ᠺᠠᠺᠠᠳᠤ ᠦᠨᠳᠦᠰᠦᠨ ᠦ ᠬᠦᠷᠢᠶᠡᠯᠡᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠺᠠᠳᠤ ᠦᠨᠳᠦᠰᠦᠨ ᠦ ᠬᠦᠷᠢᠶᠡᠯᠡᠩ*
United Nations Educational Scientific and Cultural Organization ᠍ ᠶᠢᠨ ᠳᠡᠯᠡᠬᠡᠢ ᠶᠢᠨ ᠥᠪ

ᠬᠡᠷ ᠲᠦ ᠠᠷᠠᠯ᠂ National Aeronautics and Space Administration ᠍ ᠶᠢᠨ ᠵᠢᠷᠤᠭ
ᠺᠠᠺᠠᠳᠤ ᠦᠨᠳᠦᠰᠦᠨ ᠦ ᠬᠦᠷᠢᠶᠡᠯᠡᠩ
ᠲᠥᠷᠥᠯ ᠬᠣᠣᠰᠯᠠᠮᠠᠯ
ᠰᠢᠯᠭᠠᠭᠤᠷ i, vi, vii, ix, x
ᠳ᠋ᠤᠭᠠᠷ 147
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ‎
ᠪᠦᠷᠢᠳᠬᠡᠭᠰᠡᠨ ᠲᠡᠦᠬᠡ
ᠪᠦᠷᠢᠳᠬᠡᠭᠰᠡᠨ 1981  (5 ᠍ ᠳᠦᠭᠡᠷ ᠴᠢᠭᠤᠯᠭᠠᠨ)
ᠰᠤᠩᠭᠠᠯᠲᠠ 1987; 1992
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠺᠠᠺᠠᠳᠤ ᠦᠨᠳᠦᠰᠦᠨ ᠦ ᠬᠦᠷᠢᠶᠡᠯᠡᠩ (ᠠᠩᠭᠯᠢ ᠪᠠᠷ Kakadu National Park) ᠨᠢ ᠠᠦᠢᠰᠲ᠋ᠷᠯᠢᠶ᠎ᠠ ᠍ ᠶᠢᠨ ᠤᠮᠠᠷᠠᠳᠤ ᠮᠤᠵᠢ ᠳᠤ ᠳᠠᠷᠪᠢᠨ ᠠᠴᠠ ᠵᠡᠭᠦᠨ ᠡᠮᠦᠨ᠎ᠡ ᠵᠦᠭ ᠲᠤ 171 ᠺᠢᠯᠣᠮᠧᠲ᠋ᠷ ᠵᠠᠢ ᠳᠤ ᠣᠷᠣᠰᠢᠳᠠᠭ᠃ᠤᠭ ᠬᠦᠷᠢᠶᠡᠯᠡᠩ ᠨᠢ ᠠᠦᠢᠰᠲ᠋ᠷᠯᠢᠶ᠎ᠠ ᠶᠢᠨ ᠮᠠᠲᠠᠷ ᠲᠤ ᠭᠣᠣᠯ ᠢ ᠠᠭᠤᠯᠠᠳᠠᠭ᠃ ᠺᠠᠺᠠᠳᠤ ᠬᠦᠷᠢᠶᠡᠯᠡᠩ ᠨᠢ 1980400 ᠭᠠ ᠨᠤᠲᠤᠭ ᠳᠡᠪᠢᠰᠬᠡᠷ ᠢ ᠡᠵᠡᠯᠡᠨ ᠤᠷᠤᠰᠢᠬᠤ ᠪᠥᠭᠡᠳ ᠬᠣᠶᠢᠨ᠎ᠠ ᠠᠴᠠ ᠤᠷᠤᠭᠰᠢ ᠪᠠᠨ 200 ᠺᠢᠯᠣᠮᠧᠲ᠋ᠷ ᠣᠷᠴᠢᠮ᠂ ᠪᠠᠷᠠᠭᠤᠨ ᠠᠴᠠ ᠵᠡᠭᠦᠨ ᠲᠡᠰᠢ 100 ᠺᠢᠯᠣᠮᠧᠲ᠋ᠷ ᠭᠠᠷᠤᠢ ᠤᠷᠲᠤ ᠦᠷᠭᠦᠯᠵᠢᠯᠡᠳᠡᠭ᠃ ᠡᠨᠳᠡ ᠳᠡᠯᠡᠬᠡᠢ ᠶᠢᠨ ᠬᠠᠮᠤᠭ ᠤᠨ ᠲᠣᠮᠣ ᠤᠷᠠᠨᠢ ᠠᠭᠤᠷᠬᠠᠢ ᠪᠣᠯᠬᠤ ᠷᠧᠢᠨᠵᠧᠷ ᠦᠷᠠᠨᠤᠮ ᠣᠷᠣᠰᠢᠳᠠᠭ᠃ ᠺᠠᠺᠠᠳᠤ ᠭᠡᠬᠦ ᠨᠡᠷ᠎ᠡ ᠨᠢ ᠠᠦᠢᠰᠲ᠋ᠷᠯᠢᠶ᠎ᠠ ᠶᠢᠨ ᠠᠭᠤᠭᠤᠯ ᠣᠷᠣᠰᠢᠨ ᠰᠠᠭᠤᠭᠴᠢᠳ ᠤᠨ 《ᠭᠠᠭᠤᠳᠡᠶᠤ》 ᠭᠡᠬᠦ ᠦᠭᠡ ᠶᠢᠨ ᠭᠤᠶᠢᠪᠢᠭᠳᠠᠭᠰᠠᠨ ᠬᠡᠯᠪᠡᠷᠢ ᠶᠤᠮ᠃ ᠺᠠᠺᠠᠳᠤᠳ ᠡᠺᠣᠯᠣᠭᠢ ᠍ ᠶᠢᠨ ᠪᠣᠯᠤᠨ ᠪᠢᠣᠯᠣᠭᠢ ᠍ ᠶᠢᠨ ᠲᠥᠷᠦᠯᠵᠢᠯᠲᠡ ᠶᠢ ᠲᠣᠳᠣ ᠬᠠᠷᠠᠵᠤ ᠪᠣᠯᠳᠠᠭ᠃ ᠡᠨᠡᠬᠦ ᠬᠦᠷᠢᠶᠡᠯᠡᠩ ᠢ ᠳᠠᠷᠠᠭᠠᠬᠢ ᠣᠨᠴᠠᠯᠢᠭ ᠰᠢᠨᠵᠢ ᠨᠦᠭᠦᠳ ᠢᠶᠡᠷ ᠨᠢ ᠲᠣᠳᠣᠷᠠᠭᠤᠯᠤᠨ ᠬᠠᠷᠠᠵᠤ ᠪᠣᠯᠤᠨ᠎ᠠ᠃

  1. ᠦᠨᠳᠦᠰᠦᠨ 4 ᠭᠣᠣᠯ ᠤᠨ ᠰᠢᠰᠲ᠋ᠧᠮ ᠲᠡᠢ
    1. ᠵᠡᠭᠦᠨ ᠮᠠᠲᠠᠷ ᠲᠤ ᠭᠣᠣᠯ
    2. ᠪᠠᠷᠠᠭᠤᠨ ᠮᠠᠲᠠᠷ ᠲᠤ ᠭᠣᠣᠯ
    3. ᠸᠠᠶᠢᠯᠳᠡᠮᠦᠨ ᠭᠣᠣᠯ
    4. ᠡᠮᠦᠨᠡᠲᠦ ᠮᠠᠲᠠᠷ ᠲᠤ ᠭᠣᠣᠯ
  2. ᠭᠠᠵᠠᠷ ᠤᠨ ᠭᠠᠳᠠᠷᠭᠤ ᠶᠢᠨ 6 ᠦᠨᠳᠦᠰᠦᠨ ᠬᠡᠯᠪᠡᠷᠢ ᠲᠡᠢ
    1. ᠭᠣᠣᠯ ᠤᠨ ᠴᠢᠳᠬᠤᠯ ᠤᠳ
    2. ᠦᠶᠡᠷ ᠦᠨ ᠭᠣᠯᠳᠤᠷᠢᠯ ᠤᠳ
    3. ᠨᠠᠮ ᠳᠣᠣᠷ᠎ᠠ ᠭᠠᠵᠠᠷ ᠤᠳ
    4. ᠬᠠᠳᠤᠨ ᠴᠣᠬᠢᠶᠠᠨ ᠨᠤᠭᠤᠳ
    5. ᠡᠯᠡᠭᠳᠡᠯ ᠦᠳ
    6. ᠡᠮᠦᠨᠡᠲᠦ ᠲᠣᠯᠣᠭᠠᠳ ᠪᠣᠯᠤᠨ ᠰᠠᠪᠠ ᠭᠠᠵᠠᠷ ᠤᠳ
  3. ᠣᠩᠭᠣᠨ ᠪᠠᠶᠢᠭᠠᠯᠢ ᠶᠢᠨ ᠣᠨᠴᠠᠭᠠᠢ ᠰᠢᠨᠵᠢ ᠨᠦᠭᠦᠳ
    1. 280 ᠭᠠᠷᠤᠢ ᠵᠦᠢᠯ ᠦᠨ ᠰᠢᠪᠠᠭᠤ
    2. 60 ᠭᠠᠷᠤᠢ ᠵᠦᠢᠯ ᠦᠨ ᠬᠥᠬᠥᠲᠡᠨ
    3. 59 ᠭᠠᠷᠤᠢ ᠵᠦᠢᠯ ᠦᠨ ᠴᠡᠩᠭᠡᠭ ᠤᠰᠤᠨ ᠤ ᠠᠮᠢᠲᠠᠳ
    4. 10000 ᠭᠠᠷᠤᠢ ᠵᠦᠢᠯ ᠦᠨ ᠰᠢᠪᠠᠵᠢ
    5. 1600 ᠭᠠᠷᠤᠢ ᠲᠥᠷᠥᠯ ᠦᠨ ᠤᠷᠭᠤᠮᠠᠯ

ᠺᠠᠺᠠᠳᠤᠭ ᠤᠨ ᠦᠨᠳᠦᠰᠦᠨ ᠦ ᠬᠦᠷᠢᠶᠡᠯᠡᠩ ᠦᠨ ᠨᠤᠲᠤᠭ ᠲᠤ ᠬᠠᠮᠤᠭ ᠤᠨ ᠪᠠᠭ᠎ᠠ ᠳᠤ ᠪᠠᠨ 40000 ᠵᠢᠯ ᠦᠨ ᠡᠮᠦᠨ᠎ᠡ ᠠᠪᠤᠷᠢᠭᠧᠨ ᠬᠦᠮᠦᠰ ᠰᠠᠭᠤᠷᠢᠰᠢᠭᠰᠠᠨ ᠯᠠ ᠮᠥᠷ ᠣᠯᠳᠠᠳᠠᠭ᠃ ᠠᠪᠤᠷᠢᠭᠧᠨ ᠬᠦᠮᠦᠰ ᠦᠨ 1000 ᠭᠠᠷᠤᠢ ᠵᠢᠯ ᠦᠨ ᠰᠤᠶᠤᠯ ᠢ ᠢᠯᠡᠷᠬᠡᠶᠢᠯᠡᠬᠦ ᠥᠭᠦᠯᠡᠬᠦ ᠬᠠᠳᠠᠨ ᠤ ᠰᠦᠭ ᠵᠢᠷᠤᠭ ᠤᠳ ᠢ ᠡᠨᠳᠡ ᠡᠴᠡ ᠬᠠᠷᠠᠵᠤ ᠪᠣᠯᠤᠨ᠎ᠠ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠺᠠᠺᠠᠳᠤ ᠦᠨᠳᠦᠰᠦᠨ ᠦ ᠬᠦᠷᠢᠶᠡᠯᠡᠩ

ᠪᠢᠴᠢᠭᠡᠰᠦ