ᠺᠠᠷᠯ ᠯᠢᠨᠡᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠺᠠᠷᠯ ᠯᠢᠨᠡᠨᠢ (ᠰᠸᠸᠳᠡᠨ ᠪᠡᠷ Carl Linnaeus, ᠯᠠᠲ᠋ᠢᠨ ᠶᠢᠡᠷ Carolus Linnaeus, 1707 ᠣᠨ ᠤ 5 ᠰᠠᠷ᠎ᠠ ᠶᠢᠨ 23 - 1778 ᠣᠨ ᠤ 1 ᠰᠠᠷ᠎ᠠ ᠶᠢᠨ 10) ᠨᠢ ᠰᠸᠸᠳᠡᠨᠡᠶᠢᠨ ᠤᠷᠭᠤᠮᠠᠯ ᠵᠦᠢᠴᠢ᠂ ᠠᠮᠢᠲᠠᠨ ᠰᠤᠳᠤᠯᠤᠭᠠᠴᠢ᠂ ᠡᠮᠴᠢ ᠪᠥᠭᠡᠳ 《ᠠᠮᠢᠲᠠᠨ ᠤᠷᠭᠤᠮᠠᠯ ᠤᠨ ᠲᠥᠷᠥᠯ ᠵᠦᠢᠯ ᠦᠨ ᠨᠡᠷᠡᠰᠢᠯ》 ᠍ ᠢ ᠵᠣᠬᠢᠶᠠᠭᠰᠠᠨ ᠬᠦᠮᠦᠨ ᠶᠤᠮ᠃ ᠡᠨᠡ ᠰᠢᠰᠲ᠋ᠧᠮ ᠨᠢ ᠪᠦᠬᠦ ᠲᠥᠷᠥᠯ ᠦᠨ ᠠᠮᠢᠲᠠᠨᠤᠷᠭᠤᠮᠠᠯ ᠲᠤᠰ ᠪᠦᠷᠢ ᠳᠦ 2 ᠯᠠᠲ᠋ᠢᠨ ᠦᠭᠡ ᠡᠴᠡ ᠪᠦᠷᠢᠳᠦᠭᠰᠡᠨ ᠨᠡᠷ᠎ᠡ ᠥᠭᠭᠦᠭᠰᠡᠨ ᠪᠠᠶᠢᠬᠤ ᠪᠠ ᠡᠳᠦᠭᠡ ᠳᠡᠯᠡᠬᠡᠢ ᠶᠢᠨ ᠪᠦᠬᠦ ᠤᠯᠤᠰ ᠣᠷᠣᠨ ᠳᠤ ᠬᠡᠷᠡᠭᠯᠡᠭᠳᠡᠵᠦ ᠪᠠᠶᠢᠨ᠎ᠠ᠃ ᠲᠡᠷᠡᠪᠡᠷ 《ᠣᠷᠴᠢᠨ ᠦᠶ᠎ᠡ ᠶᠢᠨ ᠰᠢᠰᠲ᠋ᠧᠮᠴᠢᠯᠡᠯ ᠦᠨ ᠡᠴᠢᠭᠡ》 ᠬᠡᠮᠡᠨ ᠨᠡᠷᠡᠯᠡᠭᠳᠡᠳᠡᠭ ᠪᠠ 《ᠣᠷᠴᠢᠨ ᠦᠶ᠎ᠡ ᠶᠢᠨ ᠡᠺᠣᠯᠣᠭᠢ ᠰᠤᠳᠤᠯᠤᠯ ᠤᠨ ᠦᠨᠳᠦᠰᠦᠯᠡᠭᠴᠢᠳ ᠦᠨ》 ᠨᠢᠭᠡ ᠳᠦ ᠲᠣᠭᠠᠴᠠᠭᠳᠠᠳᠠᠭ ᠪᠢᠯᠡ᠃ ᠯᠢᠨᠡᠨᠢ ᠲᠤᠬᠠᠢ ᠶᠢᠨ ᠦᠶᠡᠳᠡᠭᠡ ᠴᠤ ᠶᠡᠬᠡ ᠨᠡᠷ᠎ᠡ ᠠᠯᠳᠠᠷ ᠲᠠᠢ ᠪᠠᠶᠢᠭᠰᠠᠨ ᠪᠠ ᠭᠠᠷᠮᠠᠭᠠᠢ ᠬᠡᠯᠡ ᠰᠢᠨᠵᠢᠯᠡᠯᠴᠢ ᠪᠠᠶᠢᠪᠠ᠃

ᠥᠰᠪᠦᠷᠢ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠷᠯ ᠯᠢᠨᠡᠨᠢ ᠨᠢ ᠰᠸᠸᠳᠡᠨ ᠲᠦ ᠲᠥᠷᠦᠵᠢᠭᠡ᠃ ᠪᠠᠭ᠎ᠠ ᠵᠠᠯᠠᠭᠤ ᠦᠶᠡᠳᠡᠭᠡ ᠡᠴᠢᠭᠡ ᠪᠣᠯᠤᠨ ᠡᠪᠦᠭᠡ ᠶᠢᠨ ᠠᠳᠠᠯᠢ ᠬᠤᠸᠠᠷᠠᠭ ᠪᠣᠯᠬᠤ ᠪᠠᠶᠢᠭᠰᠠᠨ ᠴᠤ ᠬᠢᠴᠢᠶᠡᠯ ᠳᠦ ᠪᠡᠨ ᠲᠡᠶᠢᠮᠦ ᠴᠤ ᠳᠤᠷᠠᠲᠠᠢ ᠪᠠᠶᠢᠭᠰᠠᠨ ᠦᠭᠡᠢ᠃ ᠣᠷᠣᠨ ᠳᠤ ᠨᠢ ᠬᠣᠲᠠ ᠶᠢᠨ ᠡᠮᠴᠢ ᠪᠡᠷ ᠵᠢᠭᠠᠯᠭᠠᠭᠰᠠᠨ ᠤᠷᠭᠤᠮᠠᠯ ᠰᠤᠳᠤᠯᠤᠯ ᠢ ᠶᠡᠬᠡᠳᠡ ᠰᠣᠨᠢᠷᠬᠠᠨ ᠰᠤᠷᠤᠯᠴᠠᠵᠤ ᠯᠤᠩᠳᠠᠰ ᠤᠨ ᠶᠡᠬᠡ ᠰᠤᠷᠭᠠᠭᠤᠯᠢ ᠳᠤ ᠡᠯᠰᠡᠨ ᠣᠷᠣᠵᠤ᠂ ᠵᠢᠯ ᠦᠨ ᠳᠠᠷᠠᠭ᠎ᠠ Uppsal ᠍ ᠦᠨ ᠶᠡᠬᠡ ᠰᠤᠷᠭᠠᠭᠤᠯᠢ ᠤᠷᠤᠭᠤ ᠰᠢᠯᠵᠢᠪᠡ᠃

ᠪᠢᠴᠢᠭᠡᠰᠦ