ᠪᠦᠭᠦᠳᠡ ᠨᠠᠶᠢᠷᠠᠮᠳᠠᠬᠤ ᠺᠠᠷᠧᠯ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠺᠠᠷᠧᠯ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠺᠠᠷᠧᠯ ᠤᠯᠤᠰ (ᠮᠣᠩᠭᠣᠯ)
ᠷᠧᠰᠫᠦᠪᠯᠢᠺᠠ ᠺᠠᠷᠧᠯᠢᠶ᠎ᠠ (ᠣᠷᠣᠰ)
Karjalan tazavaldu (ᠺᠠᠷᠧᠯ)
Map of Russia - Republic of Karelia (2008-03).svg
<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of Republic of Karelia.svg
</th> <th style="vertical-align:middle; text-align:center;">Flag of Karelia.svg
</th></tr>

ᠲᠥᠷᠥ ᠶᠢᠨ ᠳᠠᠭᠤᠯᠠᠯ: n/a
ᠨᠡᠶᠢᠰᠯᠡᠯ ᠫᠧᠲ᠋ᠷᠣᠵᠠᠸᠣᠳ᠋ᠰᠺ
ᠪᠠᠶᠢᠭᠤᠯᠤᠭᠳᠠᠭᠰᠠᠨ 1956 ᠣᠨ ᠤ 7 ᠰᠠᠷ᠎ᠠ ᠶᠢᠨ 16
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠪᠦᠭᠦᠳᠡ ᠨᠠᠶᠢᠷᠠᠮᠳᠠᠬᠤ ᠤᠯᠤᠰ
ᠪᠠᠷᠠᠭᠤᠨ ᠬᠣᠶᠢᠳᠤ
ᠬᠣᠶᠢᠳᠤ
ᠺᠣᠳ᠋ 10
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
172,400 км²
172400
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
716,281 ᠬᠦᠮᠦᠨ
67
4.2 ᠬᠦᠮᠦᠨ / км²
75.0%
25.0%
ᠠᠯᠪᠠᠨ ᠶᠣᠰᠣᠨ ᠤ ᠬᠡᠯᠡ ᠣᠷᠣᠰ
ᠵᠠᠰᠠᠭ ᠤᠨ ᠭᠠᠵᠠᠷ (2008 ᠣᠨ ᠤ 10 ᠰᠠᠷ᠎ᠠ ᠶᠢᠨ ᠪᠠᠶᠢᠳᠠᠯ ᠢᠶᠠᠷ)
ᠲᠥᠷᠥ ᠶᠢᠨ ᠲᠡᠷᠢᠭᠦᠨ ᠰᠧᠷᠠᠭᠢ ᠺᠠᠲ᠋ᠠᠨᠠᠨᠳᠣᠪ
ᠬᠠᠤᠯᠢ ᠲᠣᠭᠲᠠᠭᠠᠬᠤ ᠪᠠᠶᠢᠭᠤᠯᠤᠯᠭ᠎ᠠ ᠬᠠᠤᠯᠢ ᠲᠣᠭᠲᠠᠭᠠᠬᠤ ᠬᠤᠷᠠᠯ
ᠦᠨᠳᠦᠰᠦᠨ ᠬᠠᠤᠯᠢ ᠪᠦᠭᠦᠳᠡ ᠨᠠᠶᠢᠷᠠᠮᠳᠠᠬᠤ ᠺᠠᠷᠧᠯ ᠤᠯᠤᠰ ᠤᠨ ᠦᠨᠳᠦᠰᠦᠨ ᠬᠠᠤᠯᠢ
ᠠᠯᠪᠠᠨ ᠶᠣᠰᠣᠨ ᠤ ᠴᠠᠬᠢᠮ ᠰᠦᠯᠵᠢᠶ᠎ᠡ
http://www.gov.karelia.ru/

ᠪᠦᠭᠦᠳᠡ ᠨᠠᠶᠢᠷᠠᠮᠳᠠᠬᠤ ᠺᠠᠷᠧᠯ ᠤᠯᠤᠰ (ᠺᠠᠷᠧᠯ ᠢᠶᠠᠷ Karjalan Tazavaldu; ᠣᠷᠣᠰ ᠢᠶᠠᠷ ᠷᠧᠰᠫᠦᠪᠯᠢᠺᠠ ᠺᠠᠷᠧᠯᠢᠶ᠎ᠠ) ᠨᠢ ᠣᠷᠣᠰ ᠤᠨ ᠬᠣᠯᠪᠣᠭᠠᠨ ᠤ ᠤᠯᠤᠰ ᠍ ᠤᠨ ᠪᠠᠷᠠᠭᠤᠨ ᠬᠣᠶᠢᠳᠤ ᠬᠣᠯᠪᠣᠭᠠᠨ ᠤ ᠲᠣᠭᠣᠷᠢᠭ ᠲᠤ ᠬᠠᠮᠢᠶᠠᠷᠬᠤ ᠪᠦᠭᠦᠳᠡ ᠨᠠᠶᠢᠷᠠᠮᠳᠠᠬᠤ ᠤᠯᠤᠰ ᠶᠤᠮ᠃ ᠨᠡᠶᠢᠰᠯᠡᠯ ᠨᠢ ᠫᠧᠲ᠋ᠷᠣᠵᠠᠸᠣᠳ᠋ᠰᠺ.

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠬᠣᠯᠪᠣᠭᠠᠨ ᠤ ᠤᠯᠤᠰ ᠤᠨ ᠪᠠᠷᠠᠭᠤᠨ ᠬᠣᠶᠢᠳᠤ ᠬᠡᠰᠡᠭ ᠲᠦ᠂ ᠴᠠᠭᠠᠨ ᠲᠡᠩᠭᠢᠰᠡᠶᠢᠨ ᠪᠠᠷᠠᠭᠤᠨ ᠡᠷᠭᠢ ᠳᠦ ᠣᠷᠣᠰᠢᠨ᠎ᠠ᠃ ᠴᠠᠭᠠᠨ ᠲᠡᠩᠭᠢᠰ ᠦᠨ ᠡᠷᠭᠢ ᠶᠢᠨ ᠱᠤᠭᠤᠮ ᠤᠨ ᠤᠷᠲᠤ ᠨᠢ 630 ᠺᠢᠯᠣᠮᠧᠲ᠋ᠷ ᠣᠷᠴᠢᠮ᠃

ᠪᠠᠷᠠᠭᠤᠨ ᠲᠠᠯ᠎ᠠ ᠪᠠᠷ ᠢᠶᠠᠨ ᠹᠢᠨᠯᠠᠨᠲᠲᠠᠢ ᠬᠢᠯᠢᠯᠡᠬᠦ ᠪᠥᠭᠡᠳ ᠣᠷᠣᠰ ᠬᠣᠯᠪᠣᠭᠠᠨ ᠤ ᠤᠯᠤᠰ ᠳᠣᠲᠣᠷ᠎ᠠ ᠪᠠᠨ ᠬᠣᠶᠢᠳᠤ ᠲᠠᠯ᠎ᠠ ᠪᠠᠷ ᠢᠶᠠᠨ ᠺᠣᠯ ᠤᠨ ᠬᠣᠶᠢᠭ ᠳᠠᠬᠢ ᠮᠤᠷᠮᠠᠨᠰᠺ ᠮᠤᠵᠢ᠂ ᠵᠡᠭᠦᠨ ᠡᠮᠦᠨᠡᠲᠦ ᠲᠠᠯ᠎ᠠ ᠪᠠᠷ ᠢᠶᠠᠨ ᠠᠷᠤᠬᠠᠩᠭᠧᠯᠰᠺ ᠮᠤᠵᠢ᠂ ᠡᠮᠦᠨᠡᠲᠦ ᠲᠠᠯ᠎ᠠ ᠪᠠᠷ ᠢᠶᠠᠨ ᠸᠣᠯᠤᠭᠳᠠ ᠮᠤᠵᠢᠯᠧᠨᠢᠩᠷᠠᠳ᠋ ᠮᠤᠵᠢᠲᠠᠢ ᠬᠢᠯᠢᠯᠡᠨ᠎ᠡ᠃

ᠭᠣᠣᠯ᠂ ᠨᠠᠭᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

27,000 ᠣᠷᠴᠢᠮ ᠭᠣᠣᠯ ᠭᠣᠷᠭᠢ ᠲᠠᠢ ᠪᠥᠭᠡᠳ ᠨᠠᠭᠤᠷ ᠴᠥᠭᠦᠷᠦᠮ ᠦᠨ ᠲᠣᠭ᠎ᠠ 60,000 ᠍ ᠪᠠᠷ ᠲᠣᠭᠠᠯᠠᠭᠳᠠᠨ᠎ᠠ᠃ ᠨᠤᠲᠤᠭ ᠤᠨ ᠪᠠᠷᠠᠭᠤᠨ ᠡᠮᠦᠨᠡᠲᠦ ᠬᠡᠰᠡᠭ ᠲᠦ ᠪᠠᠶᠢᠬᠤ ᠯᠠᠳᠣᠭ ᠨᠠᠭᠤᠷ᠂ ᠵᠡᠭᠦᠨ ᠡᠮᠦᠨᠡᠲᠦ ᠬᠡᠰᠡᠭ ᠲᠦ ᠤᠷᠤᠰᠢᠬᠤ ᠣᠨᠸᠭ ᠨᠠᠭᠤᠷ ᠨᠢ ᠡᠵᠡᠯᠡᠬᠦ ᠲᠠᠯᠠᠪᠠᠢ ᠪᠠᠷ ᠢᠶᠠᠨ ᠧᠦ᠋ᠷᠣᠫᠠ ᠲᠤ 1, 2 ᠍ ᠳᠦ ᠣᠷᠣᠳᠠᠭ᠃

ᠠᠰᠢᠭᠲᠤ ᠮᠠᠯᠲᠠᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠦᠨ ᠬᠥᠳᠡᠷᠠᠯᠮᠠᠭᠠᠵᠠᠸᠠᠨᠠᠳᠢᠦ᠋ᠮᠮᠣᠯᠢᠪᠳᠧᠨᠠᠯᠲᠠᠮᠥᠩᠭᠥᠲᠢᠲ᠋ᠠᠨ ᠵᠡᠷᠭᠡ ᠠᠰᠢᠭᠲᠤ ᠮᠠᠯᠲᠠᠮᠠᠯ ᠤᠨ ᠣᠷᠳᠣ ᠨᠤᠭᠤᠳ ᠪᠤᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ 73.6% ᠨᠢ ᠣᠷᠣᠰ᠂ 10.0% ᠨᠢ ᠺᠠᠷᠧᠯ ᠦᠨᠳᠦᠰᠦᠲᠡᠨ᠃ ᠮᠥᠨ ᠴᠠᠭᠠᠨ ᠤᠷᠤᠰ (7.0%), ᠦᠺᠷᠠᠶᠢᠨ (3.6%), ᠹᠢᠨ (2.3%) ᠵᠡᠷᠭᠡ ᠦᠨᠳᠦᠰᠦᠲᠡᠨ ᠨᠦᠭᠦᠳ ᠣᠷᠣᠰᠢᠨ ᠰᠠᠭᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

13 ᠍ ᠳᠦᠭᠡᠷ ᠵᠠᠭᠤᠨᠠ ᠠᠴᠠ ᠬᠣᠶᠢᠰᠢ ᠲᠤᠰ ᠤᠯᠤᠰ ᠤᠨ ᠭᠠᠵᠠᠷ ᠨᠤᠲᠤᠭ ᠤᠨ ᠵᠠᠷᠢᠮ ᠬᠡᠰᠡᠭ ᠰᠸᠸᠳᠡᠨᠡᠶᠢᠨ ᠮᠡᠳᠡᠯ ᠳᠦ ᠪᠠᠶᠢᠭᠰᠠᠨ ᠴᠤ 18 ᠍ ᠳᠦᠭᠡᠷ ᠵᠠᠭᠤᠨᠢ ᠡᠬᠢᠨ ᠳᠦ ᠭᠠᠷᠤᠭᠰᠠᠨ ᠤᠮᠠᠷᠠᠳᠤ ᠶᠢᠨ ᠶᠡᠬᠡ ᠳᠠᠶᠢᠨ᠂ ᠲᠡᠭᠦᠨ ᠢ ᠳᠠᠭᠤᠰᠬᠠᠪᠤᠷᠢ ᠪᠣᠯᠭᠠᠭᠰᠠᠨ ᠨᠢᠱᠲᠠᠳᠲ ᠤᠨ ᠡᠩᠬᠡᠲᠠᠶᠢᠪᠤᠩ ᠤᠨ ᠭᠡᠷ ᠢᠶᠡᠨ (1721) ᠶᠣᠰᠣᠭᠠᠷ ᠣᠷᠣᠰ ᠤᠨ ᠡᠵᠡᠮᠰᠢᠯ ᠳᠦ ᠰᠢᠯᠵᠢᠵᠡᠢ᠃

1923 ᠣᠨ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠠᠦ᠋ᠲ᠋ᠣᠨᠣᠮᠢᠲᠤ ᠺᠠᠷᠧᠯ ᠤᠯᠤᠰ ᠦᠨᠳᠦᠰᠦᠯᠡᠭᠳᠡᠭᠰᠡᠨ᠃ 1939 ᠣᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠠᠷᠮᠢ ᠹᠢᠨᠯᠠᠨ᠋ᠳ᠋ ᠍ ᠲᠤ ᠴᠥᠮᠥᠷᠡᠨ ᠣᠷᠣᠭᠰᠠᠨ ᠤ ᠳᠠᠷᠠᠭ᠎ᠠ 1940 ᠣᠨ ᠳᠤ ᠲᠤᠰ ᠤᠯᠤᠰ ᠤᠨ ᠨᠤᠲᠤᠭ ᠢ ᠣᠷᠤᠯᠴᠠᠭᠤᠯᠤᠨ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠺᠠᠷᠧᠯ-ᠹᠢᠨ ᠤᠯᠤᠰ ᠪᠠᠶᠢᠭᠤᠯᠤᠭᠳᠠᠭᠰᠠᠨ ᠠᠵᠤ᠃ 1944 ᠣᠨ ᠳᠤ ᠹᠢᠨᠯᠠᠨᠲ-ᠵᠥᠪᠯᠡᠯᠲᠦ ᠬᠣᠯᠪᠣᠭᠠᠲᠤ ᠤᠯᠤᠰ ᠤᠨ ᠳᠠᠶᠢᠨ ᠵᠣᠭᠰᠣᠴᠢ᠂ 1947 ᠣᠨ ᠳᠤ ᠡᠩᠬᠡᠲᠠᠶᠢᠪᠤᠩ ᠤᠨ ᠭᠡᠷ᠎ᠡ ᠪᠠᠶᠢᠭᠤᠯᠤᠭᠰᠠᠨ ᠢᠶᠠᠷ ᠹᠢᠨᠯᠠᠨᠲ ᠨᠢ ᠺᠠᠷᠧᠯ ᠦᠨ ᠪᠥᠰᠡ ᠨᠤᠲᠤᠭ ᠢ ᠵᠥᠪᠯᠡᠯᠲᠦ ᠬᠣᠯᠪᠣᠭᠠᠲᠤ ᠤᠯᠤᠰ ᠤᠨ ᠡᠵᠡᠮᠰᠢᠯ ᠪᠣᠯᠬᠤ ᠶᠢ ᠬᠦᠯᠢᠶᠡᠨ ᠵᠥᠪᠰᠢᠶᠡᠷᠡᠭᠰᠡᠨ ᠪᠠᠶᠢᠨ᠎ᠠ᠃ 1956 ᠣᠨ ᠳᠤ ᠳᠠᠬᠢᠨ ᠠᠩᠬᠠᠨ ᠤ ᠨᠡᠷ᠎ᠡ ᠪᠡᠷ ᠢᠶᠡᠨ ᠨᠡᠷᠡᠯᠡᠭᠳᠡᠵᠦ᠂ ᠤᠯᠠᠮ ᠢᠶᠠᠷ ᠵᠥᠪᠯᠡᠯᠲᠦ ᠬᠣᠯᠪᠣᠭᠠᠲᠤ ᠤᠯᠤᠰ ᠵᠠᠳᠠᠷᠠᠬᠤ ᠳᠤ 1991 ᠣᠨ ᠤ 11 ᠰᠠᠷ᠎ᠠ ᠶᠢᠨ 13 ᠍ ᠳᠦ ᠪᠦᠭᠦᠳᠡ ᠨᠠᠶᠢᠷᠠᠮᠳᠠᠬᠤ ᠺᠠᠷᠧᠯ ᠤᠯᠤᠰ ᠭᠡᠭᠡ ᠳᠦ ᠬᠢ ᠪᠣᠯᠤᠭᠰᠠᠨ ᠶᠤᠮ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠶᠢᠯᠡᠭᠴᠢ ᠶᠢᠨ ᠵᠠᠰᠠᠭᠯᠠᠯᠲᠠᠢ ᠪᠥᠭᠡᠳ ᠶᠡᠷᠦᠩᠬᠡᠶᠢᠯᠡᠭᠴᠢ᠂ ᠫᠠᠷᠯᠠᠮᠧᠨᠲ (1 ᠲᠠᠩᠬᠢᠮ᠂ 57 ᠰᠠᠭᠤᠳᠠᠯ ᠲᠠᠢ) ᠍ ᠤᠨ ᠰᠣᠩᠭᠣᠭᠤᠯᠢ ᠨᠢ 4 ᠵᠢᠯ ᠲᠤᠲᠤᠮ ᠶᠠᠪᠤᠭᠳᠠᠳᠠᠭ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠪᠦᠭᠦᠳᠡ ᠨᠠᠶᠢᠷᠠᠮᠳᠠᠬᠤ ᠺᠠᠷᠧᠯ ᠤᠯᠤᠰ»

ᠪᠢᠴᠢᠭᠡᠰᠦ