ᠺᠢᠷᠧᠨᠧ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠢᠷᠧᠨᠧ ᠳ᠋ᠡᠬᠢ ᠠᠷᠬᠧᠣᠯᠣᠭᠢ ᠶᠢᠨ ᠪᠥᠰᠡ*
United Nations Educational Scientific and Cultural Organization ᠍ ᠶᠢᠨ ᠳᠡᠯᠡᠬᠡᠢ ᠶᠢᠨ ᠥᠪ

Cyrene1.jpg
ᠺᠢᠷᠧᠨᠢ ᠶᠢᠨ ᠲᠤᠷ᠎ᠠ
ᠲᠥᠷᠥᠯ ᠰᠤᠶᠤᠯ ᠤᠨ
ᠰᠢᠯᠭᠠᠭᠤᠷ ii, iii, vi
ᠳ᠋ᠤᠭᠠᠷ 190
ᠪᠥᠰᠡ** ᠠᠹᠷᠢᠺᠠ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1982  (8 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠺᠢᠷᠧᠨᠧ

ᠺᠢᠷᠧᠨᠧ (ᠠᠩᠭᠯᠢ ᠬᠡᠯᠡ:Cyrene) ᠨᠢ ᠥᠨᠥ ᠶᠢᠨ ᠯᠢᠪᠢᠶ ᠠ ᠤᠯᠤᠰ ᠤᠨ ᠨᠤᠲᠤᠭ ᠲᠤ ᠤᠷᠤᠰᠢᠬᠤ ᠡᠷᠲᠡᠨ ᠦ ᠭᠷᠧᠺᠡᠶᠢᠨ ᠺᠣᠯᠣᠨᠢ ᠪᠥᠭᠡᠳ ᠲᠤᠰ ᠪᠥᠰᠡ ᠨᠤᠲᠤᠭ ᠳᠠᠬᠢ ᠡᠷᠲᠡᠨ ᠦ 5 ᠬᠣᠲᠠ ᠶᠢᠨ ᠲᠤᠭᠤᠷᠢ ᠶᠤᠮ᠃ ᠡᠷᠲᠡᠨ ᠦ ᠭᠷᠧᠺ ᠦᠳ ᠥᠨᠥ ᠶᠢᠨ ᠯᠢᠪ ᠢ ᠠᠫᠣᠯᠯᠠᠨᠢ ᠣᠩᠭᠣᠨ ᠭᠠᠵᠠᠷ ᠪᠤᠶᠤ ᠺᠢᠷᠧᠨ ᠤᠺᠠ ᠭᠡᠳᠡᠭ ᠪᠠᠶᠢᠪᠠ᠃

ᠺᠢᠷᠧᠨᠧ ᠨᠢ ᠳᠡᠯᠡᠬᠡᠢ ᠶᠢᠨ ᠥᠪ ᠳᠤ 1982 ᠣᠨ ᠳᠤ ᠪᠠᠭᠲᠤᠭᠰᠠᠨ ᠪᠥᠭᠡᠳ ᠬᠦᠮᠦᠨ ᠲᠥᠷᠥᠯᠬᠢᠲᠡᠨ ᠦ ᠰᠤᠶᠤᠯ ᠳᠠᠪᠲᠠᠭᠳᠠᠰᠢ ᠦᠭᠡᠢ ᠳᠤᠷᠠᠰᠬᠠᠯ ᠤᠳ ᠤᠨ ᠨᠢᠭᠡ ᠶᠠᠭᠤᠮ᠎ᠠ᠃


ᠡᠭᠦᠰᠦᠯ᠂ ᠴᠡᠴᠡᠭᠯᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 630 ᠣᠨ ᠳᠤ ᠲᠧᠷᠠᠭ ᠤᠨ (ᠥᠨᠥ ᠶᠢᠨ ᠭᠷᠧᠺ ᠦᠨ ᠰᠠᠨᠲ᠋ᠣᠷᠢᠨᠢ) ᠬᠠᠭᠠᠨ ᠪᠠᠲᠤᠲᠤᠰ I ᠲᠤᠰ ᠭᠠᠵᠠᠷ ᠢ ᠡᠵᠡᠮᠰᠢᠯ ᠳᠦ ᠪᠡᠨ ᠠᠪᠴᠤ᠂ ᠺᠢᠷᠧᠨ ᠢ ᠦᠨᠳᠦᠰᠦᠯᠡᠵᠡᠢ᠃ ᠲᠤᠰ ᠬᠣᠲᠠ ᠶᠢ ᠬᠡᠷᠬᠢᠨ ᠪᠠᠶᠢᠭᠤᠯᠤᠭᠰᠠᠨ ᠲᠠᠯ᠎ᠠ ᠪᠠᠷ ᠭᠧᠷᠣᠳᠣᠳ 《ᠲᠡᠦᠬᠡ》 ᠨᠣᠮ ᠤᠨ ᠢᠶᠠᠨ 4 ᠍ ᠳᠦᠭᠡᠷ ᠪᠣᠲᠢ ᠳᠤ ᠨᠡᠯᠢᠶᠡᠳ ᠲᠣᠳᠣᠷᠬᠠᠢ ᠦᠭᠦᠯᠡᠭᠰᠡᠨ ᠪᠠᠶᠢᠳᠠᠭ᠃ ᠮᠠᠨ ᠤ ᠡᠷᠡᠨ ᠦ ᠡᠮᠦᠨ᠎ᠡ V ᠵᠠᠭᠤᠨ ᠭᠡᠬᠦ ᠳᠦ ᠺᠢᠷᠧᠨᠧ ᠬᠣᠲᠠ ᠨᠢ ᠪᠥᠰᠡ ᠨᠤᠲᠤᠭ ᠤᠨ ᠢᠶᠠᠨ ᠬᠠᠮᠤᠭ ᠤᠨ ᠬᠦᠴᠦᠷᠬᠡᠭ ᠲᠥᠪ ᠪᠣᠯᠵᠤ ᠴᠢᠳᠠᠭᠰᠠᠨ ᠪᠠᠶᠢᠨ᠎ᠠ᠃ ᠬᠠᠭᠠᠨᠲᠤ ᠵᠠᠰᠠᠭ ᠪᠦᠬᠦᠢ ᠤᠭ ᠬᠣᠲᠠ ᠶᠢᠨ ᠬᠢᠨ ᠭᠷᠧᠺ ᠦᠨ ᠪᠦᠬᠦ ᠬᠣᠲᠠ ᠨᠤᠭᠤᠳ ᠲᠠᠢ ᠠᠷᠠᠯᠵᠢᠶ᠎ᠠ ᠨᠠᠶᠢᠮᠠᠭᠠᠨ ᠤ ᠬᠠᠷᠢᠯᠴᠠᠭ᠎ᠠ ᠲᠠᠢ ᠪᠠᠶᠢᠭᠰᠠᠨ ᠲᠡᠳᠦᠢ ᠦᠭᠡᠢ᠂ ᠺᠠᠷᠹᠠᠭᠧᠨᠢᠭᠢᠭ ᠶᠸᠵᠠᠫᠲᠲᠡᠢ ᠬᠤᠯᠪᠤᠬᠤ ᠲᠦᠯᠬᠢᠭᠦᠷ ᠬᠣᠲᠠ ᠪᠣᠯᠵᠤ ᠪᠠᠶᠢᠴᠠᠢ᠃ ᠲᠤᠰ ᠬᠣᠲᠠ ᠶᠢᠨ ᠬᠢᠨ ᠤ ᠠᠷᠠᠯᠵᠢᠶᠠᠨ ᠤ ᠭᠣᠣᠯ ᠪᠦᠲᠦᠭᠡᠭᠳᠡᠬᠦᠨ ᠨᠢ ᠰᠡᠯᠹᠢᠦᠶᠢᠮ ᠬᠡᠮᠡᠬᠦ ᠡᠮ ᠦᠨ ᠤᠷᠭᠤᠮᠠᠯ ᠪᠠᠶᠢᠭᠰᠠᠨ ᠪᠥᠭᠡᠳ ᠲᠡᠭᠦᠨ ᠢ ᠪᠡᠨ ᠥᠪᠡᠷ ᠦᠨ ᠵᠣᠭᠣᠰᠣᠨᠳᠣᠣ ᠳᠦᠷᠰᠦᠯᠡᠭᠰᠡᠨ ᠪᠠᠶᠢᠳᠠᠭ᠃

ᠮᠠᠨ ᠤ ᠡᠷᠡᠨ ᠦ ᠡᠮᠦᠨ᠎ᠡ 460 ᠣᠨ ᠤ ᠣᠷᠴᠢᠮ ᠳᠤ ᠪᠦᠭᠦᠳᠡ ᠨᠠᠶᠢᠷᠠᠮᠳᠠᠬᠤ ᠵᠠᠰᠠᠭᠯᠠᠯ ᠍ ᠢ ᠬᠦᠯᠢᠶᠡᠨ ᠠᠪᠤᠭᠰᠠᠨ ᠪᠠᠶᠢᠨ᠎ᠠ᠃ ᠮᠠᠨ ᠤ ᠡᠷᠡᠨ ᠦ ᠡᠮᠦᠨ᠎ᠡ 323 ᠣᠨ ᠳᠤ ᠠᠤᠭ᠎ᠠ ᠠᠯᠧᠺᠰᠠᠨᠳᠠᠷ ᠬᠠᠭᠠᠨ ᠢ ᠨᠠᠰᠤ ᠪᠠᠷᠵᠢ᠂ ᠶᠸᠵᠠᠫᠲ ᠲᠤ ᠫᠲ᠋ᠣᠯᠧᠮᠧᠢ ᠶᠢᠨ ᠤᠯᠤᠰ ᠪᠠᠶᠢᠭᠤᠯᠤᠭᠳᠠᠭᠰᠠᠨ ᠨᠢ ᠺᠢᠷᠧᠨᠧ ᠬᠣᠲᠠ ᠲᠤᠰᠠᠭᠠᠷ ᠪᠠᠶᠢᠳᠠᠯ ᠢᠶᠠᠨ ᠠᠯᠠᠳᠠᠬᠤ ᠳᠤ ᠬᠦᠷᠭᠡᠰᠪᠡ᠃ ᠫᠲ᠋ᠣᠯᠧᠮᠧᠢ ᠶᠢᠨ ᠤᠯᠤᠰ ᠤᠨ ᠬᠠᠷᠢᠶᠠᠨ ᠳᠤ ᠪᠠᠶᠢᠭᠰᠠᠨ ᠺᠢᠷᠧᠨᠧ ᠷᠤᠮᠠᠨᠢᠶ ᠠ ᠡᠵᠡᠨᠲᠦ ᠤᠯᠤᠰ ᠍ ᠤᠨ ᠡᠵᠡᠮᠰᠢᠯ ᠳᠦ ᠪᠠᠭᠠᠳᠬᠤ ᠪᠣᠯᠵᠠᠢ᠃

ᠺᠢᠷᠧᠨᠧ ᠨᠢ ᠡᠷᠠᠲ᠋ᠣᠰᠹᠧᠨᠺᠠᠯᠯᠢᠮᠠᠺᠦᠶᠢᠰᠺᠠᠷᠨᠡᠳᠧᠰᠠᠷᠢᠰᠲ᠋ᠢᠫᠫᠤᠶᠢᠰᠠᠷᠧᠲ᠋ᠧ ᠪᠣᠯᠤᠨ ᠫᠲ᠋ᠣᠯᠧᠮᠧᠢ ᠶᠢᠨ ᠤᠯᠤᠰ ᠤᠨ ᠲᠡᠷᠢᠭᠦᠨ ᠬᠠᠩᠪᠤ ᠰᠢᠨᠧᠰᠢᠤᠰ ᠭᠡᠬᠦ ᠮᠡᠲᠦ ᠣᠯᠠᠨ ᠠᠯᠳᠠᠷᠲᠠᠨ ᠨᠤᠭᠤᠳ ᠢ ᠲᠥᠷᠥᠭᠦᠯᠦᠨ ᠭᠠᠷᠭᠠᠭᠰᠠᠨ ᠶᠤᠮ᠃ ᠬᠣᠲᠠ ᠶᠢᠨ ᠣᠷᠣᠰᠢᠨ ᠰᠠᠭᠤᠭᠴᠢᠳ ᠰᠤᠯᠠᠯᠠᠭᠡᠶᠢᠨ ᠦᠶ᠎ᠡ ᠳᠦ ᠢᠷᠭᠡᠨᠹᠧᠷᠮᠧᠷ᠂ ᠬᠠᠷᠢ ᠨᠤᠲᠤᠭ ᠤᠨ ᠬᠢᠨ ᠪᠠ ᠧᠦᠢᠷᠡᠢᠴᠦᠦ ᠳᠦ ᠭᠡᠰᠡᠨ 4 ᠳᠠᠪᠬᠤᠷᠭ᠎ᠠ ᠳᠤ ᠬᠤᠪᠢᠶᠠᠭᠳᠠᠵᠤ ᠪᠠᠶᠢᠭᠰᠠᠨ ᠮᠡᠳᠡᠭᠡ ᠪᠠᠶᠢᠳᠠᠭ᠃ ᠬᠣᠲᠠ ᠶᠢ ᠤᠳᠤᠷᠢᠳᠬᠤ ᠬᠦᠮᠦᠨ ᠢ ᠢᠷᠭᠡᠳ ᠥᠪᠡᠷᠰᠡᠳ ᠢᠶᠡᠨ ᠰᠤᠩᠭᠤᠬᠤ ᠡᠷᠬᠡ ᠶᠢ ᠷᠤᠮᠠ ᠵᠥᠪᠰᠢᠶᠡᠷᠡᠭᠰᠡᠨ ᠪᠠᠶᠢᠳᠠᠭ ᠪᠠᠶᠢᠴᠠᠢ᠃ ᠧᠦᠢᠷᠡᠶᠢᠴᠦᠳ ᠢᠨᠦ ᠷᠤᠮᠠᠨᠢᠶ ᠠ ᠮᠡᠳᠡᠯ ᠳᠦ ᠣᠷᠣᠬᠤ ᠠᠴᠠ ᠡᠮᠦᠨ᠎ᠡ ᠫᠲ᠋ᠣᠯᠧᠮᠧᠢ ᠶᠢᠨ ᠢᠪᠡᠭᠡᠯ ᠢᠶᠡᠷ ᠺᠢᠷᠧᠨᠧᠳ ᠶᠡᠬᠡ ᠪᠡᠷ ᠰᠠᠭᠤᠷᠢᠰᠢᠵᠤ ᠪᠠᠶᠢᠭᠰᠠᠨ ᠪᠠ ᠭᠷᠧᠺ ᠬᠦᠮᠦᠨ ᠠᠮᠠ ᠶᠢᠨ ᠳᠠᠷᠠᠭ᠎ᠠ ᠣᠷᠣᠬᠤᠶᠢᠴᠠ ᠣᠯᠠᠨ ᠲᠣᠭ᠎ᠠ ᠲᠠᠢ᠂ ᠢᠵᠢᠯ ᠲᠡᠩᠴᠡᠭᠦᠦ ᠡᠷᠬᠡ ᠪᠡᠷ ᠬᠠᠩᠭᠠᠭᠳᠠᠭᠰᠠᠨ ᠪᠠᠶᠢᠪᠠ᠃

ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠤᠮᠠᠨᠢᠶ ᠠ ᠮᠡᠳᠡᠯ ᠳᠦ ᠣᠷᠣᠭᠰᠠᠨ ᠠᠴᠠ ᠬᠣᠶᠢᠰᠢ ᠧᠦᠢᠷᠡᠶᠢᠴᠦᠳ ᠳᠠᠷᠤᠮᠲᠠ ᠰᠢᠬᠠᠯᠲᠠᠨ ᠳᠤ ᠶᠡᠬᠡ ᠪᠡᠷ ᠠᠪᠲᠠᠬᠤ ᠪᠣᠯᠤᠭᠰᠠᠨ ᠤᠴᠢᠷ ᠷᠤᠮᠠᠨᠢᠶ ᠠ ᠡᠵᠡᠨ ᠬᠠᠭᠠᠨ ᠸᠧᠰᠫᠠᠰᠢᠨ᠂ ᠢᠯᠠᠩᠭᠤᠶ᠎ᠠ ᠡᠵᠡᠨ ᠬᠠᠭᠠᠨ ᠲᠷᠠᠶᠠᠨᠢ ᠦᠶ᠎ᠡ ᠳᠦ ᠪᠣᠰᠤᠯᠭ᠎ᠠ ᠦᠢᠮᠡᠭᠡᠨ ᠳᠡᠭᠳᠡᠭᠡᠵᠦ ᠪᠠᠶᠢᠴᠠᠢ᠃ ᠡᠨᠡ ᠪᠣᠯᠰᠣᠯᠭ᠎ᠠ ᠶᠢ ᠷᠤᠮᠠᠨᠢᠶ ᠠ ᠵᠠᠩᠵᠤᠨ ᠮᠠᠷᠺᠦ᠋ᠰ ᠲᠦᠷᠪᠣ ᠳᠠᠷᠤᠵᠤ᠂ ᠳᠠᠬᠢᠨ ᠪᠣᠰᠤᠯᠭ᠎ᠠ ᠭᠠᠷᠭᠠᠭᠤᠯᠬᠤ ᠦᠭᠡᠢ ᠶᠢᠨ ᠲᠤᠯᠠᠳᠠ ᠠᠰᠤᠷᠤ ᠣᠯᠠᠨ ᠲᠣᠭᠠᠨ ᠤ ᠬᠦᠮᠦᠨ ᠢ ᠴᠠᠭᠠᠵᠠᠯᠠᠭᠰᠠᠨ ᠪᠠᠶᠢᠨ᠎ᠠ᠃ ᠡᠢᠰᠧᠪᠦ᠋ᠰᠡᠶᠢᠨ ᠲᠡᠮᠳᠡᠭᠯᠡᠭᠰᠡᠨ ᠢᠶᠡᠷ ᠡᠨᠡ ᠶᠠᠪᠤᠳᠠᠯ ᠨᠢ ᠺᠢᠷᠧᠨ ᠡᠴᠡ ᠶᠡᠬᠡᠬᠡᠨ ᠬᠡᠮᠵᠢᠶᠡᠨ ᠦ ᠬᠦᠮᠦᠰ ᠳᠠᠶᠢᠵᠢᠨ ᠵᠢᠭᠤᠳᠠᠬᠤ ᠨᠥᠬᠥᠴᠡᠯ ᠪᠣᠯᠤᠭᠰᠠᠨ ᠪᠥᠭᠡᠳ ᠬᠦᠮᠦᠰ ᠥᠭᠡᠷ᠎ᠡ ᠠᠮᠢᠳᠤᠷᠠᠬᠤ ᠪᠣᠯᠤᠮᠵᠢ ᠲᠠᠢ ᠭᠠᠵᠠᠷ ᠤᠳ ᠲᠤ ᠣᠴᠢᠨ ᠠᠮᠢᠳᠤᠷᠠᠵᠠᠭᠠᠬᠤ ᠪᠣᠯᠵᠠᠢ᠃

325 ᠣᠨ ᠳᠤ ᠪᠣᠯᠤᠭᠰᠠᠨ ᠭᠠᠵᠠᠷ ᠬᠥᠳᠡᠯᠦᠯᠲᠡ ᠪᠡᠷ ᠺᠢᠷᠧᠨᠧ ᠬᠣᠲᠠ ᠶᠢᠨ ᠠᠮᠢᠨ ᠰᠦᠨᠡᠰᠦ ᠪᠣᠯᠤᠭᠰᠠᠨ ᠠᠫᠣᠯᠯᠠᠨ ᠤ ᠪᠣᠭᠣᠮᠲᠠ ᠰᠦᠢᠷᠡᠭᠰᠡᠨ ᠨᠢ ᠤᠯᠠᠮ ᠬᠦᠴᠦᠷᠬᠡᠭᠵᠢᠵᠦ ᠪᠠᠶᠢᠭᠰᠠᠨ ᠺᠠᠷᠹᠠᠭᠧᠨᠠᠯᠧᠺᠰᠠᠨᠳᠠᠷᠢᠶ᠎ᠠ ᠬᠣᠲᠠ ᠦᠳ ᠤᠮᠠᠷᠠᠳᠤ ᠠᠹᠷᠢᠺᠠ ᠳᠠᠬᠢ ᠬᠤᠳᠠᠯᠳᠤᠭᠠᠨ ᠤ ᠥᠷᠢᠰᠦᠯᠳᠦᠭᠡᠨ ᠡᠴᠡ ᠺᠢᠷᠧᠨ ᠢ ᠰᠢᠬᠠᠨ ᠵᠠᠶᠢᠯᠠᠭᠤᠯᠬᠤ ᠪᠣᠯᠤᠮᠵᠢ ᠶᠢ ᠣᠯᠭᠤᠭᠰᠠᠨ ᠪᠠᠶᠢᠨ᠎ᠠ᠃ ᠰᠢᠨᠧᠰᠢᠤᠰ ᠪᠣᠯᠤᠨ ᠠᠮᠤᠦ᠋ᠰ ᠮᠠᠷᠰᠧᠯᠯᠨᠢᠰ ᠍ ᠤᠨ ᠲᠡᠮᠳᠡᠭᠯᠡᠯ ᠳᠦ ᠺᠢᠷᠧᠨᠧ ᠨᠢ ᠠᠭᠤᠭᠤᠯ ᠨᠡᠭᠦᠳᠡᠯᠴᠢᠨ ᠠᠶᠢᠮᠠᠭ ᠤᠳ ᠤᠨ ᠵᠠᠮ ᠵᠠᠭᠤᠷᠠᠲᠤ ᠪᠠᠨ ᠪᠠᠭᠤᠳᠠᠯᠯᠠᠨ ᠥᠩᠭᠡᠷᠡᠳᠡᠭ ᠰᠠᠭᠤᠷᠢᠨ ᠬᠦᠮᠦᠨ ᠠᠮᠠ ᠦᠭᠡᠢ ᠣᠷᠬᠢᠭᠳᠠᠭᠰᠠᠨ ᠬᠣᠲᠠ ᠶᠢᠨ ᠲᠣᠮᠣ ᠪᠠᠯᠭᠠᠰᠤ ᠶᠢᠨ ᠲᠤᠬᠠᠢ ᠦᠭᠦᠯᠡᠭᠰᠡᠨ ᠪᠠᠶᠢᠳᠠᠭ ᠠᠵᠢ᠃ IV ᠵᠠᠭᠤᠨ ᠭᠡᠬᠦ ᠳᠦ ᠦᠨᠳᠦᠰᠦᠨ ᠳᠦ ᠪᠡᠨ ᠨᠢᠭᠡ ᠴᠤ ᠬᠦᠮᠦᠨ ᠺᠢᠷᠧᠨᠧᠳ ᠠᠮᠢᠳᠤᠷᠠᠬᠤ ᠪᠠᠨ ᠪᠣᠯᠢᠭᠰᠠᠨ ᠪᠠᠶᠢᠨ᠎ᠠ᠃

ᠥᠨᠥᠳᠥᠷ ᠲᠤᠰ ᠬᠣᠲᠠ ᠶᠢᠨ ᠲᠤᠭᠤᠷᠢ ᠣᠷᠴᠢᠮ ᠳᠤ ᠰᠢᠬᠠᠲ ᠬᠡᠮᠡᠬᠦ ᠰᠠᠭᠤᠷᠢᠨ ᠪᠤᠢ ᠪᠣᠯᠵᠠᠢ᠃


ᠭᠠᠳᠠᠭᠠᠳᠤ ᠯᠢᠨᠺ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ