ᠺᠣᠮᠫᠢᠶᠦ᠋ᠲ᠋ᠧᠷ ᠦᠨ ᠳᠡᠯᠭᠡᠴᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠣᠮᠫᠢᠶᠦ᠋ᠲ᠋ᠧᠷ ᠦᠨ ᠳᠡᠯᠭᠡᠴᠡ

ᠳᠡᠯᠭᠡᠴᠡ (ᠣᠷᠣᠰ: ᠮᠣᠨᠢᠲ᠋ᠣᠷ) ᠪᠣᠯ ᠲᠣᠭᠠᠨ ᠳᠣᠬᠢᠶ᠎ᠠ ᠪᠠᠷ ᠳᠠᠮᠵᠢᠨ ᠵᠢᠷᠤᠭ᠂ ᠡᠬᠡ ᠪᠢᠴᠢᠭ ᠢ ᠲᠦᠷ ᠵᠠᠭᠤᠷ᠎ᠠ ᠬᠠᠷᠠᠭᠤᠯᠳᠠᠭ ᠺᠣᠮᠫᠢᠶᠦ᠋ᠲ᠋ᠧᠷ ᠦᠨ ᠲᠣᠨᠣᠭᠯᠠᠯ ᠶᠤᠮ᠃ ᠺᠣᠮᠫᠢᠶᠦ᠋ᠲ᠋ᠧᠷ ᠦᠨ ᠳᠡᠯᠭᠡᠴᠡ ᠨᠢ ᠨᠢᠭᠡ ᠪᠣᠯ ᠺᠠᠲ᠋ᠣᠳ ᠲᠤᠶᠠᠭᠠᠨ ᠤ ᠬᠣᠭᠣᠯᠠᠢ᠂ ᠨᠢᠭᠡ ᠪᠣᠯ ᠰᠢᠩᠭᠡᠨ ᠪᠣᠯᠣᠷ ᠳᠡᠯᠭᠡᠴᠡ ᠭᠡᠬᠦ ᠮᠡᠲᠦ ᠨᠢᠮᠭᠡᠨ ᠳᠡᠯᠭᠡᠴᠡ ᠪᠠᠶᠢᠳᠠᠭ᠃

ᠳᠡᠯᠭᠡᠴᠡ ᠨᠢ ᠰᠢᠭᠤᠳ ᠲᠡᠵᠢᠭᠡᠯ ᠢᠶᠡᠨ ᠴᠠᠬᠢᠯᠭᠠᠨ ᠡᠬᠢ ᠡᠭᠦᠰᠪᠦᠷᠢ ᠡᠴᠡ ᠠᠪᠳᠠᠭ ᠪᠥᠭᠡᠳ ᠲᠡᠭᠦᠨ ᠦ ᠭᠠᠳᠠᠨ᠎ᠠ ᠪᠠᠶᠢᠭ᠎ᠠ ᠲᠣᠪᠴᠢᠯᠠᠭᠤᠷ ᠤᠨ ᠲᠤᠰᠠᠯᠠᠮᠵᠢ ᠲᠠᠢ ᠪᠠᠷ ᠳᠡᠯᠭᠡᠴᠡ ᠶᠢᠨ ᠬᠡᠯᠪᠡᠷᠢ ᠶᠢ ᠥᠭᠡᠷᠡᠴᠢᠯᠡᠬᠦ᠂ ᠥᠷᠭᠡᠰᠬᠡᠬᠦ᠂ ᠥᠨᠳᠥᠷᠰᠬᠡᠬᠦ᠂ ᠥᠩᠭᠡᠨ ᠦ ᠭᠡᠷᠡᠯᠲᠦᠯ ᠳᠦ᠂ ᠲᠣᠳᠣᠷᠠᠯ᠂ ᠪᠠᠶᠢᠷᠢᠯᠠᠯ ᠵᠡᠷᠭᠡ ᠶᠢ ᠲᠣᠬᠢᠷᠠᠭᠤᠯᠤᠨ ᠥᠭᠡᠷᠡᠴᠢᠯᠡᠬᠦ ᠪᠣᠯᠤᠮᠵᠢ ᠲᠠᠢ ᠪᠠᠶᠢᠳᠠᠭ᠃ ᠠᠩᠬᠠᠯᠠᠨ ᠲᠧᠯᠧᠸᠢᠰ ᠢ ᠡᠩᠲ᠋ᠧᠷᠲ᠋ᠠᠶᠢᠮᠡᠨ ᠳᠦ ᠵᠣᠷᠢᠯᠭ᠎ᠠ ᠪᠠᠷ ᠮᠡᠳᠡᠭᠡᠯᠡᠯ ᠪᠣᠯᠪᠠᠰᠤᠷᠠᠭᠤᠯᠤᠨ ᠠᠰᠢᠭᠯᠠᠵᠤ ᠡᠬᠢᠯᠡᠵᠡᠢ᠃ ᠵᠠᠷᠢᠮ ᠲᠧᠯᠧᠸᠢᠽ ᠺᠣᠮᠫᠢᠶᠦ᠋ᠲ᠋ᠧᠷ ᠦᠨ ᠠᠵᠢᠯᠯᠠᠭ᠎ᠠ ᠶᠢ ᠬᠡᠷᠡᠭᠵᠢᠭᠦᠯᠵᠦ ᠪᠠᠶᠢᠭ᠎ᠠ ᠴᠤ 1980 ᠍ ᠊ᠭᠠᠳ ᠣᠨ ᠠᠴᠠ ᠡᠬᠢᠯᠡᠨ ᠺᠣᠮᠫᠢᠶᠦ᠋ᠲ᠋ᠧᠷ (ᠲᠡᠳᠡᠨ ᠦ ᠮᠣᠨᠢᠲ᠋ᠣᠷ), ᠮᠡᠳᠡᠭᠡᠯᠡᠯ ᠢ ᠪᠣᠯᠪᠠᠰᠤᠷᠠᠭᠤᠯᠬᠤ᠂ ᠡᠩᠲ᠋ᠧᠷᠲ᠋ᠠᠶᠢᠮᠡᠨ ᠳᠦ ᠠᠯᠢ ᠠᠯᠢᠨ ᠳᠤ ᠨᠢ ᠠᠰᠢᠭᠯᠠᠵᠤ ᠪᠠᠶᠢᠨ᠎ᠠ᠃ ᠨᠡᠶᠢᠲᠡ ᠪᠡᠷ ᠢᠶᠡᠨ ᠮᠣᠨᠢᠲ᠋ᠣᠷ ᠪᠣᠯᠤᠨ ᠲᠧᠯᠡᠸᠢᠰ ᠤᠨ ᠬᠠᠷᠢᠴᠠᠭ᠎ᠠ ᠥᠭᠡᠷᠡᠴᠢᠯᠡᠭᠳᠡᠨ 4:3᠎ᠠ ᠠᠴᠠ 16:9 ᠪᠣᠯᠤᠨ 16:10 ᠪᠣᠯᠤᠭᠰᠠᠨ ᠶᠤᠮ᠃ .

ᠸᠢᠭᠮᠧᠳᠢᠶᠠ ᠵᠢᠷᠤᠭ ᠤᠨ ᠰᠠᠩ:
«ᠺᠣᠮᠫᠢᠶᠦ᠋ᠲ᠋ᠧᠷ ᠦᠨ ᠳᠡᠯᠭᠡᠴᠡ»

ᠠᠩᠬᠠᠨ ᠤ ᠴᠠᠬᠢᠯᠭᠠᠨ ᠺᠣᠮᠫᠢᠶᠦ᠋ᠲ᠋ᠧᠷ ᠦᠳ ᠳᠣᠲᠣᠷ᠎ᠠ ᠪᠠᠨ ᠭᠡᠷᠡᠯ ᠦᠨ ᠴᠢᠳᠧᠩ ᠠᠰᠢᠭᠯᠠᠳᠠᠭ ᠪᠠᠶᠢᠭᠰᠠᠨ ᠪᠠ ᠭᠠᠳᠠᠨ᠎ᠠ ᠲᠠᠯ᠎ᠠ ᠳᠤ ᠪᠠᠨ ᠤᠨᠲᠠᠷᠠᠭᠠᠵᠤ ᠠᠰᠠᠭᠠᠬᠤ ᠲᠣᠪᠴᠢᠯᠠᠭᠤᠷ ᠲᠠᠢ ᠪᠠᠶᠢᠭᠰᠠᠨ᠃ ᠳᠡᠯᠭᠡᠴᠡ ᠶᠢᠨ ᠦᠢᠯᠡ ᠠᠵᠢᠯᠯᠠᠭ᠎ᠠ ᠶᠢ ᠬᠥᠭᠵᠢᠭᠦᠯᠦᠭᠴᠢ ᠢᠨᠵᠧᠨᠧᠷ ᠦᠳ ᠶᠡᠷᠦᠩᠬᠡᠢ ᠶᠡᠬᠡ ᠪᠡᠶ᠎ᠡ ᠨᠢ ᠭᠡᠷᠡᠯ ᠢᠶᠡᠷ ᠪᠥᠷᠢᠳᠴᠦ ᠪᠠᠶᠢᠭᠰᠠᠨ ᠤᠴᠢᠷ ᠮᠣᠨᠢᠲ᠋ᠣᠷ ᠬᠡᠮᠡᠨ ᠨᠡᠷᠡᠯᠡᠵᠡᠢ᠃ ᠬᠠᠮᠤᠭ ᠤᠨ ᠡᠬᠢᠨ ᠦ ᠦᠶ᠎ᠡ ᠶᠢᠨ ᠳᠡᠯᠭᠡᠴᠡ ᠨᠦᠭᠦᠳ ᠮᠠᠰᠢ ᠪᠠᠭ᠎ᠠ ᠬᠡᠮᠵᠢᠶᠡᠨ ᠦ ᠮᠡᠳᠡᠭᠡᠯᠡᠯ ᠢ᠂ ᠲᠤᠩ ᠪᠣᠭᠣᠨᠢᠬᠠᠨ ᠬᠤᠭᠤᠴᠠᠭᠠᠨ ᠳᠤ ᠬᠠᠷᠠᠭᠤᠯᠵᠤ ᠴᠢᠳᠠᠳᠠᠭ ᠪᠠᠶᠢᠭᠰᠠᠨ᠃ ᠶᠠᠭ ᠡᠨᠡ ᠦᠶ᠎ᠡ ᠳᠦ ᠢᠯᠡᠭᠦᠦ ᠨᠠᠶᠢᠳᠠᠪᠤᠷᠢᠲᠠᠢ ᠬᠡᠳᠦᠨ ᠠᠷᠪᠠᠨ ᠭᠡᠷᠡᠯ ᠦᠨ ᠬᠦᠴᠦᠨ ᠴᠢᠳᠠᠯ ᠪᠦᠬᠦᠢ Ray tube ᠪᠤᠶᠤ ᠲᠤᠶᠠᠭᠠᠨ ᠤ ᠬᠣᠭᠣᠯᠠᠢ ᠶᠢ ᠵᠣᠬᠢᠶᠠᠨ ᠪᠦᠲᠦᠭᠡᠵᠡᠢ᠃

ᠪᠢᠴᠢᠭᠡᠰᠦ