ᠺᠣᠶᠢᠨᠰᠯᠡᠨᠳᠦ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠣᠶᠢᠨᠰᠯᠡᠨᠳᠦ᠋
Queensland
ᠺᠣ ᠶᠢᠨᠰᠯᠡᠨᠳᠡᠶᠢᠨ ᠳᠠᠯᠪᠠᠭ᠎ᠠ ᠺᠣ ᠶᠢᠨᠰᠯᠡᠨᠳᠡᠶᠢᠨ ᠰᠦᠯᠳᠡ
ᠳᠠᠯᠪᠠᠭ᠎ᠠ ᠰᠦᠯᠳᠡ
ᠯᠣᠽᠦ᠋ᠩ ᠪᠤᠶᠤ ᠬᠣᠴᠢ: Sunshine State, Smart State
(ᠨᠠᠷᠠᠯᠠᠭ ᠮᠤᠵᠢ ᠤᠯᠤᠰ᠂ ᠤᠬᠠᠭᠠᠯᠢᠭ ᠮᠤᠵᠢ ᠤᠯᠤᠰ)
ᠤᠷᠢᠶ᠎ᠠ: 《Audax at Fidelis》 (ᠵᠣᠷᠢᠭᠲᠠᠢ ᠪᠥᠭᠡᠳ ᠦᠨᠡᠨᠴᠢ)
ᠺᠣ ᠶᠢᠨᠰᠯᠡᠨᠳᠡᠶᠢᠭ ᠲᠣᠳᠣᠷᠠᠭᠤᠯᠤᠭᠰᠠᠨ ᠭᠠᠵᠠᠷ ᠤᠨ ᠵᠢᠷᠤᠭ
ᠠᠦᠢᠰᠲ᠋ᠷᠯᠢᠶ᠎ᠠ ᠶᠢᠨ ᠪᠤᠰᠤᠳ ᠮᠤᠵᠢ᠂ ᠨᠤᠲᠤᠭ ᠳᠡᠪᠢᠰᠬᠡᠷ
ᠨᠡᠶᠢᠰᠯᠡᠯ ᠪᠷᠢᠰᠪᠡᠨ
ᠬᠠᠮᠤᠭ ᠤᠨ ᠲᠣᠮᠣ ᠬᠣᠲᠠ ᠪᠷᠢᠰᠪᠡᠨ
ᠵᠠᠰᠠᠭ ᠤᠨ ᠭᠠᠵᠠᠷ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ
ᠵᠠᠬᠢᠷᠤᠭᠴᠢ ᠫᠧᠨᠧᠯᠫ ᠸᠡᠩᠯᠢ
ᠶᠡᠷᠦᠩᠬᠡᠢ ᠰᠠᠶᠢᠳ ᠠᠨᠠ ᠪᠯᠠᠢ (ᠯᠠᠢᠪᠣᠷ)
ᠬᠣᠯᠪᠣᠭᠠᠨ ᠤ ᠲᠥᠯᠥᠭᠡᠯᠡᠯ
 - ᠲᠠᠩᠬᠢᠮ ᠤᠨ ᠰᠠᠭᠤᠳᠠᠯ 29
 - ᠰᠧᠨᠠᠲ ᠤᠨ ᠰᠠᠭᠤᠳᠠᠯ 12
ᠨᠡᠶᠢᠲᠡ ᠪᠦᠲᠦᠭᠡᠭᠳᠡᠬᠦᠨ (2006-2007)
 - ᠪᠦᠲᠦᠭᠡᠭᠳᠡᠬᠦᠨ ($ᠰᠠᠶ᠋ᠢ)  187,339[1] (3)
 - ᠨᠢᠭᠡ ᠬᠦᠨᠳᠦ ᠨᠣᠭᠳᠠᠬᠤ  $45,496 (6)
ᠬᠦᠮᠦᠨ ᠠᠮᠠ (2007)
 - ᠬᠦᠮᠦᠨ ᠠᠮᠠ  4,182,100 (3)
 - ᠨᠢᠭᠲᠠᠰᠢᠯ  2.42/км² (5)
6.3 /ᠠᠮᠠ ᠮᠢᠯ
ᠨᠤᠲᠤᠭ ᠳᠡᠪᠢᠰᠬᠡᠷ  
 - ᠨᠡᠶᠢᠲᠡ  1,852,642 км²
 - ᠬᠠᠭᠤᠷᠠᠢ ᠭᠠᠵᠠᠷ 1,730,648 км²
 - ᠤᠰᠤ 121,994 км² (6.58%)
ᠡᠷᠭᠦᠭᠳᠡᠯ  
 - ᠬᠠᠮᠤᠭ ᠤᠨ ᠥᠨᠳᠥᠷ ᠪᠠᠷᠲᠤᠯ ᠹᠷᠢᠷ ᠠᠭᠤᠯᠠ
1,622 ᠮ
 - ᠬᠠᠮᠤᠭ ᠤᠨ ᠨᠠᠮ ᠳᠠᠯᠠᠢ ᠶᠢᠨ ᠲᠦᠪᠰᠢᠨ
ᠴᠠᠭ ᠤᠨ ᠪᠥᠰᠡ +10 (ᠵᠤᠨ ᠤ ᠴᠠᠭ ᠤᠨ ᠲᠣᠭᠠᠯᠠᠯ ᠪᠠᠶᠢᠬᠤ ᠦᠭᠡᠢ)
ᠲᠣᠪᠴᠢᠯᠠᠯ ᠤᠳ  
 - ᠰᠢᠤᠳᠠᠨ QLD
 - ISO 3166-2 AU-QLD
ᠪᠡᠯᠭᠡᠳᠡᠯ ᠦᠳ  
 - ᠠᠮᠢᠲᠠᠨ ᠺᠣᠯᠠ
 - ᠤᠷᠭᠤᠮᠠᠯ ᠺᠦᠶᠢᠺᠲ᠋ᠠᠤᠨ ᠤ ᠴᠠᠬᠢᠷᠮ᠎ᠠ
 - ᠰᠢᠪᠠᠭᠤ ᠠᠦᠢᠰᠲ᠋ᠷᠯᠢᠶ᠎ᠠ ᠲᠣᠭᠣᠷᠤᠤ (Grus rubicunda)
 - ᠤᠰᠤᠨ ᠤ ᠠᠮᠢᠲᠠᠨ ᠶᠡᠬᠡ ᠱᠢᠷᠦᠨ ᠬᠠᠭᠠᠯᠲᠠᠨ ᠤ ᠠᠯᠢᠶᠠᠯᠠᠭᠴᠢ ᠵᠢᠭᠠᠰᠤ
(Amphiprion akindynos)
 - ᠥᠩᠭᠡ ᠡᠯᠢᠭᠡᠨ ᠬᠦᠷᠢᠨ
 - ᠡᠷᠳᠡᠨᠢ ᠶᠢᠨ ᠴᠢᠯᠠᠭᠤ ᠢᠨᠳᠠᠷᠠᠨᠢᠯᠠ
ᠸᠪᠰᠠᠢ ᠳᠤ www.qld.gov.au

ᠺᠣᠶᠢᠨᠰᠯᠡᠨᠳᠦ᠋ ᠨᠢ ᠲᠤᠰ ᠲᠢᠪ ᠦᠨ ᠵᠡᠭᠦᠨ ᠬᠣᠶᠢᠳᠤ ᠪᠤᠯᠤᠨ ᠢ ᠡᠵᠡᠯᠡᠨ ᠣᠷᠣᠰᠢᠳᠠᠭ ᠠᠦᠢᠰᠲ᠋ᠷᠯᠢᠶ᠎ᠠ ᠍ ᠶᠢᠨ ᠨᠢᠭᠡᠨ ᠮᠤᠵᠢ ᠤᠯᠤᠰ ᠶᠤᠮ᠃ ᠪᠠᠷᠠᠭᠤᠨ ᠲᠠᠯ᠎ᠠ ᠪᠠᠷ ᠢᠶᠠᠨ ᠬᠣᠶᠢᠳᠤ ᠨᠤᠲᠤᠭ ᠳᠡᠪᠢᠰᠬᠡᠷ᠂ ᠪᠠᠷᠠᠭᠤᠨ ᠡᠮᠦᠨᠡᠲᠦ ᠲᠠᠯ᠎ᠠ ᠪᠠᠷ ᠢᠶᠠᠨ ᠡᠮᠦᠨᠡᠲᠦ ᠠᠦᠢᠰᠲ᠋ᠷᠯᠢᠶ᠎ᠠ᠂ ᠡᠮᠦᠨᠡᠲᠦ ᠲᠠᠯ᠎ᠠ ᠪᠠᠷ ᠢᠶᠠᠨ ᠰᠢᠨ᠎ᠡ ᠡᠮᠦᠨᠡᠲᠦ ᠸᠯᠰᠲᠡᠢ ᠲᠤᠰ ᠲᠤᠰ ᠬᠢᠯᠢᠯᠡᠳᠡᠭ᠃ ᠵᠡᠭᠦᠨ ᠲᠠᠯ᠎ᠠ ᠪᠠᠷ ᠢᠶᠠᠨ ᠱᠢᠷᠦᠨ ᠲᠡᠩᠭᠢᠰᠨᠣᠮᠣᠬᠠᠨ ᠳᠠᠯᠠᠢᠭᠠ ᠪᠠᠷ ᠬᠦᠷᠢᠶᠡᠯᠡᠭᠳᠡᠨ᠎ᠡ᠃ ᠺᠣᠶᠢᠨᠰᠯᠡᠨᠳᠦ᠋ ᠨᠢ ᠨᠤᠲᠤᠭ ᠳᠡᠪᠢᠰᠬᠡᠷ ᠢᠶᠡᠷ ᠠᠦᠢᠰᠲ᠋ᠷᠯᠢᠶ᠎ᠠ ᠳᠤ ᠪᠠᠨ ᠪᠠᠷᠠᠭᠤᠨ ᠠᠦᠢᠰᠲ᠋ᠷᠯᠢᠶ᠎ᠠ ᠍ ᠶᠢᠨ ᠳᠠᠷᠠᠭ᠎ᠠ ᠬᠣᠶᠠᠷ ᠲᠤ ᠣᠷᠣᠳᠠᠭ᠂ ᠬᠦᠮᠦᠨ ᠠᠮᠠ ᠪᠠᠷ ᠢᠶᠠᠨ ᠰᠢᠨ᠎ᠡ ᠡᠮᠦᠨᠡᠲᠦ ᠸᠯᠰ᠂ ᠸᠢᠺᠲ᠋ᠣᠷᠢᠭ᠎ᠠ ᠶᠢᠨ ᠳᠠᠷᠤᠭ᠎ᠠ ᠭᠤᠷᠪᠠ ᠳᠤ ᠣᠷᠣᠳᠠᠭ ᠮᠤᠵᠢ ᠤᠯᠤᠰ ᠪᠣᠯᠤᠨ᠎ᠠ᠃

ᠲᠤᠰ ᠮᠤᠵᠢ ᠤᠯᠤᠰ ᠤᠨ ᠨᠤᠲᠤᠭ ᠳᠡᠪᠢᠰᠬᠡᠷ ᠢ ᠠᠩᠬ᠎ᠠ 40,000-65,000 ᠵᠢᠯ ᠦᠨ ᠡᠮᠦᠨ᠎ᠡ ᠢᠷᠡᠵᠡᠭᠡᠭᠰᠡᠨ ᠠᠭᠤᠭᠤᠯ ᠠᠦᠢᠰᠲᠷᠠᠯᠢᠴᠢ ᠨᠤᠭᠤᠳ ᠪᠣᠯᠤᠨ ᠲᠣᠷᠷᠧᠰ ᠪᠤᠯᠤᠩ ᠤᠨ ᠠᠷᠠᠯ ᠤᠨ ᠬᠢᠨ ᠺᠣᠯᠣᠨᠢᠴᠢᠯᠠᠭᠰᠠᠨ ᠢ ᠬᠤᠭᠤᠴᠠᠭ᠎ᠠ ᠲᠣᠭᠲᠠᠭᠠᠬᠤ ᠶᠠᠩᠵᠤ ᠪᠦᠷᠢ ᠶᠢᠨ ᠠᠷᠭ᠎ᠠ ᠪᠠᠷ ᠲᠣᠭᠲᠠᠭᠠᠭᠰᠠᠨ ᠪᠣᠯᠤᠨ᠎ᠠ᠃[2] ᠰᠡᠭᠦᠯ ᠳᠦ 1859 ᠣᠨ ᠤ ᠵᠢᠷᠭᠤᠳᠤᠭᠠᠷ ᠰᠠᠷ᠎ᠠ ᠶᠢᠨ 6 ᠍ ᠳᠦ ᠺᠣ ᠶᠢᠨᠰᠯᠡᠨᠳᠡᠶᠢᠭ ᠰᠢᠨ᠎ᠡ ᠡᠮᠦᠨᠡᠲᠦ ᠸᠯᠰ ᠡᠴᠡ ᠲᠠᠰᠤᠳᠠᠨ ᠠᠪᠴᠤ ᠪᠷᠢᠲ᠋ᠠᠨ(ᠠᠩᠭᠯᠢ) ᠤᠨ ᠲᠢᠲᠢᠮ ᠦᠨ ᠺᠣᠯᠣᠨᠢ ᠪᠣᠯᠭᠠᠭᠰᠠᠨ ᠢ ᠡᠳᠦᠭᠡ ᠺᠣ ᠶᠢᠨᠰᠯᠡᠨᠳᠡᠶᠢᠨ ᠡᠳᠦᠷ ᠪᠣᠯᠭᠠᠨ ᠵᠢᠯ ᠪᠦᠷᠢ ᠲᠡᠮᠳᠡᠭᠯᠡᠳᠡᠭ᠃ ᠥᠨᠥᠳᠥᠷ ᠪᠷᠢᠰᠪᠡᠨ ᠬᠣᠲᠠ ᠪᠠᠶᠢᠭ᠎ᠠ ᠨᠤᠲᠤᠭ ᠢ ᠠᠩᠬ᠎ᠠ ᠮᠣᠷᠧᠲ᠋ᠣᠨ ᠪᠤᠯᠤᠨᠭᠡᠶᠢᠨ ᠬᠤᠷᠢᠬᠤ ᠠᠩᠭᠢ ᠪᠣᠯᠭᠠᠨ ᠠᠰᠢᠭᠯᠠᠵᠤ ᠪᠠᠶᠢᠭᠰᠠᠨ ᠪᠥᠭᠡᠳ ᠰᠢᠨ᠎ᠡ ᠡᠮᠦᠨᠡᠲᠦ ᠸᠯᠰ ᠲᠦ ᠶᠠᠯ᠎ᠠ ᠪᠠᠨ ᠡᠳ᠋ᠯᠡᠵᠦ ᠪᠠᠶᠢᠬᠤ ᠬᠤᠭᠤᠴᠠᠭᠠᠨ ᠳᠤ ᠪᠠᠨ ᠳᠠᠬᠢᠨ ᠭᠡᠮᠲᠦ ᠬᠡᠷᠡᠭ ᠦᠢᠯᠡᠳᠦᠭᠰᠡᠨ ᠷᠧᠼᠢᠳᠢᠪ ᠭᠡᠮᠲᠦ ᠬᠡᠷᠡᠭᠲᠡᠨ ᠨᠦᠭᠦᠳ ᠢ ᠡᠨᠳᠡ ᠬᠣᠷᠢᠵᠤ ᠪᠠᠶᠢᠭᠰᠠᠨ᠃ ᠲᠤᠰ ᠮᠤᠵᠢ ᠤᠯᠤᠰ ᠰᠡᠭᠦᠯ ᠳᠦ ᠨᠡᠭᠦᠳᠡᠯᠯᠡᠨ ᠢᠷᠡᠭᠰᠡᠳ ᠢ ᠬᠥᠬᠥᠦᠯᠡᠨ ᠳᠡᠮᠵᠢᠳᠡᠭ ᠪᠣᠳᠣᠯᠭ᠎ᠠ ᠶᠠᠪᠤᠭᠤᠯᠬᠤ ᠪᠣᠯᠤᠭᠰᠠᠨ ᠪᠥᠭᠡᠳ ᠥᠨᠥᠳᠥᠷ ᠺᠣ ᠶᠢᠨᠰᠯᠡᠨᠳᠡᠶᠢᠨ ᠡᠳ᠋ ᠍ ᠦᠨ ᠵᠠᠰᠠᠭ ᠲᠤ ᠬᠥᠳᠡᠭᠡ ᠠᠵᠤ ᠠᠬᠤᠢ᠂ ᠠᠶᠠᠯᠠᠯ ᠵᠢᠭᠤᠯᠴᠢᠯᠠᠯ᠂ ᠪᠠᠶᠢᠭᠠᠯᠢ ᠶᠢᠨ ᠪᠠᠶᠠᠯᠢᠭ ᠤᠨ ᠰᠠᠯᠪᠤᠷᠢ ᠳᠠᠪᠠᠮᠠᠭᠠᠶᠢᠯᠠᠳᠠᠭ᠃

ᠬᠦᠮᠦᠨ ᠠᠮᠠ ᠨᠢ ᠵᠡᠭᠦᠨ ᠡᠮᠦᠨᠡᠲᠦ ᠺᠣ ᠶᠢᠨᠰᠯᠡᠩᠳᠡ ᠳᠦ ᠲᠥᠪᠯᠡᠷᠡᠨ ᠰᠠᠭᠤᠳᠠᠭ ᠪᠥᠭᠡᠳ ᠲᠡᠷᠡ ᠪᠥᠰᠡ ᠨᠤᠲᠤᠭ ᠲᠤ ᠨᠡᠶᠢᠰᠯᠡᠯ ᠪᠷᠢᠰᠪᠡᠨ᠂ ᠯᠦᠭᠡᠨ᠂ ᠢᠫᠰᠸᠢᠴ᠂ ᠲᠡᠭᠦᠪᠢᠭᠦᠮᠪᠠ ᠬᠣᠲᠠ ᠠᠴᠠ ᠭᠠᠳᠠᠨ᠎ᠠ᠂ ᠭᠦᠯ ᠳᠦ ᠺᠦᠰ ᠲᠦ᠂ ᠰᠠᠨᠱᠠᠢ ᠶᠢᠨ ᠺᠦᠰ ᠲᠦ ᠡᠷᠭᠢ ᠪᠠᠶᠢᠳᠠᠭ᠃ ᠺᠣᠶᠢᠨᠰᠯᠡᠨᠳᠦ᠋ ᠳᠤᠯᠠᠭᠠᠨ ᠠᠭᠤᠷ ᠠᠮᠢᠰᠬᠤᠯ ᠲᠠᠢ᠂ ᠶᠡᠬᠡᠬᠡᠨ ᠬᠡᠰᠡᠭ ᠨᠢ ᠲᠷᠣᠫᠢᠺ ᠤᠨ ᠪᠥᠰᠡ ᠳᠦ ᠪᠠᠭᠲᠠᠳᠠᠭ ᠲᠤᠯᠠ ᠨᠠᠷᠠᠯᠠᠭ ᠮᠤᠵᠢ ᠤᠯᠤᠰ ᠭᠡᠵᠦ ᠬᠣᠴᠢᠯᠠᠳᠠᠭ᠃

ᠯᠠᠪᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ