ᠺᠠᠷᠠᠴᠢᠶ᠎ᠠ-ᠴᠧᠷᠺᠧᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠺᠠᠷᠠᠴᠢᠶ᠎ᠠ – ᠴᠧᠷᠺᠧᠰ ᠣᠷᠣᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠺᠠᠷᠠᠴᠢᠶ᠎ᠠ-ᠴᠧᠷᠺᠧᠰ ᠤᠯᠤᠰ (ᠮᠣᠩᠭᠣᠯ)
ᠺᠠᠷᠠᠴᠢᠶᠧᠸᠣ-ᠴᠧᠷᠺᠧᠰᠰᠺᠠᠶ᠎ᠠ ᠷᠧᠰᠫᠦᠪᠯᠢᠺᠠ (ᠣᠷᠣᠰ)
ᠺᠢᠠᠴᠢᠶ᠎ᠠ-ᠴᠧᠷᠺᠧᠰ ᠷᠧᠰᠫᠦᠪᠯᠢᠺᠠ (ᠺᠠᠷᠠᠴᠢᠶ᠎ᠠ-ᠪᠠᠯᠺᠠᠷ)
ᠺᠢᠷᠢᠱᠧᠢ-ᠱᠷᠢᠳᠴᠡᠰ ᠷᠧᠰᠫᠦᠪᠯᠢᠺᠶᠡ (ᠺᠠᠪᠠᠷᠳ᠋)
Map of Russia - Karachay-Cherkess Republic (2008-03).svg
<tr bgcolor="#E5E4E2">

<th align="center">ᠰᠦᠯᠳᠡ</th> <th align="center">ᠳᠠᠯᠪᠠᠭ᠎ᠠ</th> </tr><tr> <th style="vertical-align:middle; text-align:center;">Coat of Arms of Karachay-Cherkessia.svg
</th> <th style="vertical-align:middle; text-align:center;">Flag of Karachay-Cherkessia.svg
</th></tr>

ᠲᠥᠷᠥ ᠶᠢᠨ ᠳᠠᠭᠤᠯᠠᠯ: n/a
ᠨᠡᠶᠢᠰᠯᠡᠯ ᠴᠧᠷᠺᠧᠰᠰᠺ
ᠪᠠᠶᠢᠭᠤᠯᠤᠭᠳᠠᠭᠰᠠᠨ 1957 ᠣᠨ ᠤ 1 ᠰᠠᠷ᠎ᠠ ᠶᠢᠨ 9
ᠠᠩᠬᠢᠯᠠᠯ
ᠬᠣᠯᠪᠣᠭᠠᠨ ᠤ ᠲᠣᠭᠣᠷᠢᠭ
ᠡᠳ᠋ ᠍ ᠦᠨ ᠵᠠᠰᠠᠭ ᠤᠨ ᠪᠥᠰᠡ
ᠪᠦᠭᠦᠳᠡ ᠨᠠᠶᠢᠷᠠᠮᠳᠠᠬᠤ ᠤᠯᠤᠰ
ᠡᠮᠦᠨᠡᠲᠦ
ᠬᠣᠶᠢᠳᠤ ᠺᠠᠸᠬᠠᠰ
ᠺᠣᠳ᠋ 09
ᠭᠠᠵᠠᠷ ᠣᠷᠣᠨ
ᠨᠤᠲᠤᠭ ᠤᠨ ᠬᠡᠮᠵᠢᠶ᠎ᠡ
- ᠣᠷᠣᠰ ᠬᠣᠯᠪᠣᠭᠠᠨ ᠤ ᠤᠯᠤᠰ ᠳᠠᠬᠢ ᠳᠡᠰ
14,100 км²
14100
ᠬᠦᠮᠦᠨ ᠠᠮᠠ ᠵᠦᠢ (2002 ᠣᠨ ᠤ ᠲᠣᠭᠠᠯᠠᠯᠭ᠎ᠠ)
ᠬᠦᠮᠦᠨ ᠠᠮᠠ ᠶᠢᠨ ᠲᠣᠭ᠎ᠠ
- ᠣᠷᠣᠰ ᠬᠣᠯᠪᠣᠭᠠᠨ ᠤ ᠤᠯᠤᠰ ᠳᠠᠬᠢ ᠳᠡᠰ
- ᠨᠢᠭᠲᠠᠷᠠᠯ
- ᠬᠣᠲᠠ ᠶᠢᠨ
- ᠬᠥᠳᠡᠭᠡᠨ ᠦ
439,475 ᠬᠦᠮᠦᠨ
75
31.2 ᠬᠦᠮᠦᠨ / км²
44.0%
56.0%
ᠠᠯᠪᠠᠨ ᠶᠣᠰᠣᠨ ᠤ ᠬᠡᠯᠡᠨ ᠨᠦᠭᠦᠳ ᠣᠷᠣᠰᠠᠪᠠᠽᠠᠴᠧᠷᠺᠧᠰᠺᠠᠷᠠᠴᠢᠶ᠎ᠠᠨᠣᠭᠠᠢ
ᠵᠠᠰᠠᠭ ᠤᠨ ᠭᠠᠵᠠᠷ (2008 ᠣᠨ ᠤ 10 ᠰᠠᠷ᠎ᠠ ᠶᠢᠨ ᠪᠠᠶᠢᠳᠠᠯ ᠢᠶᠠᠷ)
ᠶᠡᠷᠦᠩᠬᠡᠶᠢᠯᠡᠭᠴᠢ ᠪᠣᠷᠢᠰ ᠡᠪᠽᠧᠸ
ᠬᠠᠤᠯᠢ ᠲᠣᠭᠲᠠᠭᠠᠬᠤ ᠪᠠᠶᠢᠭᠤᠯᠤᠯᠭ᠎ᠠ ᠠᠷᠠᠳ ᠤᠨ ᠬᠤᠷᠠᠯ
ᠦᠨᠳᠦᠰᠦᠨ ᠬᠠᠤᠯᠢ ᠪᠦᠭᠦᠳᠡ ᠨᠠᠶᠢᠷᠠᠮᠳᠠᠬᠤ ᠺᠠᠷᠠᠴᠢᠶ᠎ᠠ-ᠴᠧᠷᠺᠧᠰ ᠤᠯᠤᠰ ᠤᠨ ᠦᠨᠳᠦᠰᠦᠨ ᠬᠠᠤᠯᠢ
ᠠᠯᠪᠠᠨ ᠶᠣᠰᠣᠨ ᠤ ᠴᠠᠬᠢᠮ ᠰᠦᠯᠵᠢᠶ᠎ᠡ
http://www.kchr.info/

ᠪᠦᠭᠦᠳᠡ ᠨᠠᠶᠢᠷᠠᠮᠳᠠᠬᠤ ᠺᠠᠷᠠᠴᠢᠶ᠎ᠠ-ᠴᠧᠷᠺᠧᠰ ᠤᠯᠤᠰ (ᠣᠷᠣᠰ ᠶᠢᠡᠷ ᠺᠠᠷᠠᠴᠢᠶᠧᠸᠣ-ᠴᠧᠷᠺᠧᠰᠰᠺᠠᠶ᠎ᠠ ᠷᠧᠰᠫᠦᠪᠯᠢᠺᠠ) ᠨᠢ ᠣᠷᠣᠰ ᠤᠨ ᠬᠣᠯᠪᠣᠭᠠᠨ ᠤ ᠤᠯᠤᠰ ᠍ ᠤᠨ ᠡᠮᠦᠨᠡᠲᠦ ᠬᠣᠯᠪᠣᠭᠠᠨ ᠤ ᠲᠣᠭᠣᠷᠢᠭ ᠲᠤ ᠬᠠᠮᠢᠶᠠᠷᠬᠤ ᠪᠦᠭᠦᠳᠡ ᠨᠠᠶᠢᠷᠠᠮᠳᠠᠬᠤ ᠤᠯᠤᠰ ᠶᠤᠮ᠃ ᠨᠡᠶᠢᠰᠯᠡᠯ ᠨᠢ ᠴᠧᠷᠺᠧᠰᠰᠺ.

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠲᠦ ᠲᠠᠯ᠎ᠠ ᠪᠠᠷ ᠢᠶᠠᠨ ᠭᠦᠷᠦᠵᠢᠶ ᠠ ᠤᠯᠤᠰ᠂ ᠪᠠᠷᠠᠭᠤᠨ ᠲᠠᠯ᠎ᠠ ᠪᠠᠷ ᠢᠶᠠᠨ ᠰᠲ᠋ᠠᠦ᠋ᠷᠣᠫᠣᠯᠣ ᠶᠢᠨ ᠬᠢᠵᠠᠭᠠᠷ᠂ ᠬᠣᠶᠢᠳᠤ ᠲᠠᠯ᠎ᠠ ᠪᠠᠷ ᠢᠶᠠᠨ ᠺᠷᠠᠰᠣᠨᠠᠳᠠᠷ ᠤᠨ ᠬᠢᠵᠠᠭᠠᠷ᠂ ᠵᠡᠭᠦᠨ ᠲᠠᠯ᠎ᠠ ᠪᠠᠷ ᠢᠶᠠᠨ ᠺᠠᠪᠠᠷᠳᠢᠨ᠎ᠠ-ᠪᠠᠯᠺᠠᠷᠲᠠᠢ ᠬᠢᠯᠢᠯᠡᠨ᠎ᠡ᠃

ᠭᠠᠵᠠᠷ ᠨᠤᠲᠤᠭ ᠤᠨ 80 ᠬᠤᠪᠢ ᠶᠢ ᠨᠢ ᠺᠠᠸᠬᠠᠰ ᠤᠨ ᠨᠢᠷᠤᠭᠤᠨ ᠤ ᠠᠤᠯᠠᠯᠠᠰ ᠡᠵᠡᠯᠡᠬᠦ ᠪᠥᠭᠡᠳ ᠺᠠᠪᠠᠷᠳᠢᠨ᠎ᠠ-ᠪᠠᠯᠺᠠᠷ ᠲᠠᠢ ᠬᠢᠯᠢᠯᠡᠳᠡᠭ ᠬᠢᠯᠢ ᠳᠡᠭᠡᠷ᠎ᠡ ᠧᠦ᠋ᠷᠣᠫᠠ ᠍ ᠤᠨ ᠬᠠᠮᠤᠭ ᠤᠨ ᠥᠨᠳᠥᠷ ᠣᠷᠭᠢᠯ ᠪᠣᠯᠬᠤ ᠡᠯᠪᠷᠦ᠋ᠰ ᠠᠭᠤᠯᠠ (5,462 ᠮ) ᠣᠷᠣᠰᠢᠨ᠎ᠠ᠃ 172 ᠭᠣᠣᠯ᠂ 130 ᠣᠷᠴᠢᠮ ᠨᠠᠭᠤᠷᠲᠠᠢ᠃

1 ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -3.2 °C, 7 ᠰᠠᠷ ᠤᠨ ᠬᠢ +20.6 °C, ᠵᠢᠯ ᠦᠨ ᠬᠤᠷ᠎ᠠ ᠲᠤᠨᠳᠠᠰᠤᠨ ᠤ ᠳᠤᠮᠳᠠᠴᠢ ᠬᠡᠮᠵᠢᠶ᠎ᠡ ᠨᠠᠮ ᠳᠣᠣᠷ᠎ᠠ ᠭᠠᠵᠠᠷ ᠢᠶᠠᠷ ᠢᠶᠠᠨ 550 ᠮᠢᠯᠯᠢᠮᠧᠲ᠋ᠷ᠂ ᠠᠭᠤᠯᠠᠷᠬᠠᠭ ᠭᠠᠵᠠᠷ ᠢᠶᠠᠷ ᠢᠶᠠᠨ 2,500 ᠮᠢᠯᠯᠢᠮᠧᠲ᠋ᠷ᠃

ᠴᠢᠯᠠᠭᠤᠨ ᠨᠡᠭᠦᠷᠡᠰᠦᠭᠠᠷᠨᠢ ᠳᠤᠠᠯᠲᠠᠰᠢᠪᠠᠷ ᠤᠨ ᠣᠷᠳᠣ ᠭᠠᠵᠠᠷ ᠡᠯᠪᠡᠭ ᠲᠡᠢ᠃ ᠮᠥᠨ ᠬᠠᠯᠠᠭᠤᠨ ᠷᠠᠰᠢᠶᠠᠨ ᠣᠯᠠᠨ ᠪᠤᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ (33.6%), ᠲᠦᠷᠦᠭ ᠤᠭᠰᠠᠭᠠᠨ ᠤ ᠺᠠᠷᠠᠴᠢᠶ᠎ᠠ (38.5%), ᠴᠧᠷᠺᠧᠰ (11.3%), ᠠᠪᠠᠽᠠ (7.4%), ᠨᠣᠭᠠᠢ ᠦᠨᠳᠦᠰᠦᠲᠡᠨ ᠨᠦᠭᠦᠳ (3.4%) ᠣᠷᠣᠰᠢᠨ ᠰᠠᠭᠤᠨ᠎ᠠ᠃ 80 ᠭᠠᠷᠤᠢ ᠦᠨᠳᠦᠰᠦᠲᠡᠨ ᠶᠠᠰᠤᠲᠠᠨ ᠪᠠᠶᠢᠳᠠᠭ ᠭᠡᠭᠳᠡᠳᠡᠭ᠃ ᠬᠦᠮᠦᠨ ᠠᠮᠠ ᠶᠢᠨ ᠳᠤᠮᠳᠠᠴᠢ ᠨᠠᠰᠤ ᠨᠢ 33.2.

ᠰᠡᠭᠦᠯ ᠦᠨ ᠦᠶ᠎ᠡ ᠳᠦ ᠺᠠᠸᠬᠠᠰ ᠳᠠᠬᠢ ᠤᠯᠤᠰ ᠲᠥᠷᠥ ᠶᠢᠨ ᠲᠣᠭᠲᠠᠪᠤᠷᠢ ᠦᠭᠡᠢ ᠪᠠᠶᠢᠳᠠᠯ᠂ ᠡᠳ᠋ ᠍ ᠦᠨ ᠵᠠᠰᠠᠭ ᠤᠨ ᠬᠢᠮᠤᠷᠠᠯ ᠠᠴᠠ ᠪᠣᠯᠵᠤ᠂ ᠣᠷᠣᠰ ᠤᠳ ᠥᠭᠡᠷ᠎ᠡ ᠭᠠᠵᠠᠷ ᠯᠤᠤ ᠰᠢᠯᠵᠢᠨ ᠰᠠᠭᠤᠷᠢᠰᠢᠬᠤ ᠨᠢ ᠶᠡᠬᠡᠰᠴᠢ᠂ ᠬᠦᠮᠦᠨ ᠠᠮᠠ ᠳᠤ ᠡᠵᠡᠯᠡᠬᠦ ᠣᠷᠣᠰ ᠤᠳ ᠤᠨ ᠬᠤᠪᠢ ᠪᠠᠭᠤᠷᠠᠭᠰᠠᠭᠠᠷ ᠪᠤᠢ᠃ ᠴᠧᠴᠧᠨ ᠦ ᠳᠠᠶᠢᠨᠢ ᠦᠶ᠎ᠡ ᠪᠡᠷ ᠠᠭᠤᠭᠤᠯ ᠨᠣᠭᠠᠶᠢᠴᠤᠳ ᠠᠴᠠ ᠣᠯᠠᠨ ᠪᠤᠶᠤ 20 ᠮᠢᠩᠭ᠎ᠠ ᠣᠷᠴᠢᠮ ᠴᠧᠴᠧᠨ ᠨᠦᠭᠦᠳ ᠳᠦᠷᠪᠡᠵᠦ ᠣᠷᠣᠵᠤ ᠢᠷᠡᠵᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠷᠬ ᠤᠽ ᠠᠭᠤᠯᠠ

1922 ᠣᠨ ᠤ 1 ᠰᠠᠷ᠎ᠠ ᠶᠢᠨ 12 ᠍ ᠳᠦ ᠺᠠᠷᠠᠴᠢᠶ᠎ᠠ-ᠴᠧᠷᠺᠧᠰᠰ ᠤᠨ ᠠᠦ᠋ᠲ᠋ᠣᠨᠣᠮᠢᠲᠤ ᠮᠤᠵᠢ ᠪᠠᠶᠢᠭᠤᠯᠤᠭᠳᠠᠭᠰᠠᠨ ᠴᠤ 1926 ᠣᠨ ᠳᠤ ᠺᠠᠷᠠᠴᠢᠶ᠎ᠠ ᠶᠢᠨ ᠠᠦ᠋ᠲ᠋ᠣᠨᠣᠮᠢᠲᠤ ᠮᠤᠵᠢ, ᠴᠧᠷᠺᠧᠰ ᠦᠨᠳᠦᠰᠦᠲᠡᠨ ᠦ ᠲᠣᠭᠣᠷᠢᠭ ᠪᠣᠯᠤᠨ ᠬᠤᠪᠢᠶᠠᠭᠳᠠᠭᠰᠠᠨ ᠪᠠᠶᠢᠨ᠎ᠠ᠃ ᠬᠣᠵᠢᠮ 1928 ᠣᠨ ᠤ 4 ᠰᠠᠷ᠎ᠠ ᠶᠢᠨ 30 ᠍ ᠳᠦ ᠴᠧᠷᠺᠧᠰ ᠦᠨᠳᠦᠰᠦᠲᠡᠨ ᠦ ᠲᠣᠭᠣᠷᠢᠭ ᠨᠢ ᠴᠧᠷᠺᠧᠰᠰ ᠤᠨ ᠠᠦ᠋ᠲ᠋ᠣᠨᠣᠮᠢᠲᠤ ᠲᠣᠭᠣᠷᠢᠭ ᠪᠣᠯᠤᠨ ᠥᠷᠭᠡᠵᠢᠭᠰᠡᠨ ᠠᠵᠤ᠃ 1943 ᠣᠨ ᠳᠤ ᠳᠡᠯᠡᠬᠡᠢ ᠶᠢᠨ ᠬᠣᠶᠠᠳᠤᠭᠠᠷ ᠳᠠᠶᠢᠨᠢ ᠦᠶ᠎ᠡ ᠳᠦ ᠭᠧᠷᠮᠠᠨᠢ ᠲᠠᠯ᠎ᠠ ᠳᠤ ᠤᠷᠪᠠᠭᠰᠠᠨ ᠬᠡᠮᠡᠬᠦ ᠰᠢᠯᠲᠠᠭᠠᠨ ᠢᠶᠠᠷ ᠺᠠᠷᠠᠴᠢᠶ᠎ᠠ ᠶᠢᠨ ᠠᠦ᠋ᠲ᠋ᠣᠨᠣᠮᠢᠲᠤ ᠲᠣᠭᠣᠷᠢᠭ ᠢ ᠤᠰᠠᠳᠬᠠᠵᠤ᠂ ᠺᠠᠷᠠᠴᠢᠶ᠎ᠠ ᠦᠨᠳᠦᠰᠦᠲᠡᠨ ᠨᠦᠭᠦᠳ ᠢ ᠬᠠᠰᠠᠭᠰᠲ᠋ᠠᠨ ᠷᠤ ᠨᠡᠭᠦᠯᠭᠡᠨ ᠰᠢᠯᠵᠢᠭᠦᠯᠦᠭᠰᠡᠨ ᠪᠠᠶᠢᠨ᠎ᠠ᠃ 1957 ᠣᠨ ᠤ 1 ᠰᠠᠷ᠎ᠠ ᠳᠤ ᠺᠠᠷᠠᠴᠢᠶ᠎ᠠ-ᠴᠧᠷᠺᠧᠰᠰ ᠤᠨ ᠠᠦ᠋ᠲ᠋ᠣᠨᠣᠮᠢᠲᠤ ᠮᠤᠵᠢ ᠳᠠᠬᠢᠨ ᠪᠠᠶᠢᠭᠤᠯᠤᠭᠳᠠᠵᠤ᠂ ᠺᠠᠷᠠᠴᠢᠶ᠎ᠠ ᠨᠠᠷ ᠨᠤᠲᠤᠭ ᠲᠤ ᠪᠠᠨ ᠪᠤᠴᠠᠵᠤ ᠢᠷᠡᠭᠰᠡᠨ ᠶᠤᠮ᠃ 1991 ᠣᠨ ᠤ 3 ᠰᠠᠷ᠎ᠠ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠺᠠᠷᠠᠴᠢᠶ᠎ᠠ-ᠴᠧᠷᠺᠧᠰ ᠤᠯᠤᠰ ᠪᠣᠯᠤᠭᠰᠠᠨ ᠴᠤ ᠤᠳᠠᠯ ᠦᠭᠡᠢ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠢᠶᠠᠷ 1992 ᠣᠨ ᠤ 12 ᠰᠠᠷ᠎ᠠᠠ ᠠᠴᠠ ᠣᠳᠣ ᠶᠢᠨ ᠢᠶᠠᠨ ᠨᠡᠷ᠎ᠡ ᠪᠡᠷ ᠨᠡᠷᠡᠯᠡᠭᠳᠡᠬᠦ ᠪᠣᠯᠵᠠᠢ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠷᠦᠩᠬᠡᠶᠢᠯᠡᠭᠴᠢ ᠶᠢᠨ ᠵᠠᠰᠠᠭᠯᠠᠯᠲᠠᠢ᠃ ᠨᠢᠭᠡ ᠲᠠᠩᠬᠢᠮ᠂ 73 ᠰᠠᠭᠤᠳᠠᠯ ᠲᠠᠢ ᠫᠠᠷᠠᠯᠮᠧᠨᠲ ᠲᠠᠢ᠃ ᠦᠨᠳᠦᠰᠦᠲᠡᠨ ᠨᠦᠭᠦᠳ ᠦᠨ ᠬᠣᠭᠣᠷᠣᠨᠳᠣ ᠶᠢᠨ ᠵᠥᠷᠢᠴᠡᠯ ᠬᠤᠷᠴᠠᠳᠠᠮᠠᠯ ᠪᠠᠶᠢᠳᠠᠯ ᠲᠠᠢ᠃ 1999 ᠣᠨ ᠤ 5 ᠰᠠᠷ᠎ᠠ ᠳᠤ ᠪᠣᠯᠤᠭᠰᠠᠨ ᠠᠩᠬᠠᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠪᠠᠷ ᠨᠡᠷ᠎ᠡ ᠳᠡᠪᠰᠢᠭᠰᠡᠨ ᠺᠠᠷᠠᠴᠢᠶ᠎ᠠ ᠦᠨᠳᠦᠰᠦᠲᠡᠨ ᠸᠯᠠᠳᠢᠮᠢᠷ ᠰᠧᠮᠶᠣᠨᠠᠪ ᠴᠧᠷᠺᠧᠰ ᠦᠨᠳᠦᠰᠦᠲᠡᠨ ᠰᠲ᠋ᠠᠨᠢᠰᠯᠠᠪ ᠲᠧᠯᠧᠸᠢ ᠶᠢ ᠢᠯᠠᠭᠰᠠᠨ ᠤ ᠳᠠᠷᠠᠭ᠎ᠠ ᠴᠧᠷᠺᠧᠰᠰ ᠦᠳ ᠰᠣᠩᠭᠣᠭᠤᠯᠢ ᠰᠢᠳᠤᠷᠭᠤ ᠪᠤᠰᠤ ᠪᠣᠯᠤᠭᠰᠠᠨ ᠬᠡᠮᠡᠨ ᠥᠷᠭᠡᠨ ᠬᠡᠮᠵᠢᠶᠡᠨ ᠦ ᠡᠰᠡᠷᠭᠦᠴᠡᠯ ᠦᠨ ᠬᠥᠳᠡᠯᠭᠡᠭᠡᠨ ᠥᠷᠨᠢᠭᠦᠯᠵᠦ ᠪᠠᠶᠢᠭᠰᠠᠨ ᠠᠵᠢ᠃ ᠳᠡᠭᠡᠳᠦ ᠰᠢᠭᠦᠬᠦ ᠡᠴᠡ ᠰᠣᠩᠭᠣᠭᠤᠯᠢ ᠶᠢ ᠬᠦᠴᠦᠨᠲᠡᠢ ᠳᠦ ᠲᠣᠭᠠᠴᠠᠬᠤ ᠰᠢᠢᠳᠪᠦᠷᠢ ᠭᠠᠷᠤᠭᠰᠠᠨ ᠴᠤ ᠴᠧᠷᠺᠧᠰᠰ ᠦᠳ ᠪᠣᠯᠤᠨ ᠲᠧᠯᠧᠸ ᠤᠨ ᠲᠠᠯ᠎ᠠ ᠶᠢᠨ ᠬᠢᠨ ᠪᠦᠭᠦᠳᠡ ᠨᠠᠶᠢᠷᠠᠮᠳᠠᠬᠤ ᠤᠯᠤᠰ ᠢ ᠬᠤᠪᠢᠶᠠᠬᠤ ᠶᠢᠨ ᠲᠥᠯᠥᠭᠡ ᠲᠡᠮᠡᠴᠡᠯ ᠶᠠᠪᠤᠭᠤᠯᠤᠭᠰᠠᠨ᠃

2001 ᠣᠨ ᠳᠤ ᠠᠦ᠋ᠲ᠋ᠣᠮᠠᠰᠢᠨ ᠳᠤ ᠲᠠᠯᠪᠢᠭᠰᠠᠨ ᠪᠥᠮᠪᠥᠭᠡ ᠳᠡᠯᠪᠡᠷᠡᠴᠢ ᠬᠦᠮᠦᠨ ᠦ ᠠᠮᠢᠨ ᠳᠤ ᠬᠦᠷᠦᠭᠰᠡᠨ ᠠᠯᠠᠨ ᠬᠢᠳᠤᠯᠭ᠎ᠠ ᠪᠣᠯᠤᠭᠰᠠᠨ ᠪᠥᠭᠡᠳ ᠭᠡᠮᠲᠦ ᠬᠡᠷᠡᠭᠲᠡᠨ ᠨᠦᠭᠦᠳ ᠨᠢ ᠴᠧᠴᠧᠨ ᠦ ᠰᠠᠯᠠᠩ ᠲᠤᠰᠠᠭᠠᠷᠯᠠᠭᠴᠢ ᠳᠤ ᠭᠡᠵᠦ ᠦᠵᠡᠳᠡᠭ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠶᠢᠰᠯᠡᠯ ᠴᠧᠷᠺᠧᠰᠰᠺ ᠬᠣᠲᠠ ᠨᠢ ᠤᠯᠤᠰ ᠤᠨ ᠢᠶᠠᠨ ᠬᠣᠶᠢᠳᠤ ᠵᠠᠬ᠎ᠠ ᠳᠤ ᠪᠠᠶᠢᠷᠢᠯᠠᠳᠠᠭ᠃

ᠲᠤᠰ ᠪᠦᠭᠦᠳᠡ ᠨᠠᠶᠢᠷᠠᠮᠳᠠᠬᠤ ᠤᠯᠤᠰ ᠨᠢ 8 ᠳᠡᠭᠦᠷᠭᠡ ᠳᠦ ᠬᠤᠪᠢᠶᠠᠭᠳᠠᠬᠤ ᠪᠥᠭᠡᠳ 4 ᠬᠣᠲᠠ᠂ 140 ᠲᠣᠰᠬᠣᠨ ᠲᠠᠢ᠃

ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠵᠤ ᠦᠢᠯᠡᠳᠪᠦᠷᠢᠯᠡᠯ ᠦᠨ ᠰᠠᠯᠪᠠᠷ ᠤᠳ ᠨᠢ ᠨᠡᠶᠢᠰᠯᠡᠯ ᠴᠧᠷᠺᠧᠰᠰᠺ ᠲᠤ ᠲᠥᠪᠯᠡᠷᠡᠭᠰᠡᠨ ᠪᠠᠶᠢᠳᠠᠭ᠃ ᠬᠣᠶᠢᠳᠤ ᠬᠡᠰᠡᠭ ᠢᠶᠡᠷ ᠬᠢᠮᠢ ᠶᠢᠨ᠂ ᠠᠦ᠋ᠲ᠋ᠣᠮᠠᠰᠢᠨ ᠤ ᠦᠢᠯᠡᠳᠪᠦᠷᠢ ᠨᠦᠭᠦᠳ᠂ ᠮᠠᠯ ᠠᠵᠤ ᠠᠬᠤᠢ᠂ ᠡᠮᠦᠨᠡᠲᠦ ᠬᠡᠰᠡᠭ ᠢᠶᠡᠷ ᠣᠯᠪᠤᠷᠢᠯᠠᠬᠤ ᠠᠵᠤ ᠠᠬᠤᠢ᠂ ᠮᠣᠳᠣ ᠪᠣᠯᠪᠠᠰᠤᠷᠠᠭᠤᠯᠬᠤ᠂ ᠬᠣᠨᠢ ᠦᠷᠡᠵᠢᠭᠦᠯᠬᠦ ᠭᠠᠵᠠᠷ ᠤᠳ ᠣᠯᠠᠨ ᠪᠤᠢ᠃

ᠸᠢᠭᠮᠧᠳᠢᠶᠠ ᠵᠢᠷᠤᠭ ᠤᠨ ᠰᠠᠩ:
«ᠺᠠᠷᠠᠴᠢᠶ᠎ᠠ-ᠴᠧᠷᠺᠧᠰ»

ᠪᠢᠴᠢᠭᠡᠰᠦ