠡᠩ ᠦᠨ ᠬᠥᠮᠥᠨ ᠦ ᠬᠦᠰᠡᠯ ᠵᠣᠷᠢᠭ ᠢ ᠪᠤᠯᠢᠶᠠᠵᠤ ᠦᠯᠦ ᠴᠢᠳᠠᠮᠠᠢ》 ᠬᠡᠮᠡᠨ ᠦᠭᠦᠯᠡᠭᠰᠡᠨ ᠪᠠᠶᠢᠳᠠᠭ᠃ ᠡᠨᠡ ᠨᠢ ᠮᠥᠨ ᠯᠠ ᠬᠦᠮᠦᠨ ᠦ ᠲᠡᠭᠰᠢ ᠪᠠᠶᠢᠳᠠᠯ ᠪᠣᠯᠤᠨ ᠬᠦᠮᠦᠨ ᠦ ᠬᠦᠰᠡᠯ ᠵᠣᠷᠢᠭ ᠶᠠᠭᠤ ᠪᠠᠷ ᠴᠤ ᠰᠤᠯᠢᠵᠤ ᠪᠣᠯᠬᠤ ᠦᠭᠡᠢ ᠵᠦᠢᠯ ᠭᠡᠳᠡᠭ ᠢ ᠬᠠᠷᠠᠭᠤᠯᠵᠤ ᠪᠠᠶᠢᠨ᠎ᠠ᠃

ЗАСАГЛАХУЙД ЁС СУРТЛЫГ ЭРХЭМЛЭХҮЙН УЧИР ᠺᠥᠩᠽᠢ ᠶᠢᠨ ᠰᠤᠷᠭᠠᠯ ᠤᠨ ᠨᠢᠭᠡ ᠭᠣᠣᠯ ᠠᠭᠤᠯᠭ᠎ᠠ ᠪᠣᠯ ᠰᠠᠶᠢᠨ ᠵᠠᠰᠠᠭᠯᠠᠯ᠂ ᠰᠢᠳᠤᠷᠭᠤ ᠵᠢᠷᠤᠮᠲᠤ ᠲᠦᠰᠢᠮᠡᠯ ᠦᠨ ᠲᠤᠬᠠᠢ ᠣᠶᠢᠯᠠᠭᠠᠯᠲᠠ ᠶᠤᠮ᠃ ᠺᠥᠩᠽᠢ ᠬᠤᠪᠢ ᠤᠨ ᠰᠤᠷᠭᠠᠭᠤᠯᠢ ᠪᠠᠶᠢᠭᠤᠯᠤᠨ᠂ ᠦᠵᠡᠯ ᠰᠤᠷᠲᠠᠯ ᠢᠶᠠᠨ ᠠᠶᠢᠯᠠᠳᠤᠨ᠂ ᠰᠣᠶᠣᠨ ᠭᠡᠭᠡᠷᠡᠭᠦᠯᠬᠦ ᠶᠢᠨ ᠵᠡᠷᠭᠡᠴᠡᠭᠡ ᠲᠥᠷᠥ ᠵᠠᠰᠠᠭᠯᠠᠯ ᠤᠨ ᠬᠡᠷᠡᠭ ᠲᠦ ᠴᠤ ᠬᠦᠴᠦᠨ ᠵᠢᠳᠬᠦᠵᠦ ᠶᠠᠪᠤᠵᠠᠢ᠃ ᠲᠡᠷᠡ ᠪᠡᠷ ᠲᠦᠰᠢᠮᠡᠳ ᠦᠨ ᠵᠢᠨᠳᠠᠩ ᠳᠤ ᠬᠦᠷᠴᠦ᠂ ᠣᠷᠣᠨ ᠨᠤᠲᠤᠭ ᠤᠨ ᠪᠠᠭ᠎ᠠ ᠰᠢᠭ ᠲᠦᠰᠢᠮᠡᠯ ᠪᠣᠯᠵᠤ᠂ ᠤᠳᠠᠯ ᠦᠭᠡᠢ ᠣᠯᠠᠨ ᠠᠵᠢᠯ ᠰᠡᠳᠦᠵᠦ᠂ ᠶᠡᠬᠡᠳᠡ ᠭᠠᠪᠢᠶ᠎ᠠ ᠪᠠᠶᠢᠭᠤᠯᠤᠨ ᠯᠤ᠋ ᠤᠯᠤᠰ ᠤᠨ ᠰᠢᠭᠦᠬᠦ ᠴᠠᠭᠠᠵᠠ ᠶᠢᠨ ᠲᠡᠷᠢᠭᠦᠯᠡᠭᠰᠡᠨ ᠲᠦᠰᠢᠮᠡᠯ ᠦᠨ ᠠᠯᠪᠠᠨ ᠢᠶᠠᠨ ᠳᠡᠪᠰᠢᠵᠦ ᠶᠠᠪᠤᠵᠠᠢ᠃ ᠺᠥᠩᠽᠢ ᠬᠥᠮᠥᠨ ᠦ ᠠᠮᠢ ᠨᠠᠰᠤ ᠶᠢ ᠬᠥᠨᠥᠭᠡᠨ ᠶᠡᠭᠦᠳᠬᠡᠳᠡᠭ ᠬᠠᠷᠭᠢᠰ ᠬᠠᠲᠠᠭᠤ ᠵᠠᠰᠠᠭᠯᠠᠯ ᠢ ᠡᠷᠡᠰ ᠰᠢᠭᠦᠨᠵᠢᠯᠡᠨ᠂ ᠡᠭᠡᠯ ᠠᠷᠠᠳ ᠢ ᠴᠤ ᠡᠨᠡᠷᠢᠨ ᠬᠠᠶᠢᠷᠠᠯᠠᠳᠠᠭ ᠥᠭᠭᠢᠶᠡᠮᠦᠷ ᠵᠠᠰᠠᠭᠯᠠᠯ ᠤᠨ ᠲᠥᠯᠥᠭᠡ ᠰᠤᠷᠭᠠᠯ ᠨᠣᠮᠯᠠᠯ ᠢᠶᠠᠨ ᠠᠶᠢᠯᠠᠳᠴᠤ ᠪᠠᠶᠢᠯ᠎ᠠ᠃

ДУТУУДАХЫГ ХЭМ ТЭНЦҮҮЛЭХҮЙН УЧИР ᠺᠥᠩᠽᠢ ᠶᠢᠨ ᠨᠢᠭᠡᠨ ᠱᠠᠪᠢ ᠽ ᠤ ᠭᠤᠨ: ᠽ ᠤ ᠵᠠᠩ᠂ ᠽ ᠤ ᠱᠢᠶᠠ ᠬᠣᠶᠠᠷ ᠤᠨ ᠬᠡᠨ ᠨᠢ ᠢᠯᠡᠭᠦᠦ ᠮᠡᠷᠭᠡᠨ ᠪᠤᠢ?

ᠺᠥᠩᠽᠢ ᠦᠭᠦᠯᠡᠷᠦᠨ: ᠽ ᠤ ᠵᠠᠩ ᠪᠣᠯᠪᠠᠰᠤ ᠬᠡᠲᠦᠷᠡᠭᠦᠯᠵᠦ᠂ ᠽ ᠤ ᠱᠢᠶᠠ ᠪᠣᠯᠪᠠᠰᠤ ᠳᠤᠲᠠᠭᠠᠬᠤ ᠪᠥᠯᠦᠭᠡ᠃

ᠽ ᠤ ᠭᠤᠨ ᠦᠭᠦᠯᠡᠷᠦᠨ: ᠲᠡᠭᠡᠪᠡᠯ ᠽ ᠤ ᠵᠠᠩ ᠢᠯᠡᠭᠦᠦ ᠪᠤᠰᠤ ᠤᠤ?

ᠺᠥᠩᠽᠢ ᠦᠭᠦᠯᠡᠷᠦᠨ: 《ᠬᠡᠲᠦᠷᠡᠭᠦᠯᠬᠦ ᠳᠤᠲᠠᠭᠠᠬᠤ ᠬᠣᠶᠠᠷ ᠬᠡᠲᠦ ᠳᠦ ᠪᠡᠨ ᠠᠳᠠᠯᠢ ᠪᠤᠶᠤ》.

ᠺᠥᠩᠽᠢ ᠲᠤᠶᠢᠯᠰᠢᠷᠠᠬᠤ ᠠᠶᠤᠯ ᠠᠴᠠ ᠠᠩᠭᠢᠵᠢᠷᠠᠬᠤ ᠠᠷᠭ᠎ᠠ ᠨᠢ ᠲᠥᠪ ᠳᠤᠮᠳᠠᠵᠢ ᠶᠢ ᠪᠠᠷᠢᠬᠤ ᠶᠠᠪᠤᠳᠠᠯ ᠭᠡᠵᠦ ᠦᠵᠡᠭᠡᠳ ᠲᠡᠷᠡ ᠳᠤᠮᠳᠠᠴᠢ ᠠᠴᠠ ᠳᠡᠭᠡᠭᠰᠢ ᠡᠰᠡᠪᠡᠯ ᠳᠣᠭᠣᠭᠰᠢ ᠠᠯᠢ ᠴᠤ ᠲᠡᠰᠢ ᠬᠠᠵᠠᠶᠢᠯ ᠦᠭᠡᠢ ᠪᠡᠷ ᠶᠠᠪᠤᠬᠤ ᠨᠢ ᠬᠢᠭᠰᠡᠨ ᠦᠢᠯᠡ ᠬᠡᠷᠡᠭ ᠲᠡᠭᠦᠰ ᠪᠣᠯᠤᠨ᠎ᠠ ᠭᠡᠵᠦ ᠰᠤᠷᠭᠠᠵᠤ ᠪᠠᠶᠢᠪᠠ᠃

ӨӨРИЙН ҮЛ ХҮСЭХИЙГ ӨРӨӨЛ БУСДАД ЭС ТУЛГАХУЙН УЧИР ᠬᠦᠮᠦᠨ ᠭᠡᠳᠡᠭ ᠥᠪᠡᠷᠲᠡᠭᠡᠨ ᠭᠠᠭᠴᠠᠬᠠᠨ ᠰᠠᠶᠢᠨ ᠰᠠᠶᠢᠬᠠᠨ ᠵᠦᠢᠯ ᠢ ᠯᠠ ᠬᠦᠰᠡᠳᠡᠭ᠃ ᠭᠡᠰᠡᠨ ᠠᠲᠠᠯ᠎ᠠ ᠪᠠᠨ ᠥᠪᠡᠷᠲᠡᠭᠡᠨ ᠰᠠᠶᠢᠨ ᠰᠠᠶᠢᠬᠠᠨ ᠵᠦᠢᠯ ᠢ ᠪᠤᠢ ᠪᠣᠯᠭᠠᠬᠤ ᠶᠢᠨ ᠲᠤᠯᠠᠳᠠ ᠥᠷᠥᠭᠡᠯ ᠳᠦ ᠭᠠᠷᠤᠵᠠ ᠬᠣᠬᠢᠷᠠᠯ ᠤᠴᠠᠷᠠᠭᠤᠳᠠᠬᠤ ᠨᠢ ᠪᠤᠢ᠃ ᠡᠭᠦᠨ ᠢ ᠺᠥᠩᠽᠢ ᠲᠠᠶᠢᠯᠪᠤᠷᠢᠯᠠᠬᠤ ᠳᠤ ᠪᠠᠨ ᠳᠡᠭᠡᠷᠡᠬᠢ ᠡᠰᠢᠯᠡᠯ ᠢ ᠠᠪᠤᠭᠰᠠᠨ ᠪᠠᠶᠢᠳᠠᠭ᠃

http://wiki.uhaan.com/index.php?title=ᠺᠥᠩᠽᠢ&oldid=443807》 ᠍  ᠡᠴᠡ ᠠᠪᠤᠭᠰᠠᠨ

ᠪᠢᠴᠢᠭᠡᠰᠦ