ᠺᠢᠨᠣ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
Sometimes Sallie Gardner at a Gallop from 1878 is cited as the earliest film.

ᠺᠢᠨᠣ᠋ ᠨᠢ ᠨᠠᠷᠢᠨ ᠤᠳᠬ᠎ᠠ ᠪᠠᠷ ᠢᠶᠠᠨ ᠺᠢᠨᠣᠲᠢᠶᠠᠲ᠋ᠷ ᠲᠤ ᠦᠵᠡᠭᠴᠢᠳ ᠲᠦ ᠦᠵᠡᠭᠦᠯᠳᠡᠭ᠂ ᠬᠥᠳᠡᠯᠭᠡᠭᠡᠨ ᠳᠦ ᠳᠦᠷᠰᠦ ᠪᠦᠬᠦᠢ ᠪᠦᠲᠦᠭᠡᠯ ᠢ ᠬᠡᠯᠡᠨ᠎ᠡ᠃ ᠠᠩᠬᠠᠨ ᠳᠤ ᠪᠠᠨ ᠬᠠᠯᠢᠰᠤᠠᠨᠳᠠ ᠪᠠᠭᠤᠯᠭᠠᠭᠰᠠᠨ ᠪᠦᠲᠦᠭᠡᠯ ᠶᠡᠬᠡᠩᠬᠢ ᠬᠤᠪᠢ ᠶᠢ ᠡᠵᠡᠯᠡᠵᠦ ᠪᠠᠶᠢᠭᠰᠠᠨ ᠪᠣᠯᠪᠠᠴᠤ ᠡᠳᠦᠭᠡ ᠳ᠋ᠢᠵᠢᠲ᠋ᠠᠯᠴᠢᠯᠠᠭᠳᠠᠵᠤ ᠪᠤᠢ᠃ ᠡᠷᠲᠡ ᠴᠠᠭ ᠲᠤ ᠬᠥᠳᠡᠯᠭᠡᠭᠡᠨ ᠳᠦ ᠵᠢᠷᠤᠭᠰᠡᠭᠦᠳᠡᠷ ᠰᠢ ᠵᠡᠷᠭᠡ ᠪᠡᠷ ᠨᠡᠷᠡᠯᠡᠵᠦ ᠪᠠᠶᠢᠪᠠ᠃ ᠶᠡᠷᠦᠩᠬᠡᠢ ᠤᠳᠬ᠎ᠠ ᠪᠠᠷ ᠢᠶᠠᠨ ᠬᠥᠳᠡᠯᠭᠡᠭᠡᠨ ᠳᠦ ᠳᠦᠷᠰᠦ ᠡᠴᠡ ᠪᠦᠲᠦᠭᠰᠡᠨ᠂ ᠬᠦᠮᠦᠨ ᠦᠵᠡᠬᠦ ᠪᠣᠯᠤᠮᠵᠢ ᠲᠠᠢ ᠪᠦᠲᠦᠭᠡᠯ ᠢ ᠬᠡᠯᠡᠨ᠎ᠡ᠃

== ᠶᠡᠷᠦᠩᠬᠡᠢ ᠣᠶᠢᠯᠠᠭᠠᠯᠲᠠ == ᠶᠡᠷᠦᠩᠬᠡᠢ ᠳᠤ ᠪᠡᠨ ᠺᠢᠨᠣ᠋ ᠲᠢᠶᠠᠲ᠋ᠷ ᠵᠡᠷᠭᠡ ᠲᠤᠰᠬᠠᠢ ᠪᠠᠶᠢᠭᠤᠯᠤᠮᠵᠢ ᠳᠤ ᠪᠠᠶᠢᠬᠤ ᠳᠡᠯᠭᠡᠴᠡᠡᠨᠳᠡ ᠲᠤᠰᠬᠠᠵᠤ᠂ ᠨᠡᠶᠢᠲᠡ ᠳᠦ ᠬᠠᠷᠠᠭᠤᠯᠬᠤ ᠵᠣᠷᠢᠭᠤᠯᠤᠯᠲᠠ ᠲᠠᠢ ᠪᠦᠲᠦᠭᠡᠯ ᠢ ᠺᠢᠨᠣ᠋ ᠭᠡᠨ᠎ᠡ᠃ ᠡᠨᠡ ᠨᠢ ᠺᠢᠨᠣᠭ ᠪᠦᠲᠦᠭᠡᠬᠦ ᠦᠢᠯᠡ ᠶᠠᠪᠤᠴᠠ ᠶᠠᠮᠠᠷ ᠪᠠᠶᠢᠬᠤ ᠠᠴᠠ ᠰᠢᠯᠲᠠᠭᠠᠯᠠᠬᠤ ᠦᠭᠡᠢ᠃ 20 ᠍ ᠳᠦᠭᠡᠷ ᠵᠠᠭᠤᠨ ᠳᠤ ᠦᠰᠦᠷᠦᠩᠭᠦᠢ ᠬᠥᠭᠵᠢᠭᠰᠡᠨ ᠲᠤᠰ ᠰᠠᠯᠪᠤᠷᠢ ᠨᠢ ᠡᠳᠦᠭᠡ ᠨᠢᠭᠡᠨᠲᠡ ᠤᠷᠠᠯᠢᠭ ᠭᠡᠵᠦ ᠨᠡᠷᠡᠯᠡᠭᠳᠡᠬᠦᠶᠢᠴᠡ ᠪᠣᠯᠲᠠᠯ᠎ᠠ ᠪᠠᠨ ᠬᠥᠭᠵᠢᠵᠡᠢ᠃

ᠭᠡᠬᠦ ᠳᠦ ᠪᠡᠨ ᠤᠷᠠᠯᠢᠭ ᠤᠨ ᠪᠤᠰᠤᠳ ᠰᠠᠯᠪᠤᠷᠢ ᠲᠠᠢ ᠬᠠᠷᠢᠴᠠᠭᠤᠯᠬᠤ ᠳᠤ ᠬᠦᠮᠦᠨ ᠬᠦᠴᠦ ᠪᠠ ᠮᠥᠩᠭᠥ ᠬᠥᠷᠥᠩᠭᠡ ᠶᠡᠬᠡ ᠪᠡᠷ ᠱᠠᠭᠠᠷᠳᠠᠳᠠᠭ ᠲᠤᠯᠠ ᠬᠤᠪᠢ ᠬᠦᠮᠦᠰ ᠳᠠᠩ ᠢᠶᠠᠷ ᠢᠶᠠᠨ ᠬᠢᠬᠦ ᠳᠦ ᠬᠡᠴᠡᠭᠦᠦ᠃  ᠶᠡᠷᠦᠩᠬᠡᠢ ᠳᠤ ᠪᠡᠨ ᠤᠷᠠᠨ ᠰᠠᠶᠢᠬᠠᠨ ᠤ ᠺᠢᠨᠣ᠋ ᠪᠠ ᠪᠠᠷᠢᠮᠲᠠᠲᠤ ᠺᠢᠨᠣ᠋ ᠭᠡᠵᠦ 2 ᠲᠣᠮᠣ ᠠᠩᠬᠢᠯᠠᠯ ᠳᠤ ᠬᠤᠪᠢᠶᠠᠭᠳᠠᠨ᠎ᠠ᠃

ᠳᠡᠭᠡᠷ᠎ᠡ ᠳᠤᠷᠢᠳᠠᠰᠤᠨ ᠢᠶᠠᠷ ᠺᠢᠨᠣ᠋ ᠨᠢ ᠺᠢᠨᠣ᠋ ᠲᠢᠶᠠᠲ᠋ᠷ ᠵᠡᠷᠭᠡ ᠳᠦ ᠭᠠᠷᠭᠠᠬᠤ ᠶᠢᠨ ᠲᠤᠯᠠᠳᠠ ᠪᠦᠲᠦᠭᠡᠭᠳᠡᠳᠡᠭ ᠪᠣᠯᠪᠠᠴᠤ ᠠᠩᠬᠠᠨ ᠠᠴᠠ ᠪᠠᠨ ᠵᠢᠷᠤᠭᠲᠤ ᠢᠶᠠᠷ ᠭᠠᠷᠭᠠᠬᠤ ᠵᠣᠷᠢᠯᠭ᠎ᠠ ᠪᠠᠷ᠂ ᠺᠢᠨᠣᠨ ᠤ ᠬᠠᠯᠢᠰᠤ ᠠᠰᠢᠭᠯᠠᠨ ᠬᠢᠭᠳᠡᠳᠡᠭ ᠪᠦᠲᠦᠭᠡᠯ ᠦᠳ ᠴᠤ ᠪᠠᠰᠠ ᠪᠤᠢ᠃ ᠲᠡᠳᠡᠭᠡᠷ ᠢ ᠲᠧᠯᠧᠸᠢᠰ ᠦᠨ ᠺᠢᠨᠣ᠋ ᠭᠡᠵᠦ ᠨᠡᠷᠡᠯᠡᠬᠦ ᠪᠥᠭᠡᠳ 1960 ᠍ ᠊ᠭᠠᠳ ᠤᠨᠢ ᠠᠮᠧᠷᠢᠺᠠ ᠳᠤ ᠲᠧᠯᠧᠸᠢᠰ ᠦᠨ ᠨᠡᠪᠲᠡᠷᠡᠭᠦᠯᠭᠡ ᠶᠢᠨ ᠨᠢᠭᠡ ᠲᠥᠷᠥᠯ ᠪᠣᠯᠤᠨ ᠬᠥᠭᠵᠢᠵᠦ᠂ ᠸᠧᠰᠲᠡᠷᠢᠨ ᠺᠢᠨᠣ᠋, ᠭᠡᠷ ᠪᠦᠯᠢ ᠶᠢᠨ ᠳᠠᠷᠤᠮ᠎ᠠ ᠦᠳ ᠣᠯᠠᠨ ᠢᠶᠠᠷ ᠪᠦᠲᠦᠭᠡᠭᠳᠡᠵᠦ ᠪᠠᠶᠢᠪᠠ᠃

ᠲᠡᠭᠦᠨᠴᠢᠯᠡᠨ ᠺᠢᠨᠣ᠋ ᠲᠢᠶᠠᠲ᠋ᠷ ᠲᠤ ᠭᠠᠷᠭᠠᠯ ᠦᠭᠡᠢ ᠪᠡᠷ᠂ ᠰᠢᠭᠤᠳ ᠸᠢᠳᠢᠣ᠋ ᠬᠠᠭᠤᠷᠴᠠᠭ ᠵᠡᠷᠭᠡ ᠮᠧᠳᠢᠶᠠ ᠷᠤ ᠪᠠᠭᠤᠯᠭᠠᠨ᠂ ᠬᠤᠳᠠᠯᠳᠤᠭᠠᠯᠠᠭᠳᠠᠬᠤ ᠪᠤᠶᠤ ᠲᠦᠷᠢᠶᠡᠰᠦᠯᠡᠭᠳᠡᠳᠡᠭ ᠪᠦᠲᠦᠭᠡᠯ ᠢ ᠸᠢᠳᠢᠣ᠋ ᠺᠢᠨᠣ᠋ ᠭᠡᠵᠦ ᠨᠡᠷᠡᠯᠡᠨ᠎ᠡ᠃ ᠡᠨᠡ ᠮᠡᠲᠦ ᠪᠡᠷ ᠣᠷᠴᠢᠨ ᠦᠶ᠎ᠡ ᠳᠦ ᠪᠷᠣᠳᠪᠠᠨ ᠳᠤ ᠢᠨᠲ᠋ᠧᠷᠨᠡᠲ ᠵᠡᠷᠭᠡ ᠶᠢᠨ ᠬᠥᠭᠵᠢᠯ ᠦᠨ ᠤᠯᠠᠮ ᠠᠴᠠ ᠥᠨᠥ ᠶᠢ ᠬᠦᠷᠲᠡᠯ᠎ᠡ ᠺᠢᠨᠣ᠋ ᠭᠡᠵᠦ ᠨᠡᠷᠡᠯᠡᠭᠳᠡᠵᠦ ᠢᠷᠡᠭᠰᠡᠨ ᠵᠦᠢᠯᠡᠰ ᠨᠢ ᠣᠯᠠᠨ ᠶᠠᠩᠵᠤ ᠪᠣᠯᠤᠨ ᠥᠷᠭᠡᠵᠢᠵᠦ ᠪᠤᠢ᠃ ᠰᠡᠭᠦᠯ ᠦᠨ ᠦᠶ᠎ᠡ ᠳᠦ ᠺᠢᠨᠣ᠋ ᠨᠢ ᠬᠠᠯᠢᠰᠤᠨ ᠳᠤ ᠪᠠᠭᠤᠬᠤ ᠪᠢᠰᠢ᠂ CD-ROM, DVD ᠵᠡᠷᠭᠡ ᠳᠦ ᠪᠢᠴᠢᠭ ᠲᠦ ᠬᠢ ᠨᠢ ᠣᠯᠠᠰᠢᠷᠠᠵᠤ ᠪᠠᠶᠢᠭ᠎ᠠ᠃

ᠺᠢᠨᠣᠨ ᠤ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠺᠢᠨᠣᠨ ᠤ ᠲᠡᠦᠬᠡ

ᠺᠢᠨᠣ᠋ ᠨᠢ 19 ᠍ ᠳᠦᠭᠡᠷ ᠵᠠᠭᠤᠨ ᠳᠤ ᠪᠤᠢ ᠪᠣᠯᠵᠤ᠂ 20 ᠍ ᠳᠦᠭᠡᠷ ᠵᠠᠭᠤᠨ ᠳᠤ ᠦᠰᠦᠷᠦᠩᠭᠦᠢ ᠬᠥᠭᠵᠢᠭᠰᠡᠨ᠂ ᠬᠠᠷᠢᠴᠠᠩᠭᠤᠢ ᠵᠠᠯᠠᠭᠤ ᠤᠷᠠᠯᠢᠭ ᠶᠤᠮ᠃

ᠺᠢᠨᠣ᠋ ᠨᠢ 1920 ᠍ ᠢᠤᠳ᠋ ᠤᠨ ᠬᠦᠷᠲᠡᠯ᠎ᠡ ᠳᠠᠭᠤ ᠦᠭᠡᠢ᠂ ᠵᠥᠪᠬᠡᠨ ᠳᠦᠷᠰᠦ ᠨᠢ ᠬᠥᠳᠡᠯᠳᠡᠭ᠂ ᠣᠯᠠᠨ ᠨᠡᠶᠢᠲᠡ ᠳᠦ ᠦᠵᠡᠭᠦᠯᠬᠦ ᠳᠦ ᠳᠠᠭᠤᠤ ᠣᠷᠣᠭᠤᠯᠤᠭᠴᠢ ᠱᠠᠭᠠᠷᠳᠠᠭᠳᠠᠳᠠᠭ᠂ ᠡᠰᠡᠪᠡᠯ ᠳᠦᠷᠰᠦᠨ ᠨᠦᠭᠦᠳ ᠦᠨ ᠢᠶᠡᠨ ᠵᠠᠪᠰᠠᠷ ᠢᠶᠠᠷ ᠪᠢᠴᠢᠭ ᠭᠠᠷᠭᠠᠳᠠᠭ ᠪᠠᠶᠢᠪᠠ᠃ ᠺᠢᠨᠣ᠋ ᠨᠢ ᠳᠠᠭᠤᠤ ᠲᠠᠢ ᠪᠣᠯᠤᠭᠰᠠᠨ ᠤ ᠳᠠᠷᠠᠭ᠎ᠠ ᠲᠧᠭᠨᠢᠭ ᠦᠨ ᠳᠡᠪᠰᠢᠯ ᠦᠨ ᠦᠷ᠎ᠡ ᠳ᠋ᠦᠩ ᠳᠦ ᠤᠯᠠᠮ ᠬᠥᠭᠵᠢᠵᠦ᠂ ᠥᠩᠭᠡ ᠢᠯᠭᠠᠵᠤ ᠬᠠᠷᠠᠭᠤᠯᠳᠠᠭ ᠪᠣᠯᠵᠠᠢ᠃ ᠥᠨᠥᠳᠥᠷ ᠬᠠᠷ᠎ᠠ ᠴᠠᠭᠠᠨ ᠺᠢᠨᠣ᠋ ᠬᠢᠭᠳᠡᠬᠦ ᠨᠢ ᠲᠤᠩ ᠬᠣᠪᠣᠷ᠃

ᠤᠯᠠᠮ ᠢᠶᠠᠷ ᠲᠤᠰᠬᠠᠢ ᠵᠢᠷᠤᠭ ᠠᠪᠤᠯᠲᠠᠠᠨᠢᠮᠠᠼᠢᠺᠣᠮᠫᠢᠶᠦ᠋ᠲ᠋ᠧᠷ ᠭᠷᠠᠹᠢᠺ ᠵᠡᠷᠭᠡ ᠰᠢᠨ᠎ᠡ ᠲᠧᠭᠨᠣᠯᠣᠭᠢ ᠠᠰᠢᠭᠯᠠᠨ ᠦᠵᠡᠭᠴᠢᠳ ᠦᠨ ᠰᠡᠳᠬᠢᠯ ᠳᠦ ᠬᠦᠷᠦᠭᠰᠡᠨ᠂ ᠵᠢᠩᠬᠢᠨᠢ ᠶᠤᠮ ᠰᠢᠭ ᠣᠷᠴᠢᠨ ᠢ ᠪᠦᠷᠢᠳᠦᠭᠦᠯᠦᠨ ᠬᠠᠷᠠᠭᠤᠯᠵᠤ ᠴᠢᠳᠠᠳᠠᠭ ᠪᠣᠯᠵᠠᠢ᠃

ᠮᠣᠩᠭᠣᠯ ᠺᠢᠨᠣ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠩᠭᠣᠯ ᠤᠨ ᠺᠢᠨᠣ᠋

ᠮᠣᠩᠭᠣᠯ ᠤᠨ ᠺᠢᠨᠣ᠋ ᠤᠷᠠᠯᠢᠭ ᠨᠢ 1936 ᠍ ᠤᠨ ᠳᠤ ᠠᠬᠠᠨ ᠤ ᠺᠢᠨᠣ᠋ ᠬᠢᠭᠳᠡᠭᠰᠡᠨ ᠨᠣᠷᠵᠢᠮ᠎ᠠ ᠶᠢᠨ ᠵᠠᠮ ᠬᠡᠮᠡᠬᠦ ᠺᠢᠨᠣ᠋ ᠪᠠᠶᠢᠭᠰᠠᠨ᠃ ᠮᠣᠩᠭᠣᠯ ᠤᠨ ᠺᠢᠨᠣ᠋ ᠤᠷᠠᠯᠢᠭ ᠡᠨᠡ ᠦᠶᠡᠰ ᠡᠷᠴᠢᠮᠲᠡᠢ ᠬᠥᠭᠵᠢᠵᠦ ᠪᠠᠶᠢᠭᠠᠳ ᠬᠡᠮᠡᠬᠦ ᠵᠣᠭᠰᠣᠨ ᠪᠠᠶᠢᠳᠠᠯ ᠳᠤ ᠣᠷᠣᠭᠠᠳ ᠣᠶᠢᠷᠠᠳ ᠯᠠ ᠭᠠᠶᠢᠭᠤᠢ ᠪᠣᠯᠵᠤ ᠪᠨ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠺᠢᠨᠣ᠋»
Wiktionary
Wiktionary: ᠺᠢᠨᠣ᠋ – ᠡᠨᠡ ᠦᠭᠡ ᠶᠢ ᠲᠠᠶᠢᠯᠪᠤᠷᠢ ᠲᠣᠯᠢ ᠠᠴᠠ ᠬᠠᠷᠠᠨ᠎ᠠ ᠤᠤ
http://wiki.uhaan.com/index.php?title=ᠺᠢᠨᠣ᠋&oldid=479861》 ᠍  ᠡᠴᠡ ᠠᠪᠤᠭᠰᠠᠨ

ᠪᠢᠴᠢᠭᠡᠰᠦ