ᠺᠠᠲ᠋ᠣᠯᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠠᠲ᠋ᠢᠺᠠᠨ ᠤ ᠰᠦᠮ᠎ᠡ

ᠺᠠᠲ᠋ᠣᠯᠢᠭ (ᠠᠩᠭᠯᠢ ᠪᠠᠷ Catholicism, ᠢᠲ᠋ᠠᠯᠢ ᠪᠡᠷ Cattolicità) ᠨᠢ ᠾᠷᠢᠰᠲ᠋ ᠢᠲᠡᠭᠡᠯᠡᠶᠢᠨ ᠤᠷᠤᠰᠬᠠᠯ ᠤᠳ ᠳᠣᠲᠣᠷ᠎ᠠ ᠠᠴᠠ ᠬᠠᠮᠤᠭ ᠤᠨ ᠬᠦᠴᠢᠲᠡᠢ ᠭᠤᠷᠪᠠᠨ ᠤᠷᠤᠰᠬᠠᠯ ᠤᠨ ᠨᠢᠭᠡ (ᠨᠥᠭᠥᠭᠡ ᠬᠣᠶᠠᠷ ᠨᠢ ᠫᠷᠣᠲ᠋ᠧᠰᠲ᠋ᠠᠨᠲᠣᠲᠣᠳᠣᠺᠰ ᠪᠣᠯᠤᠨ᠎ᠠ). ᠷᠤᠮᠠᠨᠢᠶ ᠠ ᠺᠠᠲ᠋ᠣᠯᠢᠭ ᠭᠡᠰᠡᠨ ᠲᠣᠳᠣᠳᠬᠠᠯ ᠲᠠᠢ ᠪᠠᠶᠢᠳᠠᠭ ᠪᠥᠭᠡᠳ ᠾᠷᠢᠰᠲ ᠲᠦ ᠢᠲᠡᠭᠡᠭᠴᠢᠳ ᠦᠨ 60 ᠬᠤᠪᠢ ᠪᠤᠶᠤ 2 ᠲᠡᠷᠪᠤᠮ ᠭᠠᠷᠤᠢ ᠢᠲᠡᠭᠡᠭᠴᠢ ᠲᠡᠢ᠃ ᠺᠠᠲ᠋ᠣᠯᠢᠭ ᠭᠡᠰᠡᠨ ᠦᠭᠡ ᠶᠢᠨ ᠤᠳᠬ᠎ᠠ ᠨᠢ "ᠳᠡᠯᠡᠬᠡᠢ ᠶᠢᠷᠲᠢᠨᠴᠦ" "ᠳᠠᠶᠠᠭᠠᠷ" ᠭᠡᠰᠡᠨ ᠤᠳᠬ᠎ᠠ ᠲᠠᠢ᠃ ᠺᠠᠲ᠋ᠣᠯᠢᠭ ᠤᠷᠤᠰᠬᠠᠯ ᠨᠢ ᠪᠤᠰᠤᠳ ᠾᠷᠢᠰᠲ᠋ ᠢᠲᠡᠭᠡᠯ ᠦᠨ ᠤᠷᠤᠰᠬᠠᠯ ᠠᠴᠠ ᠣᠨᠴᠠᠭᠠᠢ ᠨᠢᠭᠡ ᠲᠠᠯ᠎ᠠ ᠨᠢ ᠫᠠᠫ ᠢᠶᠠᠷ ᠤᠳᠤᠷᠢᠳᠤᠭᠤᠯᠳᠠᠭ ᠲᠤ ᠣᠷᠣᠰᠢᠨ᠎ᠠ᠃ ᠺᠠᠲ᠋ᠣᠯᠢᠭᠴᠤᠳ МЭ 756 ᠣᠨ ᠳᠤ ᠷᠤᠮᠠᠨᠢᠶ ᠠ ᠡᠵᠡᠨᠲᠦ ᠭᠦᠷᠦᠨ ᠦ ᠲᠥᠷᠥ ᠶᠢᠨ ᠵᠥᠪᠰᠢᠶᠡᠷᠡᠯ ᠢᠶᠡᠷ ᠸᠠᠲ᠋ᠢᠺᠠᠨ ᠭᠡᠰᠡᠨ ᠥᠪᠡᠷ ᠦᠨ ᠠᠯᠪᠠᠨ ᠶᠣᠰᠣᠨ ᠤ ᠤᠯᠤᠰ ᠲᠠᠢ ᠪᠣᠯᠤᠭᠰᠠᠨ᠃ ᠸᠠᠲ᠋ᠢᠺᠠᠨ ᠢ ᠫᠠᠫ ᠵᠠᠬᠢᠷᠤᠨ᠎ᠠ᠃ ᠫᠠᠫ ᠨᠢ ᠪᠤᠷᠬᠠᠨᠢ ᠭᠠᠵᠠᠷ ᠳᠡᠭᠡᠷᠡᠬᠢ ᠪᠡᠶᠡᠲᠦ ᠲᠥᠯᠥᠭᠡᠯᠡᠭᠴᠢ᠂ ᠪᠤᠷᠬᠠᠨ ᠲᠡᠭᠦᠪᠡᠷ ᠦᠭᠡ ᠬᠡᠯᠡᠳᠡᠭ ᠭᠡᠳᠡᠭ ᠭᠡᠰᠡᠨ ᠨᠢᠭᠤᠴᠠᠯᠢᠭ ᠤᠳᠬ᠎ᠠ ᠶᠢ ᠠᠭᠤᠯᠠᠳᠠᠭ ᠭᠡᠵᠦ ᠷᠤᠮᠠᠨᠢᠶ ᠠ ᠺᠠᠲ᠋ᠣᠯᠢᠭ ᠰᠦᠮ᠎ᠡ ᠲᠠᠶᠢᠯᠪᠤᠷᠢᠯᠠᠳᠠᠭ᠃ ᠺᠠᠲ᠋ᠣᠯᠢᠭᠴᠤᠳ ᠾᠷᠢᠰᠲ᠋ ᠢᠲᠡᠭᠡᠯ ᠦᠨ ᠭᠣᠣᠯ ᠲᠤᠯᠭᠠᠭᠤᠷᠢ ᠣᠨᠣᠯ ᠪᠣᠯᠤᠭᠰᠠᠨ ᠪᠤᠷᠬᠠᠨ ᠡᠴᠢᠭᠡ᠂ ᠬᠦᠦ ᠾᠷᠢᠰᠲ᠋, ᠠᠷᠢᠭᠤᠨ ᠰᠦᠨᠡᠰᠦ ᠭᠡᠰᠡᠨ ᠠᠷᠢᠭᠤᠨ ᠭᠤᠷᠪᠠᠯ ᠳᠤ ᠢᠲᠡᠭᠡᠳᠡᠭ᠃

ᠣᠨᠣᠯ ᠰᠤᠷᠭᠠᠯ ᠤᠨ ᠲᠤᠬᠠᠢ ᠳᠤ᠃ ᠺᠠᠲ᠋ᠣᠯᠢᠭ ᠴᠢᠭᠤᠯᠭᠠᠨ ᠤ ᠬᠤᠪᠢ ᠳᠤ ᠵᠥᠪᠲᠡᠭᠡᠯ ᠨᠢ ᠵᠥᠪᠬᠡᠨ ᠢᠲᠡᠭᠡᠯ ᠢᠶᠡᠷ ᠢᠷᠡᠳᠡᠭ ᠵᠦᠢᠯ ᠪᠢᠰᠢ ᠪᠣᠯᠵᠤ ᠲᠠᠭᠠᠷᠠᠨ᠎ᠠ᠃ ᠤᠴᠢᠷ ᠨᠢ ᠬᠦᠮᠦᠨ ᠦ ᠳᠣᠲᠣᠭᠠᠳᠤ ᠢᠲᠡᠭᠡᠯ ᠨᠢ ᠭᠠᠳᠠᠨᠠᠬᠢ ᠦᠢᠯᠡᠳᠦᠯ ᠢᠶᠡᠷ ᠢᠯᠡᠷᠬᠡᠶᠢᠯᠡᠭᠳᠡᠳᠡᠭ ᠭᠡᠵᠦ ᠲᠡᠳᠡ ᠦᠵᠡᠳᠡᠭ᠃ ᠮᠥᠨ ᠰᠠᠶᠢᠨ ᠦᠢᠯᠡᠰ ᠬᠢᠭᠰᠡᠨ ᠢᠶᠡᠷ ᠢᠶᠡᠨ ᠭᠡᠮ ᠢᠶᠡᠨ ᠨᠠᠮᠢᠨᠴᠢᠯᠠᠵᠤ ᠪᠤᠢ ᠬᠡᠷᠡᠭ ᠬᠡᠮᠡᠨ ᠴᠢᠬᠤᠯᠠᠴᠢᠯᠠᠳᠠᠭ ᠪᠠ ᠬᠦᠮᠦᠨ ᠢᠲᠡᠭᠡᠯ ᠢᠶᠡᠷ ᠪᠣᠯᠤᠨ ᠴᠢᠭᠤᠯᠭᠠᠨ ᠳᠤ ᠰᠣᠶᠣᠷᠬᠠᠭᠰᠠᠨ ᠪᠤᠷᠬᠠᠨ ᠤ ᠡᠷᠬᠡ ᠮᠡᠳᠡᠯ ᠳᠦ ᠵᠠᠬᠢᠷᠤᠭᠳᠠᠨ᠂ ᠪᠤᠶᠠᠨ ᠦᠢᠯᠡᠳᠦᠨ ᠶᠠᠪᠤᠭᠰᠠᠨ ᠢᠶᠠᠷ ᠠᠪᠤᠷᠠᠯ ᠢ ᠣᠯᠤᠨ᠎ᠠ ᠭᠡᠵᠦ ᠰᠤᠷᠭᠠᠳᠠᠭ᠃ ᠬᠠᠷᠢᠨ ᠫᠷᠣᠲ᠋ᠧᠰᠲ᠋ᠠᠨᠲ ᠾᠷᠢᠰᠲ᠋ᠢᠳᠬᠦᠯᠲᠡᠨ ᠨᠦᠭᠦᠳ ᠦᠨ ᠬᠤᠪᠢ ᠳᠤ ᠵᠥᠪᠲᠡᠭᠡᠯ ᠨᠢ 100% ᠢᠲᠡᠭᠡᠯ ᠢᠶᠡᠷ ᠢᠷᠡᠳᠡᠭ ᠭᠡᠳᠡᠭ᠃ ᠬᠡᠳᠦᠢ ᠫᠣᠷᠲ᠋ᠧᠰᠲ᠋ᠠᠨᠲ ᠴᠢᠭᠤᠯᠭᠠᠨ ᠳᠤ ᠬᠠᠷᠢᠶ᠎ᠠ ᠲᠠᠢ ᠢᠲᠡᠭᠡᠭᠴᠢᠳ ᠵᠥᠪᠲᠡᠭᠡᠯ ᠨᠢ ᠵᠥᠪᠬᠡᠨ ᠾᠷᠢᠰᠲ ᠲᠦ ᠢᠲᠡᠭᠡᠬᠦ ᠢᠲᠡᠭᠡᠯ ᠢᠶᠡᠷ ᠪᠤᠷᠬᠠᠨ ᠠᠴᠠ ᠲᠡᠳᠡᠨ ᠳᠦ ᠥᠭᠭᠦᠭᠳᠡᠭᠰᠡᠨ ᠭᠡᠳᠡᠭ ᠪᠣᠯᠪᠠᠴᠤ ᠦᠢᠯᠡᠰ ᠢ ᠣᠷᠬᠢᠭᠳᠠᠭᠤᠯᠳᠠᠭ ᠦᠭᠡᠢ᠃ ᠵᠢᠩᠬᠢᠨᠢ ᠢᠲᠡᠭᠡᠯ ᠨᠢ ᠦᠢᠯᠡᠰ ᠲᠡᠢ ᠪᠠᠶᠢᠳᠠᠭ ᠭᠡᠳᠡᠭ ᠲᠦ ᠪᠠᠲᠤ ᠲᠠᠢ ᠢᠲᠡᠭᠡᠳᠡᠭ ᠢᠶᠠᠺ 2:17 ᠢ᠃ ᠲᠩᠷᠢᠯᠢᠭ ᠨᠢᠭᠦᠯᠡᠰᠦᠯ ᠦᠨ ᠲᠤᠬᠠᠢ ᠳᠤ ᠨᠢᠭᠦᠯᠡᠰᠦᠯ ᠨᠢ ᠲᠤᠬᠠᠢ ᠶᠢᠨ ᠬᠦᠨᠡᠢ ᠶᠢ ᠢᠲᠡᠭᠡᠬᠦ ᠳᠦ ᠤᠷᠢᠳᠴᠢᠯᠠᠨ ᠲᠤᠰᠠᠯᠠᠳᠠᠭ ᠪᠠ ᠰᠠᠶᠢᠨ ᠦᠢᠯᠡ ᠦᠢᠯᠡᠳᠬᠦ ᠳᠦ ᠬᠥᠬᠢᠭᠦᠯᠦᠨ ᠳᠡᠮᠵᠢᠬᠦ ᠦᠷ᠎ᠡ ᠠᠰᠢᠭ ᠲᠠᠢ ᠭᠡᠵᠦ ᠺᠠᠲ᠋ᠣᠯᠢᠭᠴᠤᠳ ᠦᠵᠡᠳᠡᠭ ᠪᠣᠯ ᠰᠢᠨᠡᠴᠢᠯᠡᠭᠳᠡᠭᠰᠡᠨ ᠴᠢᠭᠤᠯᠭᠠᠨ ᠨᠤᠭᠤᠳ ᠨᠢ ᠶᠡᠷᠦᠳᠡ ᠶᠢᠨ ᠨᠢᠭᠦᠯᠡᠰᠦᠯ ᠨᠢ ᠪᠦᠭᠦᠳᠡ ᠳᠦ ᠰᠠᠶᠢᠨ ᠵᠦᠢᠯ ᠢ ᠪᠣᠯᠤᠮᠵᠢ ᠲᠠᠢ ᠪᠣᠯᠭᠠᠳᠠᠭ ᠪᠠ ᠨᠢᠭᠦᠯᠡᠰᠦᠯ ᠨᠢ ᠠᠪᠤᠷᠠᠯᠳᠤ ᠬᠦᠷᠭᠡᠬᠦ ᠬᠠᠩᠭᠠᠯᠲᠠᠲᠠᠢ ᠭᠡᠵᠦ ᠢᠲᠡᠭᠡᠳᠡᠭ᠃ ᠠᠪᠤᠷᠠᠯ ᠢᠲᠡᠭᠡᠵᠦ ᠪᠠᠫᠲ᠋ᠢᠰᠦᠮ ᠢ ᠬᠦᠯᠢᠶᠡᠨ ᠠᠪᠤᠭᠰᠠᠨ ᠪᠠᠶᠢᠯ᠎ᠠ ᠴᠤ ᠣᠨᠴᠠᠭᠠᠢ ᠲᠥᠷᠥᠯ ᠦᠨ ᠭᠡᠮ ᠨᠢᠭᠦᠯ ᠡᠴᠡ ᠪᠣᠯᠤᠭᠠᠳ ᠠᠪᠤᠷᠠᠯ ᠨᠢ ᠠᠯᠳᠠᠭᠳᠠᠬᠤ ᠪᠣᠯᠤᠮᠵᠢ ᠲᠠᠢ᠃ ᠾᠷᠢᠰᠲ ᠤᠨ ᠲᠠᠯ᠎ᠠ ᠪᠠᠷ ᠬᠡᠵᠢᠶ᠎ᠡ ᠴᠤ ᠰᠣᠨᠣᠰᠴᠤ ᠪᠠᠶᠢᠭ᠎ᠠ ᠦᠭᠡᠢ ᠨᠢᠭᠡᠨ ᠳᠦ ᠠᠪᠤᠷᠠᠭᠳᠠᠬᠤ ᠪᠣᠯᠤᠮᠵᠢ ᠪᠤᠢ ᠭᠡᠵᠦ ᠺᠠᠲ᠋ᠣᠯᠢᠭᠴᠤᠳ ᠢᠲᠡᠭᠡᠵᠦ ᠪᠠᠶᠢᠬᠤ ᠳᠤ ᠲᠩᠷᠢᠯᠢᠭ ᠨᠢᠭᠦᠯᠡᠰᠦᠯ ᠦᠨ ᠦᠷ᠎ᠡ ᠳ᠋ᠦᠩ ᠨᠢ ᠪᠣᠯᠵᠣᠯ ᠦᠭᠡᠢ᠂ ᠢᠲᠡᠭᠡᠯ ᠢᠶᠡᠷ ᠢᠷᠡᠳᠡᠭ ᠭᠡᠵᠦ ᠰᠢᠨᠡᠴᠢᠯᠡᠭᠳᠡᠭᠰᠡᠨ ᠴᠢᠭᠤᠯᠭᠠᠨ ᠤ ᠬᠢᠨ ᠢᠲᠡᠭᠡᠵᠦ ᠪᠠᠶᠢᠬᠤ ᠶᠤᠮ᠃

ᠪᠢᠴᠢᠭᠡᠰᠦ