ᠺᠣᠹᠧ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠣᠹᠧ

ᠪᠣᠷᠭᠣᠯ ᠪᠤᠶᠤ ᠺᠣᠹᠧ (ᠠᠩᠭᠯᠢ ᠪᠠᠷ Coffee᠂ ᠬᠢᠲᠠᠳ ᠶ᠋ᠢᠡᠷ 咖啡) ᠭᠡᠳᠡᠭ ᠨᠢ ᠺᠣᠹᠧᠨ ᠤ ᠪᠤᠷᠴᠠᠭ ᠢ (ᠺᠣᠹᠧᠨ ᠤ ᠮᠣᠳᠣᠨ ᠤ ᠦᠷ᠎ᠡ) ᠬᠠᠭᠤᠷᠴᠤ ᠨᠦᠳᠦᠭᠰᠡᠨ ᠨᠤᠨᠲᠠᠭ ᠲᠤ ᠪᠤᠴᠠᠯᠤᠭᠰᠠᠨ ᠤᠰᠤ᠂ ᠤᠰᠤ ᠬᠢᠵᠦ ᠨᠠᠶᠢᠷᠠᠭᠤᠯᠤᠭᠰᠠᠨ ᠬᠠᠷ᠎ᠠ ᠬᠦᠷᠢᠨ ᠥᠩᠭᠡ ᠶᠢᠨ ᠤᠮᠳᠠᠭ᠎ᠠ ᠍ ᠵᠢ ᠬᠡᠯᠡᠨ᠎ᠡ᠃ ᠺᠣᠹᠧ ᠭᠡᠳᠡᠭ ᠦᠭᠡ ᠨᠢ ᠠᠷᠠᠪ ᠬᠡᠯᠡᠨ  ᠦ kffa ᠬᠡᠮᠡᠬᠦ ᠦᠭᠡᠨ ᠡᠴᠡ ᠭᠠᠷᠤᠯᠲᠠᠢ᠃ ᠺᠣᠹᠧᠨ ᠤ ᠤᠷᠭᠤᠮᠠᠯ ᠨᠢ ᠪᠤᠲᠠᠯᠢᠭ ᠮᠣᠳᠣ ᠪᠠᠶᠢᠬᠤ ᠪᠥᠭᠡᠳ ᠡᠲ᠋ᠢᠣᠫᠣ ᠠᠴᠠ ᠭᠠᠷᠤᠯ ᠲᠠᠢ᠃ ᠭᠣᠣᠯᠳᠠᠭᠤ ᠠᠹᠷᠢᠺᠠ᠂ ᠡᠮᠦᠨᠡᠲᠦ ᠠᠮᠧᠷᠢᠺᠠ᠂ ᠲᠥᠪ ᠠᠮᠧᠷᠢᠺᠠ ᠪᠣᠯᠤᠨ ᠡᠮᠦᠨᠡᠲᠦ ᠠᠽᠢᠶ᠎ᠠ ᠳᠤ ᠤᠷᠭᠤᠳᠠᠭ ᠪᠠᠶᠢᠨ᠎ᠠ᠃ ᠬᠦᠮᠦᠨ ᠲᠥᠷᠥᠯᠬᠢᠲᠡᠨ ᠦ ᠲᠡᠦᠬᠡᠨ ᠳᠦ ᠺᠣᠹᠧ ᠭᠠᠷᠴᠤ ᠢᠷᠡᠭᠰᠡᠨ ᠨᠢ ᠠᠷᠢᠬᠢ᠂ ᠴᠠᠢ ᠲᠠᠢ ᠬᠠᠷᠢᠴᠠᠭᠤᠯᠬᠤ ᠳᠤ ᠰᠡᠭᠦᠯ ᠳᠦ ᠪᠣᠯᠪᠠᠴᠤ ᠳᠡᠯᠡᠬᠡᠢ ᠳᠠᠶᠠᠭᠠᠷ ᠬᠠᠮᠤᠭ ᠤᠨ ᠣᠯᠠᠨ ᠣᠷᠣᠨ ᠳᠤ ᠬᠦᠮᠦᠰ ᠦᠨ ᠲᠠᠯᠠᠷᠬᠠᠨ ᠤᠤᠭᠤᠳᠠᠭ ᠤᠮᠳᠠᠭ᠎ᠠ ᠪᠣᠯᠵᠠᠢ᠃ ᠶᠡᠬᠡᠪᠴᠢᠯᠡᠨ ᠬᠠᠯᠠᠭᠤᠨ ᠢᠶᠠᠷ ᠤᠤᠭᠤᠬᠤ ᠪᠠ ᠺᠣᠹᠧᠨᠳ ᠺᠣᠹᠧᠢᠨ ᠬᠡᠮᠡᠬᠦ ᠵᠥᠭᠡᠯᠡᠨ ᠰᠡᠷᠭᠦᠭᠡᠭᠴᠢ (ᠥᠳᠥᠭᠡᠭᠴᠢ) ᠪᠣᠳᠠᠰ ᠠᠭᠤᠯᠤᠭᠳᠠᠨ᠎ᠠ᠃ ᠥᠨᠥ ᠦᠶ᠎ᠡ ᠳᠦ ᠺᠣᠹᠧ ᠡᠺᠰᠫᠣᠷᠲ ᠤᠨ ᠴᠢᠬᠤᠯᠠ ᠪᠠᠷᠠᠭ᠎ᠠ ᠪᠥᠭᠡᠳ 2004 ᠡᠤᠨ ᠤ ᠪᠠᠶᠢᠳᠠᠯ ᠢᠶᠠᠷ 12 ᠣᠷᠣᠨ ᠤ ᠬᠤᠪᠢ ᠳᠤ ᠡᠺᠰᠫᠣᠷᠲ ᠤᠨ ᠲᠣᠫ ᠪᠦᠲᠦᠭᠡᠭᠳᠡᠬᠦᠨ ᠨᠢ ᠪᠣᠯᠵᠤ ᠪᠠᠶᠢᠨ᠎ᠠ᠃

ᠺᠣᠹᠧᠨ ᠤ ᠤᠷᠭᠤᠮᠠᠯ ᠪᠠ ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠹᠧ ᠨᠢ ᠺᠣᠹᠧᠨ ᠪᠦᠰᠡ ᠭᠡᠵᠦ ᠨᠡᠷᠡᠯᠡᠭᠳᠡᠬᠦ 70 ᠣᠷᠴᠢᠮ ᠣᠷᠣᠨ ᠳᠤ ᠦᠢᠯᠡᠪᠦᠷᠢᠯᠡᠭᠳᠡᠬᠦ ᠪᠥᠭᠡᠳ ᠺᠣᠹᠧᠨ ᠤ ᠮᠣᠳᠣ ᠶᠢ ᠳᠡᠯᠡᠬᠡᠢ ᠳᠡᠭᠡᠷ᠎ᠡ ᠨᠡᠶᠢᠲᠡ 10 ᠰᠠᠶ᠎ᠠ ᠾᠧᠺᠲ᠋ᠠᠷ ᠭᠠᠵᠠᠷ ᠲᠤ ᠲᠠᠷᠢᠶᠠᠯᠠᠵᠤ ᠪᠠᠶᠢᠭ᠎ᠠ ᠭᠡᠰᠡᠨ ᠲᠣᠭᠠᠴᠠᠭ᠎ᠠ ᠪᠤᠢ᠃ 2 ᠭᠣᠣᠯ ᠲᠥᠷᠥᠯ ᠪᠠᠶᠢᠬᠤ ᠠᠴᠠ ᠨᠢᠭᠡ ᠨᠢ ᠬᠠᠮᠤᠭ ᠤᠨ ᠶᠡᠬᠡ ᠲᠠᠷᠬᠠᠭᠰᠠᠨ ᠠᠷᠠᠪᠢᠺᠠ ᠺᠣᠹᠧ Coffea Arabica, ᠨᠥᠭᠥᠭᠡ ᠨᠢ ᠲᠠᠷᠢᠵᠤ ᠤᠷᠭᠤᠭᠤᠯᠬᠤ ᠳᠤ ᠠᠷᠠᠢ ᠬᠢᠯᠪᠠᠷ ᠷᠣᠪᠦ᠋ᠰᠲᠠ ᠺᠣᠹᠧ Coffea Robusta ᠶᠤᠮ᠃ ᠠᠷᠠᠪᠢᠺᠠ ᠨᠢ ᠥᠨᠳᠥᠷᠯᠢᠭ ᠭᠠᠵᠠᠷ ᠤᠷᠭᠤᠳᠠᠭ ᠪᠥᠭᠡᠳ 9 ᠰᠠᠷ᠎ᠠ ᠶᠢᠨ ᠳᠠᠷᠠᠭ᠎ᠠ ᠴᠡᠴᠡᠭᠯᠡᠳᠡᠭ᠂ ᠬᠠᠷᠢᠨ ᠷᠣᠪᠦ᠋ᠰᠲᠠ ᠨᠢ ᠨᠠᠮ ᠭᠠᠵᠠᠷ ᠤᠷᠭᠤᠳᠠᠭ ᠪᠠ 11 ᠰᠠᠷ᠎ᠠ ᠶᠢᠨ ᠳᠠᠷᠠᠭ᠎ᠠ ᠴᠡᠴᠡᠭᠯᠡᠳᠡᠭ ᠪᠠᠶᠢᠨ᠎ᠠ᠃  ᠨᠡᠶᠢᠲᠡ ᠬᠤᠷᠢᠶᠠᠨ ᠠᠪᠴᠤ ᠪᠤᠢ ᠺᠣᠹᠧᠨ ᠤ 60-70 % ᠨᠢ ᠠᠷᠠᠪᠢᠺᠠ᠂30-40 % ᠨᠢ ᠷᠣᠪᠦ᠋ᠰᠲᠠ ᠪᠠᠶᠢᠳᠠᠭ᠃ ᠷᠣᠪᠦ᠋ᠰᠲᠠ ᠲᠥᠷᠥᠯ ᠨᠢ ᠬᠠᠷᠢᠴᠠᠩᠭᠤᠢ ᠬᠢᠮᠳᠠ ᠪᠥᠭᠡᠳ ᠠᠷᠠᠪᠢᠺ ᠠᠴᠠ 40-50% ᠢᠯᠡᠭᠦᠦ ᠺᠣᠹᠧᠢᠨ ᠠᠭᠤᠯᠠᠨ᠎ᠠ᠃ ᠰᠠᠶᠢᠨ ᠴᠢᠨᠠᠷ ᠤᠨ ᠷᠣᠪᠦ᠋ᠰᠲᠠᠭ ᠵᠠᠷᠢᠮ ᠡᠰᠫᠷᠧᠰᠣ ᠳᠤ ᠬᠣᠯᠢᠳᠠᠭ ᠠᠵᠢ᠃ ᠳᠡᠭᠡᠷ᠎ᠡ ᠦᠶ᠎ᠡ ᠳᠦ ᠬᠦᠮᠦᠰ ᠠᠷᠠᠪᠢᠺᠠ ᠺᠣᠹᠧ ᠨᠢ ᠠᠯᠢ ᠪᠣᠭᠣᠮᠲᠠ ᠠᠴᠠ ᠢᠷᠡᠵᠦ ᠪᠠᠶᠢᠭ᠎ᠠ ᠪᠠᠷ ᠨᠢ ᠨᠡᠷ᠎ᠡ ᠥᠭᠴᠦ ᠪᠠᠶᠢᠪᠠ᠃ ᠬᠠᠮᠤᠭ ᠤᠨ ᠬᠠᠭᠤᠴᠢᠨ ᠤ 2 ᠺᠣᠹᠧ ᠨᠢ Mocha ᠪᠣᠯᠤᠨ Java ᠶᠤᠮ ᠪᠠᠶᠢᠨ᠎ᠠ᠃

ᠺᠣᠹᠧᠭ ᠪᠣᠯᠪᠠᠰᠤᠷᠠᠭᠤᠯᠬᠤ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠷ᠎ᠡ ᠪᠣᠯᠪᠠᠰᠤᠷᠠᠭᠤᠯᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠷᠢᠶᠠᠨ ᠠᠪᠤᠭᠰᠠᠨ ᠺᠣᠹᠧᠨ ᠤ ᠦᠷ᠎ᠡ ᠡᠴᠡ ᠺᠣᠹᠧᠨ ᠤ ᠪᠤᠷᠴᠠᠭ ᠭᠠᠷᠭᠠᠵᠤ ᠠᠪᠬᠤ ᠶᠢ ᠦᠷ᠎ᠡ ᠪᠣᠯᠪᠠᠰᠤᠷᠠᠭᠤᠯᠤᠯᠲᠠ ᠭᠡᠨ᠎ᠡ᠃ ᠬᠠᠭᠤᠷᠠᠢ ᠪᠣᠯᠤᠨ ᠤᠬᠢᠶᠠᠬᠤ ᠭᠡᠰᠡᠨ 2 ᠲᠥᠷᠥᠯ ᠦᠨ ᠠᠷᠭ᠎ᠠ ᠪᠠᠶᠢᠨ᠎ᠠ᠃ ᠪᠣᠯᠪᠠᠰᠤᠷᠠᠭᠤᠯᠤᠭᠰᠠᠨ ᠺᠣᠹᠧᠨ ᠤ ᠦᠷ᠎ᠡ ᠶᠢ 《ᠲᠦᠭᠦᠬᠡᠢ ᠪᠤᠷᠴᠠᠭ》 ᠭᠡᠬᠦ ᠪᠠ ᠬᠥᠭᠡᠴᠦᠷᠡᠴᠢ ᠮᠠᠭᠤᠳᠠᠬᠤ ᠠᠴᠠ ᠬᠠᠮᠠᠭᠠᠯᠠᠵᠤ ᠴᠢᠭᠢᠭᠡᠨ ᠦ ᠬᠡᠮᠵᠢᠶ᠎ᠡ ᠶᠢ 10-12% ᠪᠣᠯᠲᠠᠯ᠎ᠠ ᠬᠠᠲᠠᠭᠠᠭᠠᠳ ᠡᠺᠰᠫᠣᠷᠲᠣᠳ ᠭᠠᠷᠭᠠᠳᠠᠭ ᠠᠵᠢ᠃

  • ᠬᠠᠭᠤᠷᠠᠢ ᠪᠤᠶᠤ ᠬᠠᠲᠠᠭᠠᠬᠤ ᠠᠷᠭ᠎ᠠ᠃ ᠬᠤᠷᠢᠶᠠᠭᠰᠠᠨ ᠦᠷ᠎ᠡ ᠪᠡᠨ ᠲᠠᠷᠠᠭᠠᠨ ᠳᠡᠯᠭᠡᠭᠡᠳ᠂ ᠨᠠᠷᠠᠨ ᠳᠤ ᠡᠭᠡᠭᠡᠵᠦ ᠬᠠᠲᠠᠭᠠᠭᠰᠠᠨ ᠤ ᠳᠠᠷᠠᠭ᠎ᠠ ᠭᠠᠳᠠᠭᠤᠷᠬᠢ ᠬᠠᠯᠢᠰᠤ ᠶᠠᠰᠤᠨ ᠠᠴᠠ ᠨᠢ ᠰᠠᠯᠭᠠᠵᠤ ᠴᠡᠪᠡᠷᠯᠡᠨ᠎ᠡ᠃ ᠪᠷᠠᠽᠢᠯ ᠳᠤ ᠶᠡᠬᠡᠪᠴᠢᠯᠡᠨ ᠡᠨᠡ ᠠᠷᠭ᠎ᠠ ᠶᠢ ᠬᠡᠷᠡᠭᠯᠡᠳᠡᠭ᠃
  • ᠤᠬᠢᠶᠠᠬᠤ ᠠᠷᠭ᠎ᠠ᠃ ᠦᠷ᠎ᠡ ᠶᠢ ᠭᠠᠳᠠᠭᠤᠷᠬᠢ ᠬᠠᠯᠢᠰᠤ᠂ ᠶᠠᠰᠤᠨ ᠠᠴᠠ ᠰᠠᠯᠭᠠᠭᠰᠠᠨ ᠤ ᠳᠠᠷᠠᠭ᠎ᠠ ᠤᠰᠤ ᠲᠠᠢ ᠰᠠᠪᠤᠩ ᠳᠤ ᠬᠢᠵᠦ 1-2 ᠬᠣᠨᠣᠭᠤᠯᠤᠨ ᠢᠰᠬᠡᠭᠡᠳ ᠪᠤᠷᠴᠠᠭ ᠭᠠᠷᠭᠠᠵᠤ ᠠᠪᠬᠤ ᠠᠷᠭ᠎ᠠ ᠶᠤᠮ᠃ ᠺᠣᠯᠤᠮᠪᠢᠶ ᠠ ᠵᠡᠷᠭᠡ ᠪᠷᠠᠽᠢᠯ ᠠᠴᠠ ᠪᠤᠰᠤᠳ ᠣᠷᠣᠨ ᠨᠤᠭᠤᠳ ᠭᠣᠣᠯᠴᠢᠯᠠᠨ ᠬᠡᠷᠡᠭᠯᠡᠳᠡᠭ᠃

ᠬᠠᠭᠤᠷᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠭᠦᠬᠡᠢ ᠪᠤᠷᠴᠠᠭ ᠢ ᠬᠠᠭᠤᠷᠠᠭᠰᠠᠨ ᠢᠶᠠᠷ ᠲᠠ ᠪᠢᠳᠡᠨ ᠦ ᠤᠤᠭᠤᠳᠠᠭ ᠺᠣᠹᠧᠨ ᠤ ᠠᠮᠲᠠ᠂ ᠦᠨᠦᠷ ᠲᠥᠷᠦᠳᠡᠭ ᠪᠠᠶᠢᠨ᠎ᠠ᠃ ᠶᠡᠬᠡᠩᠬᠢ ᠲᠣᠬᠢᠶᠠᠯᠳᠤᠯ ᠳᠤ ᠬᠡᠷᠡᠭᠯᠡᠭᠴᠢ ᠣᠷᠣᠨ ᠳᠤ ᠲᠣᠮᠣᠬᠠᠨ ᠦᠢᠯᠡᠳᠪᠦᠷᠢᠯᠡᠭᠴᠢ ᠨᠠᠷ ᠬᠠᠭᠤᠷᠠᠬᠤ ᠶᠠᠪᠤᠴᠠ ᠶᠢ ᠬᠠᠷᠢᠭᠤᠴᠠᠵᠤ ᠬᠢᠬᠦ ᠪᠠ ᠡᠰᠡᠪᠡᠯ ᠵᠢᠵᠢᠭᠯᠡᠩ ᠦᠨ ᠳᠡᠯᠭᠡᠭᠦᠷ᠂ ᠺᠠᠹᠧ ᠵᠡᠷᠭᠡ ᠭᠠᠵᠠᠷ ᠤᠳ ᠥᠪᠡᠷᠰᠡᠳ ᠢᠶᠡᠨ ᠬᠠᠭᠤᠷᠤᠨ᠎ᠠ᠃ ᠣᠨᠴᠠ ᠶᠢᠨ ᠲᠧᠭᠨᠣᠯᠣᠭᠢ ᠱᠠᠭᠠᠷᠳᠠᠯᠭ᠎ᠠ ᠦᠭᠡᠢ ᠪᠥᠭᠡᠳ ᠭᠡᠷ ᠲᠦ ᠪᠡᠨ ᠬᠠᠭᠠᠷᠢᠭᠤᠯ ᠤᠨ ᠲᠠᠪᠠᠭᠠᠨ ᠳᠤ ᠬᠠᠭᠤᠷᠤᠭᠰᠠᠨ ᠴᠤ ᠪᠣᠯᠬᠣᠷ ᠲᠤᠯᠠ ᠣᠶᠢᠷ᠎ᠠ ᠶᠢᠨ ᠵᠢᠯ  ᠲᠦᠭᠦᠬᠡᠢ ᠪᠤᠷᠴᠠᠭ ᠢ ᠵᠢᠵᠢᠭᠯᠡᠨ ᠵᠠᠷᠤᠬᠤ ᠨᠢ ᠨᠡᠯᠢᠶᠡᠳ ᠠᠵᠢᠭᠯᠠᠭᠳᠠᠬᠤ ᠪᠣᠯᠤᠭᠰᠠᠨ᠃

ᠺᠣᠹᠧ ᠪᠠ ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠳᠬᠡᠨ ᠰᠢᠩᠭᠡᠯᠡᠬᠦ᠂ ᠰᠢᠭᠡᠰᠦ ᠬᠥᠭᠡᠬᠦ᠂ ᠡᠷᠴᠢ ᠬᠦᠴᠦ ᠰᠡᠷᠭᠦᠭᠡᠬᠦ᠂ ᠱᠠᠭᠠᠷᠳᠠᠯᠭ᠎ᠠ ᠲᠠᠢ ᠦᠶ᠎ᠡ ᠳᠦ ᠨᠣᠶᠢᠷᠮᠤᠭᠯᠠᠬᠤ ᠠᠴᠠ ᠠᠪᠤᠷᠠᠬᠤ ᠭᠡᠬᠦ ᠮᠡᠲᠦ ᠠᠴᠢ ᠬᠣᠯᠪᠣᠭᠳᠠᠯ ᠲᠠᠢ ᠵᠦᠢᠯ ᠡᠨᠡ ᠤᠮᠳᠠᠭᠠᠨ ᠳᠤ ᠪᠤᠢ᠃ ᠭᠡᠪᠡᠴᠦ ᠶᠡᠬᠡ ᠬᠡᠮᠵᠢᠶ᠎ᠡ ᠪᠡᠷ ᠬᠡᠷᠡᠭᠯᠡᠭᠰᠡᠨ ᠲᠣᠬᠢᠶᠠᠯᠳᠤᠯ ᠳᠤ ᠵᠢᠷᠦᠬᠡ ᠰᠤᠳᠠᠰᠤᠨ ᠤ ᠡᠪᠡᠳᠴᠢᠨ ᠲᠤᠰᠤᠬᠤ᠂ ᠴᠢᠰᠤᠨ ᠳᠠᠬᠢ ᠾᠣᠯᠧᠰᠲ᠋ᠧᠷᠢᠨ ᠦ ᠬᠡᠮᠵᠢᠶ᠎ᠡ ᠨᠡᠮᠡᠭᠳᠡᠬᠦ᠂ ᠲᠣᠯᠣᠭᠠᠢ ᠡᠪᠡᠳᠬᠦ᠂ ᠶᠠᠰᠤᠨ ᠤ ᠰᠡᠶᠢᠷᠡᠭᠵᠢᠯ ᠳᠤ ᠪᠣᠯᠵᠤ ᠪᠣᠯᠵᠣᠰᠢ ᠦᠭᠡᠢ ᠭᠡᠳᠡᠭ᠃ ᠬᠠᠷᠢᠨ ᠪᠦᠳᠦᠭᠦᠨ ᠭᠡᠳᠡᠰᠦᠨ ᠦ ᠬᠣᠣᠷᠲᠤ ᠬᠠᠪᠤᠳᠠᠷ ᠠᠴᠠ ᠰᠡᠷᠭᠡᠶᠢᠯᠡᠬᠦ ᠨᠥᠯᠥᠭᠡ ᠦᠵᠡᠭᠦᠯᠳᠡᠭ ᠭᠡᠳᠡᠭ ᠢ ᠰᠤᠳᠤᠯᠭ᠎ᠠ ᠪᠠᠷ ᠪᠠᠲᠤᠯᠠᠵᠤ ᠴᠢᠳᠠᠭᠰᠠᠨ ᠭᠡᠨ᠎ᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠺᠣᠹᠧ
http://wiki.uhaan.com/index.php?title=ᠺᠣᠹᠧ&oldid=483776》 ᠍  ᠡᠴᠡ ᠠᠪᠤᠭᠰᠠᠨ

ᠪᠢᠴᠢᠭᠡᠰᠦ