ᠺᠠᠶᠢᠯᠤ ᠰᠢᠶᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠺᠠᠶᠢᠯᠤ ᠰᠢᠶᠠᠨ (ᠬᠢᠳᠠᠳ ᠢᠶᠡᠷ᠄开鲁县᠂ ᠺᠠᠶᠢᠯᠤ ᠭᠡᠳᠡᠭ ᠨᠢ ᠬᠠᠯᠢᠭᠤᠲᠤ ᠵᠣ ᠭᠡᠰᠡᠨ ᠨᠡᠷ᠎ᠡ ᠡᠴᠡ ᠢᠷᠡᠯᠲᠡᠢ ) ᠨᠢ ᠦᠪᠦᠷ ᠮᠤᠩᠭᠤᠯ ᠤᠨ ᠲᠦᠩᠯᠢᠶᠣᠤ ᠬᠣᠲᠠ ᠶ᠋ᠢᠨ ᠪᠠᠷᠠᠭᠤᠨ ᠬᠡᠰᠡᠭ ᠲᠤ ᠪᠠᠶᠢᠷᠢᠯᠠᠵᠤ ᠪᠠᠶᠢᠭ᠎ᠠ ᠶᠤᠮ ᠃ ᠵᠡᠭᠦᠨ ᠤᠷᠲᠤᠷᠢᠭ ᠤᠨ 120º25´ -- 121º52´ ᠂ ᠤᠮᠠᠷᠠᠲᠤ ᠥᠷᠭᠡᠷᠢᠭ ᠦᠨ 43º9´ -- 44º10´ ᠬᠣᠭᠣᠷᠣᠨᠳᠤ ᠪᠠᠶᠢᠳᠠᠭ ᠂ ᠵᠡᠬᠦᠨ ᠲᠠᠯ᠎ᠠ ᠪᠠᠷ ᠢᠶᠡᠨ ᠬᠣᠷᠴᠢᠨ ᠲᠣᠭᠣᠷᠠᠭ ᠲᠠᠢ ᠬᠥᠷᠰᠢ ᠵᠡᠷᠭᠡᠯᠡᠳᠡᠵᠦ ᠂ ᠪᠠᠷᠠᠭᠤᠨ ᠲᠠᠯ᠎ᠡ ᠪᠠᠷ ᠢᠶᠡᠨ ᠣᠩᠨᠢᠭᠤᠳ ᠬᠣᠰᠢᠭᠤᠠᠷᠤ ᠬᠣᠷᠴᠢᠨ ᠬᠤᠰᠢᠭᠤ ᠲᠠᠢ ᠵᠠᠬ᠎ᠠ ᠨᠡᠶᠢᠯᠡᠵᠦ ᠂ ᠡᠮᠦᠨ᠎ᠡ ᠲᠠᠯ᠎ᠠ ᠪᠠᠷ ᠢᠶᠡᠨ ᠨᠠᠢᠮᠠᠨ ᠬᠤᠰᠢᠭᠤᠬᠣᠷᠴᠢᠨ ᠵᠡᠬᠦᠨ ᠭᠠᠷᠤᠨ ᠬᠣᠶᠢᠲᠤ ᠬᠤᠰᠢᠭᠤ ᠲᠠᠢ ᠵᠠᠯᠭᠠᠯᠳᠤᠵᠤ ᠂ ᠬᠣᠶᠢᠲᠤ ᠲᠠᠯ᠎ᠠ ᠪᠠᠷ ᠢᠶᠡᠨ ᠵᠠᠷᠤᠳ ᠬᠣᠰᠢᠭᠤᠬᠣᠷᠴᠢᠨ ᠵᠡᠭᠦᠨ ᠭᠠᠷᠤᠨ ᠳᠤᠮᠳᠠᠳᠤ ᠬᠣᠰᠢᠭᠤ ᠶ᠋ᠢᠨ ᠠᠭᠤᠯᠵᠠᠷ  ᠲᠤ ᠪᠠᠶᠢᠨ᠎ᠠ ᠃ ᠪᠦᠬᠦ ᠰᠢᠶᠠᠨ ᠶᠡᠷᠦᠩᠬᠡᠢ ᠲᠠᠯᠠᠪᠠᠢ ᠨᠢ 4488 ᠲᠡᠭᠰᠢ ᠳᠥᠷᠪᠡᠯᠵᠢᠨ ᠺᠢᠯᠣᠮᠧᠲ᠋ᠷ ᠂ ᠭᠠᠵᠠᠷ ᠤᠨ ᠪᠠᠶᠢᠴᠠ ᠨᠢ ᠨᠠᠮ ᠲᠡᠭᠰᠢᠬᠡᠨ ᠂ 2012 ᠤᠨ ᠤ ᠲᠣᠭ᠎ᠠ ᠪᠠᠷᠢᠮᠳᠠ ᠶᠢ ᠦᠨᠳᠦᠰᠦᠯᠡᠪᠡᠯ ᠪᠠᠷᠤᠭ 397591 ᠬᠦᠮᠦᠨ ᠠᠮᠠ ᠲᠠᠢ ᠂ ᠴᠦᠬᠡᠨ ᠲᠣᠭᠠᠲᠤ ᠦᠨᠳᠦᠰᠦᠲᠡᠨ ᠤ ᠬᠦᠮᠦᠨ ᠠᠮᠠ ᠪᠠᠷᠤᠭ 70434 ᠂ ᠪᠦᠬᠦ ᠬᠦᠮᠦᠨ ᠠᠮᠠ ᠶᠢᠨ 17.72% ᠬᠣᠪᠢ ᠶᠢ ᠡᠵᠡᠯᠡᠨ᠎ᠠ ᠃ Kailumap.jpg


ᠵᠠᠰᠠᠭ ᠵᠠᠬᠢᠷᠭᠠᠨ ᠤ ᠣᠷᠣᠨ ᠤ ᠬᠤᠪᠢᠶᠠᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠶᠢᠯᠦ ᠰᠢᠶᠠᠨ ᠤ ᠵᠠᠰᠠᠭ ᠤᠨ ᠣᠷᠳᠣᠨ ᠪᠣᠯ ᠺᠠᠶᠢᠯᠦ ᠪᠠᠯᠭᠠᠰᠤ ᠃ ᠰᠢᠶᠠᠨ ᠤ ᠬᠠᠷᠢᠶ᠎ᠠ ᠣᠷᠣᠨ ᠄ ᠶᠡᠬᠡᠳᠡᠯ᠎ᠡ ᠪᠠᠯᠭᠠᠰᠤ ᠂ ᠵᠢᠷᠭᠠᠯᠠᠩᠲᠤ ᠪᠠᠯᠭᠠᠰᠤ ᠂ ᠺᠠᠶᠢᠯᠦ ᠪᠠᠯᠭᠠᠰᠤ ᠂ ᠳ᠋ᠠ ᠢᠦᠢ ᠱᠦ ᠪᠠᠯᠭᠠᠰᠤ ᠂ ᠾᠧᠢ ᠯᠦᠩ ᠪᠠ ᠪᠠᠯᠭᠠᠰᠤ ᠂ ᠮᠠᠢᠢᠰᠢᠨ ᠪᠠᠯᠭᠠᠰᠤ ᠂ ᠵᠢᠶᠠᠨ ᠬᠤᠸᠠ ᠪᠠᠯᠭᠠᠰᠤ ᠂ ᠰᠢᠶᠤᠤ ᠵᠢᠶᠧ ᠵᠢᠶ ᠪᠠᠯᠭᠠᠰᠤ ᠂ ᠳ᠋ᠦᠩ ᠹᠧᠩ ᠪᠠᠯᠭᠠᠰᠤ ᠂ ᠳ᠋ᠦᠩ ᠯᠠᠶ ᠪᠠᠯᠭᠠᠰᠤ

ᠪᠠᠶᠢᠭᠠᠯᠢ ᠶᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷᠬᠠᠶ ᠶᠢᠨ ᠭᠠᠷᠤᠯᠲᠠ ᠶᠢᠨ ᠡᠬᠢ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠶᠢᠯᠦ ᠰᠢᠶᠠᠨ ᠤ ᠴᠢᠯᠠᠭᠤᠨ ᠲᠣᠰᠣᠨ ᠤ ᠬᠠᠳᠠᠭᠠᠯᠠᠭᠳᠠᠴᠠ ᠨᠢ ᠡᠯᠪᠡᠭ ᠪᠠᠶᠠᠯᠢᠭ ᠃ ᠯᠦ ᠵᠢᠶᠠ ᠫᠦ ᠬᠣᠲᠣᠭᠣᠷ ᠶᠢᠨ ᠵᠢᠱᠢᠯᠲᠡ ᠶᠡᠷᠦᠩᠬᠡᠶ ᠨᠥᠭᠡᠴᠡ ᠶᠢᠨ ᠬᠡᠮᠵᠢᠶ᠎ᠡ 2.1 ᠳ᠋ᠦᠩᠰᠢᠭᠤᠷ ᠲᠣᠨ ᠣᠷᠴᠢᠮ ᠃ ᠯᠢᠶᠣᠤ ᠡᠾᠸ ᠴᠢᠯᠠᠭᠤᠨ ᠲᠣᠰᠣᠨ ᠤ ᠠᠶ ᠰᠠᠪᠠ ᠂ ᠨᠢᠭᠡᠨᠲᠡ ᠨᠡᠭᠡᠭᠡᠨ ᠠᠰᠢᠭᠯᠠᠵᠤ ᠪᠠᠶᠢᠭ᠋ ᠠ ᠂ ᠬᠠᠮᠤᠭ ᠥᠨᠳᠥᠷ ᠲᠡᠬᠡᠨ ᠵᠠᠭᠤᠨ ᠲᠦᠮᠡᠨ ᠲᠣᠨ ᠬᠦᠷᠦᠨ᠎ᠡ ᠃

ᠤᠰᠤᠨ ᠤ ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠳᠣᠣᠷᠠᠬᠢ ᠤᠰᠤ ᠄ ᠬᠠᠳᠠᠭᠠᠯᠠᠭᠳᠠᠴᠠ ᠡᠯᠪᠡᠭ ᠪᠠᠶᠠᠯᠢᠭ ᠂ ᠣᠰᠣᠨ ᠤ ᠴᠢᠨᠠᠷ ᠢᠶᠠᠷ ᠰᠠᠢᠢᠨ ᠃ ᠭᠠᠵᠠᠷ ᠳᠡᠭᠡᠷᠡᠬᠢ ᠤᠰᠤ᠄ ᠰᠢᠨ ᠺᠠᠶ ᠾᠧ ᠂ ᠰᠢ ᠯᠢᠶᠣᠤ ᠾᠧ ᠂ ᠰᠢᠷᠠᠮᠥ᠋ᠷᠡᠨ ᠂ ᠥᠯᠵᠡᠶᠢᠮᠥ᠋ᠷᠡᠨ ᠂ ᠵᠢᠶᠤᠤ ᠯᠠᠢ ᠾᠧ ᠵᠡᠷᠬᠡ ᠲᠠᠪᠤᠨ ᠭᠣᠣᠯ ᠮᠥᠷᠡᠨ ᠺᠠᠶᠶᠯᠦ ᠢᠶᠡᠷ ᠦᠨᠭᠭᠡᠷᠡᠵᠦ ᠂ ᠬᠢᠯᠢ ᠶᠢᠨ ᠳᠣᠲᠣᠷ᠎ᠠ ᠭᠣᠣᠯ ᠮᠥᠷᠡᠨ ᠤ ᠪᠦᠬᠦ ᠣᠷᠳᠣ ᠨᠢ 318 ᠺᠢᠯᠣᠮᠧᠲ᠋ᠷ ᠪᠣᠯᠤᠨ᠎ᠠ ᠃

ᠵᠠᠮ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠮᠠᠯ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠶᠢᠯᠦ ᠰᠢᠶᠠᠨ ᠤ ᠬᠢᠯᠢ ᠶᠢᠨ ᠳᠣᠲᠣᠷ᠎ᠠ ᠬᠣᠶᠠᠷ ᠤᠯᠤᠰ ᠤᠨ ᠵᠠᠰᠠᠮᠠᠯ ᠵᠡᠮ ᠤᠨ ᠥᠩᠭᠡᠷᠡᠵᠦ ᠂ ᠨᠢᠭᠡ ᠨᠢ 303 ᠱᠤᠭᠤᠮ ᠂ ᠬᠢᠯᠢ ᠳᠣᠲᠣᠷᠠᠬᠢ ᠬᠡᠰᠡᠭ ᠦᠨ ᠪᠦᠬᠦ ᠣᠷᠳᠣ ᠨᠢ 64.6 ᠺᠢᠯᠣᠮᠧᠲ᠋ᠷ ᠂ ᠵᠡᠭᠦᠨᠰᠢ ᠪᠠᠷᠠᠭᠤᠨᠰᠢ ᠬᠥᠨᠳᠡᠯᠡᠨ ᠨᠡᠪᠲᠡᠷᠡᠭᠡᠳ ᠂ ᠺᠠᠶᠢᠯᠦ -- ᠪᠦᠦ ᠺᠠᠩ᠂ ᠺᠠᠶᠢᠯᠦ -- ᠳ᠋ᠦᠩ ᠯᠠᠢ ᠬᠦᠷᠲᠡᠯ᠎ᠡ ᠵᠠᠰᠠᠮᠠᠯ ᠵᠠᠮ ᠨᠢ ᠡᠮᠦᠨᠡᠰᠢ ᠤᠮᠠᠷᠠᠰᠢ ᠬᠦᠨᠳᠡᠯᠡᠰᠦᠨ ᠨᠡᠪᠲᠡᠷᠡᠵᠡᠶ ᠃ ᠨᠥᠭᠥᠭᠡ ᠨᠢᠭᠡ ᠨᠢ 111 ᠱᠤᠭᠤᠮ ᠂ ᠬᠢᠯᠢ ᠳᠣᠲᠣᠷᠠᠬᠢ ᠬᠡᠰᠡᠭ ᠦᠨ ᠪᠦᠬᠦ ᠣᠷᠳᠣ ᠨᠢ 15.2 ᠺᠢᠯᠣᠮᠧᠲ᠋ᠷ ᠪᠣᠯᠤᠨ᠎ᠠ ᠃ ᠰᠢᠶᠠᠨ ᠤ ᠳᠣᠲᠣᠷ᠎ᠠ ᠨᠢᠭᠡᠳᠦᠭᠡᠷ ᠳᠡᠰ ᠤᠨ ᠵᠠᠰᠠᠮᠠᠯ ᠵᠠᠮ ᠨᠢᠭᠡ ᠪᠠᠶᠢᠵᠤ᠂ ᠰᠢᠶᠠᠨ ᠤ ᠲᠡᠰ ᠤᠨ ᠵᠠᠰᠠᠮᠠᠯ ᠵᠠᠮ 234.4 ᠺᠢᠯᠣᠮᠧᠲ᠋ᠷ ᠪᠠᠶᠢᠨ᠎ᠠ᠃

ᠲᠡᠮᠦᠷ ᠵᠠᠮ [ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠶᠢᠯᠦ ᠶᠢᠨ ᠬᠢᠯᠢ ᠶᠢᠨ ᠳᠣᠲᠣᠷ᠎ᠠ ᠬᠣᠶᠠᠷ ᠱᠣᠭᠤᠮ ᠲᠡᠮᠦᠷ ᠵᠠᠮ ᠥᠩᠭᠡᠷᠡᠵᠦ ᠪᠠᠶᠢᠨ᠎ᠠ ᠂ ᠨᠢᠭᠡ ᠨᠢ ᠵᠢᠩ ᠲᠦᠩ ᠱᠤᠭᠤᠮ ( ᠪᠡᠭᠡᠵᠢᠩ -- ᠲᠦᠩᠯᠢᠶᠣᠤ ) ᠳ᠋ᠦᠩ ᠯᠠᠶ ᠬᠡᠰᠡᠭ ᠦᠨ ᠪᠦᠬᠦ ᠣᠷᠳᠣ ᠨᠢ 15.2 ᠺᠢᠯᠣᠮᠧᠲ᠋ᠷ ᠂ ᠨᠥᠭᠥᠭᠡ ᠨᠢ ᠵᠢᠢ ᠲᠦᠩ ᠱᠤᠭᠤᠮ( ᠵᠢᠨᠢᠩ -- ᠲᠦᠩᠯᠢᠶᠣᠤ )᠂ ᠺᠠᠶᠢᠯᠦ ᠬᠡᠰᠡᠭ ᠤᠨ ᠪᠦᠬᠦ ᠣᠷᠳᠣ ᠨᠢ 68.33 ᠺᠢᠯᠣᠮᠧᠲ᠋ᠷ ᠃

ᠪᠢᠴᠢᠭᠡᠰᠦ