ᠺᠠᠲ᠋ᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠲ᠋ᠠᠷ ᠤᠯᠤᠰ
ᠠᠷᠠᠪ ᠢᠶᠠᠷ دولة قطر →
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠠᠷᠠᠪ ᠢᠶᠠᠷ السلام الأميري → ᠠᠰ ᠰᠠᠯᠠᠮ ᠠᠯᠠ ᠠᠮᠢᠢᠷᠢ
«ᠡᠮᠢᠷ ᠤᠨ ᠠᠮᠤᠷ ᠢ ᠡᠷᠢᠶ᠎ᠡ!»

ᠨᠡᠶᠢᠰᠯᠡᠯ 
(ᠶᠡᠬᠡ ᠬᠣᠲᠠ)
ᠳᠣᠬᠣ
ᠠᠯᠪᠠᠨ ᠬᠡᠯᠡ ᠠᠷᠠᠪ ᠬᠡᠯᠡ
ᠣᠯᠠᠨ ᠲᠦᠮᠡᠨ ᠺᠠᠲ᠋ᠠᠷ ᠤᠨ ᠬᠢᠨ
ᠲᠥᠷᠥ ᠵᠠᠰᠠᠭ ᠬᠡᠮᠵᠢᠶ᠎ᠡ ᠦᠭᠡᠢ ᠡᠷᠬᠡᠲᠦ
ᠬᠠᠭᠠᠨᠲᠤ ᠵᠠᠰᠠᠭᠲᠠᠢ
 -  ᠡᠮᠢᠷ ᠬᠠᠮ ᠳᠤ ᠪᠢᠩ ᠬᠠᠯᠢᠹᠠ ᠠᠯᠢ ᠲᠠᠨᠢ
 -  ᠶᠡᠷᠦᠩᠬᠡᠢ ᠰᠠᠶᠢᠳ ᠬᠠᠮ ᠳᠤ ᠪᠢᠩ ᠵᠠᠪᠧᠷ ᠠᠯᠢ ᠲᠠᠨᠢ
ᠲᠡᠦᠬᠡ
 -  1913 ᠤᠨ ᠣᠰᠮᠠᠨ ᠠᠴᠠ ᠲᠤᠰᠠᠭᠠᠷᠯᠠᠭᠰᠠᠨ 
 -  1971-09-03 ᠶᠡᠬᠡ ᠪᠷᠢᠲ᠋ᠠᠨ(ᠠᠩᠭᠯᠢ)ᠠᠰ ᠲᠤᠰᠠᠭᠠᠷᠯᠠᠭᠰᠠᠨ 
ᠨᠤᠲᠤᠭ ᠳᠡᠪᠢᠰᠬᠡᠷ
 -  ᠪᠦᠬᠦ ᠲᠠᠯᠠᠪᠠᠢ 11,437 km2 (164)
 -  ᠭᠠᠳᠠᠷᠭᠤ ᠶᠢᠨ ᠤᠰᠤ (%) ᠶᠠᠯᠢᠬᠤ ᠦᠭᠡᠢ
ᠬᠦᠮᠦᠨ ᠠᠮᠠ
 -  ᠲᠣᠭᠠᠯᠠᠯᠭ᠎ᠠ (2010) 1,853,563[1] (148)
 -  ᠨᠢᠭᠲᠠᠴᠠ ᠰᠡᠶᠢᠷᠡᠭ 123.2 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $182.591 ᠲᠡᠷᠪᠤᠮ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 57  ᠳᠦ
 -  ᠨᠢᠭᠡ ᠬᠦᠨᠳᠦ $103,275[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ1 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $194.270 ᠲᠡᠷᠪᠤᠮ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ49 ᠳᠦ
 -  ᠨᠢᠭᠡ ᠬᠦᠨᠳᠦ $109,881[2] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ2]])
ᠬᠡᠦᠬᠡᠳ ᠦᠨ ᠬᠥᠭᠵᠢᠯ ᠦᠨ ᠢᠨᠳᠧᠺᠰ (2011) 0.831[3] (ᠳᠡᠭᠡᠳᠦ) (37)
ᠮᠥᠩᠭᠥᠨ ᠦ ᠨᠢᠭᠡᠴᠡ ᠺᠠᠲ᠋ᠠᠷ ᠤᠨ ᠷᠢᠠᠯ (QAR)
ᠴᠠᠭ ᠤᠨ ᠪᠥᠰᠡ ᠠᠷᠠᠪ ᠤᠨ ᠴᠠᠭ (GMT+3)
ᠳ᠋ᠦᠮᠠᠢᠨ ᠤ ᠨᠡᠷ᠎ᠡ ᠯᠠᠲ᠋ᠢᠨ .qa, ᠠᠷᠠᠪ قطر᠃
ᠤᠲᠠᠰᠤᠨ ᠤ ᠲᠣᠮᠢᠶ᠎ᠠ +974

ᠺᠠᠲ᠋ᠠᠷ ᠤᠯᠤᠰ (ᠠᠷᠠᠪ ᠶᠢᠡᠷ دولة قطر‎‎) — ᠪᠠᠷᠠᠭᠤᠨ ᠡᠮᠦᠨᠡᠲᠦ ᠠᠽᠢᠶ᠎ᠠᠠᠷᠠᠪ ᠤᠨ ᠬᠣᠶᠢᠭ ᠤᠨ ᠵᠡᠭᠦᠨ ᠳᠡᠭᠡᠳᠦ ᠡᠷᠭᠢ ᠶᠢᠨ ᠺᠠᠲ᠋ᠠᠷ ᠬᠣᠶᠢᠭ ᠲᠤ ᠪᠠᠶᠢᠷᠢᠯᠠᠬᠤ ᠤᠯᠤᠰ᠃ ᠤᠷᠢᠳᠤ ᠲᠠᠯ᠎ᠠ ᠪᠠᠷ ᠢᠶᠠᠨ ᠰᠤᠤᠳᠢ ᠠᠷᠠᠪ ᠤᠯᠤᠰ ᠲᠠᠢ ᠬᠢᠯᠢ ᠵᠠᠯᠭᠠᠳᠠᠭ ᠪᠣᠯ ᠪᠤᠰᠤᠳ ᠲᠠᠯ᠎ᠠ ᠪᠠᠷ ᠢᠶᠠᠨ ᠫᠧᠷᠰ ᠦᠨ ᠪᠤᠯᠤᠩ ᠪᠠᠷ ᠬᠦᠷᠢᠶᠡᠯᠡᠭᠳᠡᠨ᠎ᠡ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠲ᠋ᠠᠷ ᠨᠢ ᠠᠽᠢᠶ᠎ᠠ ᠲᠢᠪ ᠦᠨ ᠪᠠᠷᠠᠭᠤᠨ ᠡᠮᠦᠨᠡᠲᠦ ᠬᠡᠰᠡᠭ ᠲᠦ ᠤᠷᠳᠤ ᠬᠡᠰᠡᠭ ᠢᠶᠡᠷ ᠢᠶᠡᠨ ᠰᠤᠤᠳᠢ ᠠᠷᠠᠪ ᠤᠯᠤᠰ ᠲᠠᠢ᠂ ᠪᠤᠰᠤᠳ ᠲᠠᠯ᠎ᠠ ᠪᠠᠷ ᠢᠶᠠᠨ ᠫᠧᠷᠰ ᠦᠨ ᠪᠤᠯᠤᠩ ᠢᠶᠠᠷ ᠬᠦᠷᠢᠶᠡᠯᠡᠭᠳᠡᠭᠰᠡᠨ ᠬᠣᠶᠢᠭ ᠤᠨ ᠤᠯᠤᠰ ᠶᠤᠮ᠃ ᠡᠨᠡᠳᠬᠡᠭ ᠦᠨ ᠳᠠᠯᠠᠢ ᠳᠤ ᠭᠠᠷᠴᠠ ᠲᠠᠢ ᠲᠤᠰ ᠤᠯᠤᠰ ᠤᠨ ᠲᠡᠦᠬᠡ ᠣᠳᠣ ᠠᠴᠠ ᠳᠥᠷᠪᠡ ᠡᠴᠡ ᠲᠠᠪᠤᠨ ᠮᠢᠩᠭᠠᠨ ᠵᠢᠯ ᠦᠨ ᠲᠡᠷᠲᠡᠭᠡ ᠡᠴᠡ ᠡᠬᠢᠯᠡᠬᠦ ᠪᠥᠭᠡᠳ ᠠᠷᠬᠧᠣᠯᠣᠭᠢ ᠶᠢᠨ ᠮᠠᠯᠲᠠᠯᠲᠠ ᠪᠠᠷ ᠡᠷᠲᠡᠨ ᠦ ᠰᠤᠶᠤᠯ ᠢᠷᠭᠡᠨᠰᠢᠯ ᠦᠨ ᠡᠳ᠋ ᠵᠦᠢᠯᠡᠰ ᠶᠡᠬᠡ ᠪᠡᠷ ᠣᠯᠳᠠᠳᠠᠭ ᠪᠠᠶᠢᠨ᠎ᠠ᠃ ᠲᠤᠰ ᠣᠷᠣᠨ ᠴᠢᠯᠠᠭᠣᠨ ᠲᠣᠰᠣ ᠪᠣᠯᠤᠨ ᠰᠢᠲᠠᠬᠤᠨ ᠢᠶᠠᠷ ᠪᠠᠶᠠᠨ ᠦᠨᠳᠦᠰᠦᠲᠡᠨ ᠪᠥᠭᠡᠳ ᠡᠳ᠋ ᠍ ᠦᠨ ᠵᠠᠰᠠᠭ ᠤᠨ ᠭᠣᠣᠯ ᠬᠥᠰᠢᠭᠦᠷᠭᠡ ᠨᠢ ᠶᠠᠭᠤᠮ᠎ᠠ᠃ ᠡᠺᠰᠫᠣᠷᠲ ᠤᠨ 85 ᠬᠤᠪᠢ ᠶᠢ ᠡᠵᠡᠯᠡᠬᠦ ᠭᠠᠵᠠᠷ ᠤᠨ ᠲᠣᠰᠤᠨ ᠤ ᠣᠷᠣᠯᠭ᠎ᠠ ᠪᠠᠷ ᠢᠶᠠᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ 50 ᠭᠠᠷᠤᠢ ᠬᠤᠪᠢ ᠪᠣᠯᠤᠨ ᠵᠠᠰᠠᠭ ᠤᠨ ᠭᠠᠵᠠᠷ ᠤᠨ ᠣᠷᠣᠯᠭ᠎ᠠ ᠶᠢᠨ 70 ᠬᠤᠪᠢ ᠶᠢ ᠳᠠᠩ ᠢᠶᠠᠷ ᠢᠶᠠᠨ ᠣᠯᠳᠠᠭ ᠪᠠᠶᠢᠨ᠎ᠠ᠃ ᠺᠠᠲ᠋ᠠᠷ ᠴᠢᠯᠠᠭᠣᠨ ᠲᠣᠰᠣ ᠣᠯᠪᠤᠷᠢᠯᠠᠬᠤ ᠠᠴᠠ ᠡᠮᠦᠨ᠎ᠡ ᠰᠤᠪᠤᠳ ᠢ ᠶᠡᠬᠡ ᠬᠡᠮᠵᠢᠶ᠎ᠡ ᠪᠡᠷ ᠣᠯᠪᠤᠷᠢᠯᠠᠳᠠᠭ ᠪᠥᠰᠡ ᠨᠤᠲᠤᠭ᠂ ᠪᠣᠭᠣᠮᠲᠠ ᠪᠠᠶᠢᠭᠰᠠᠨ ᠪᠥᠭᠡᠳ ᠣᠳᠣ ᠴᠤ ᠭᠡᠰᠡᠨ ᠰᠤᠪᠤᠳ ᠢ ᠲᠡᠭᠦᠵᠦ ᠣᠯᠪᠤᠷᠢᠯᠠᠵᠤ ᠠᠷᠠᠯᠵᠢᠳᠠᠭ᠃

ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠲᠥᠷᠥ ᠶᠢᠨ ᠲᠣᠭᠲᠠᠯᠴᠠᠭᠠᠨ ᠤ ᠬᠤᠪᠢ ᠳᠤ 19 ᠳᠦᠭᠡᠷ ᠵᠠᠭᠤᠨ ᠠᠴᠠ ᠬᠣᠶᠢᠰᠢ ᠠᠯᠢ ᠲᠠᠨ᠎ᠠ ᠶᠢᠨ ᠦᠶ᠎ᠡ ᠵᠠᠯᠭᠠᠮᠵᠢᠯᠠᠭᠰᠠᠨ ᠬᠡᠮᠵᠢᠶᠡᠯᠡᠰᠢ ᠦᠭᠡᠢ ᠵᠠᠰᠠᠭᠯᠠᠯ ᠲᠠᠢ ᠡᠮᠢᠷᠲ ᠤᠯᠤᠰ ᠪᠣᠯᠤᠭᠰᠠᠨ ᠶᠤᠮ᠃ ᠺᠠᠲ᠋ᠠᠷ ᠨᠢ 16 ᠵᠠᠭᠤᠨ ᠤ ᠦᠶᠡᠰ ᠡᠬᠢᠯᠡᠨ ᠫᠣᠷᠲᠤᠭᠤᠯ᠂ ᠣᠰᠠᠮᠠᠨ ᠤ ᠵᠡᠨ ᠳᠦ ᠤᠯᠤᠰ᠂ ᠫᠧᠷᠰ ᠪᠤᠶᠤ ᠢᠷᠠᠨ ᠤ ᠨᠣᠶᠠᠷᠬᠠᠯ ᠳᠤ᠂ 1882 ᠤᠨ ᠠᠴᠠ ᠠᠩᠭᠯᠢ ᠶᠢᠨ ᠬᠠᠷᠢᠶ᠎ᠠ ᠪᠠᠶᠢᠭᠰᠠᠨ ᠪᠠ 1971 ᠤᠨ ᠤ ᠶᠣᠰᠣ ᠳᠦᠭᠡᠷ ᠰᠠᠷ᠎ᠠ ᠶᠢᠨ ᠨᠢᠭᠡᠨ ᠳᠦ ᠲᠤᠰᠠᠭᠠᠷ ᠲᠣᠭᠲᠠᠨᠢᠭᠰᠠᠨ ᠪᠦᠷᠢᠨ ᠡᠷᠬᠡᠲᠦ ᠤᠯᠤᠰ ᠪᠣᠯᠤᠭᠰᠠᠨ ᠢᠶᠠᠨ ᠳᠡᠯᠡᠬᠡᠢ ᠳᠠᠬᠢᠨ ᠢᠶᠠᠨ ᠵᠠᠷᠯᠠᠭᠰᠠᠨ ᠪᠠᠶᠢᠨ᠎ᠠ᠃ • 《ᠺᠠᠲ᠋ᠠᠷ》 ᠭᠡᠰᠡᠨ ᠨᠡᠷ᠎ᠡ ᠨᠢ ᠡᠷᠲᠡᠨ ᠦ ᠬᠤᠳᠠᠯᠳᠤᠭᠠᠨ ᠤ ᠴᠢᠬᠤᠯᠠ ᠪᠣᠭᠣᠮᠲᠠ 《ᠵᠤᠪᠠᠷᠠ》 ᠬᠣᠲᠠ ᠠᠴᠠ ᠭᠠᠷᠤᠯᠲᠠᠢ᠃ • ᠨᠡᠶᠢᠰᠯᠡᠯ ᠬᠣᠲᠠ ᠳᠣᠬᠣ᠃ • ᠦᠨᠳᠦᠰᠦᠨ ᠭᠣᠣᠯ ᠬᠠᠤᠯᠢ ᠨᠢ ᠱᠠᠷᠢ ᠬᠠᠤᠯᠢ • ᠨᠢᠭᠡ ᠬᠦᠨᠳᠦ ᠨᠣᠣᠭ ᠲᠤ ᠬᠢ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ 2009 ᠤᠨ ᠤ ᠪᠠᠶᠢᠳᠠᠯ ᠢᠶᠠᠷ 68,871 ᠠᠮᠠ ᠳ᠋ᠣᠯᠯᠠᠷ᠃ • ᠲᠤᠰ ᠤᠯᠤᠰ ᠲᠤ ᠶᠠᠮᠠᠷ ᠨᠢᠭᠡᠨ ᠨᠠᠮ ᠦᠢᠯᠡ ᠠᠵᠢᠯᠯᠠᠭ᠎ᠠ ᠶᠠᠪᠤᠭᠤᠯᠳᠠᠭ ᠦᠭᠡᠢ᠃ • ᠱᠠᠰᠢᠨ ᠰᠢᠲᠦᠯᠭᠡ ᠶᠢᠨ ᠬᠤᠪᠢ ᠳᠤ ᠨᠡᠶᠢᠲᠡ ᠬᠦᠮᠦᠨ ᠠᠮᠠ ᠶᠢᠨ 77,5% ᠯᠠᠯᠤ᠂ 8,5% ᠾᠷᠢᠰᠲ᠋, 14% ᠨᠢ ᠪᠤᠰᠤᠳ ᠱᠠᠰᠢᠨ ᠰᠢᠲᠦᠳᠡᠭ᠃ • 2010 ᠤᠨ ᠤ ᠲᠣᠭᠠᠯᠠᠯᠭ᠎ᠠ ᠪᠠᠷ 1,696,563 ᠮᠢᠩᠭᠠᠨ ᠬᠦᠮᠦᠨ ᠠᠮᠠ ᠲᠠᠢ ᠪᠥᠭᠡᠳ ᠡᠭᠦᠨ ᠡᠴᠡ ᠠᠷᠠᠪ 40%, ᠫᠠᠺᠢᠰᠲᠠᠨ 18 %, ᠡᠨᠡᠳᠬᠡᠭ 18 %, ᠢᠷᠡᠨ ᠦᠨᠳᠦᠰᠦᠲᠡᠨ 10 ᠬᠤᠪᠢ ᠶᠢ ᠡᠵᠡᠯᠡᠳᠡᠭ ᠪᠠᠶᠢᠨ᠎ᠠ᠃ ᠪᠤᠰᠤᠳ ᠨᠢ ᠴᠠᠭᠠᠴᠢᠳ᠃ • ᠠᠯᠪᠠᠨ ᠶᠣᠰᠣᠨ ᠤ ᠬᠡᠯᠡ ᠠᠷᠠᠪ ᠬᠡᠯᠡ᠃ ᠪᠤᠰᠤᠳ ᠵᠢᠵᠢᠭ ᠬᠡᠯᠡ ᠨᠦᠭᠦᠳ ᠢᠶᠡᠷ ᠶᠠᠷᠢᠳᠠᠭ ᠴᠤ ᠠᠷᠠᠢ ᠢᠯᠡᠭᠦᠦ ᠠᠩᠭᠯᠢ ᠬᠡᠯᠡ ᠪᠡᠷ ᠶᠠᠷᠢᠳᠠᠭ᠃ • ᠵᠢᠯ ᠦᠨ ᠳᠤᠮᠳᠠᠴᠢ ᠬᠡᠮ ᠨᠢ 24 ᠭᠷᠠᠳᠦᠶᠢᠰ᠃ • ᠳᠤᠮᠳᠠᠴᠢ ᠨᠠᠰᠤᠯᠠᠯᠲᠠ ᠡᠮᠡᠭᠲᠡᠢ 76, ᠡᠷᠡᠭᠲᠡᠢ 71 ᠪᠠᠶᠢᠳᠠᠭ᠃ • 2007 ᠤᠨ ᠠᠴᠠ ᠡᠬᠢᠯᠡᠨ 12 ᠳ᠋ᠤᠭᠠᠷ ᠰᠠᠷ᠎ᠠ ᠶᠢᠨ 18 ᠍ ᠨ ᠢ ᠺᠠᠲ᠋ᠠᠷᠴᠤᠳ ᠦᠨᠳᠦᠰᠦᠨ ᠦ ᠡᠳᠦᠷ ᠪᠣᠯᠭᠠᠨ ᠲᠡᠮᠳᠡᠭᠯᠡᠭᠰᠡᠭᠡᠷ ᠢᠷᠡᠵᠡᠢ᠃ ᠡᠨᠡ ᠨᠢ ᠲᠥᠷᠥ ᠶᠢᠨ ᠡᠷᠬᠡ ᠶᠢ ᠠᠯᠢ ᠲᠠᠨᠢ ᠠᠪᠴᠤ᠂ ᠺᠠᠲ᠋ᠠᠷ ᠤᠯᠤᠰ ᠪᠠᠶᠢᠭᠤᠯᠤᠭᠳᠠᠭᠰᠠᠨ ᠡᠳᠦᠷ ᠶᠤᠮ᠃ • ᠮᠥᠨ ᠠᠷᠠᠪ ᠤᠨ ᠣᠷᠣᠨ ᠨᠤᠭᠤᠳ ᠤᠨ ᠲᠣᠮᠣ ᠲᠧᠯᠧᠸᠢᠽ ᠪᠣᠯᠬᠤ ᠠᠯᠠ ᠵᠠᠽᠧᠷᠠ ᠲᠧᠯᠧᠸᠢᠰ ᠦᠨ ᠲᠥᠪ ᠪᠠᠶᠢᠷᠢ ᠨᠢ ᠳᠣᠬᠣ ᠳᠦ ᠪᠠᠶᠢᠳᠠᠭ᠃ • ᠺᠠᠲ᠋ᠠᠷᠲ ᠣᠶᠢᠷᠠᠯᠴᠠᠭ᠎ᠠ ᠪᠠᠷ 26 ᠲᠷᠢᠯᠯᠢᠣᠨ ᠺᠦᠪ ᠮᠧᠲ᠋ᠷ ᠭᠠᠵᠠᠷ ᠤᠨ ᠲᠣᠰᠤᠨ ᠤ ᠨᠥᠭᠡᠴᠡ ᠪᠥᠭᠡᠳ ᠡᠨᠡ ᠨᠢ ᠳᠡᠯᠡᠬᠡᠢ ᠳᠦ ᠭᠤᠷᠪᠠᠳᠤᠭᠠᠷ ᠲᠤ ᠤᠷᠤᠬᠤ ᠦᠵᠡᠭᠦᠯᠦᠯᠲᠡ ᠶᠤᠮ᠃ • ᠮᠥᠩᠭᠥᠨ ᠦ ᠨᠢᠭᠡᠴᠡ ᠨᠢ ᠷᠢᠠᠯ ᠪᠠ 3,63 ᠠᠮᠠ ᠳ᠋ᠣᠯᠯᠠᠷ ᠲᠠᠢ ᠲᠡᠩᠴᠡᠨ᠎ᠡ᠃ • ᠬᠦᠢᠰ ᠦᠨ ᠬᠠᠷᠢᠴᠠᠭ᠎ᠠ ᠨᠢ ᠨᠢᠭᠡ ᠡᠮᠡᠭᠲᠡᠢ ᠳᠦ 3.46 ᠡᠷᠡᠭᠲᠡᠢ ᠨᠣᠭᠳᠠᠳᠠᠭ ᠪᠠᠶᠢᠨ᠎ᠠ᠃

==ᠭᠠᠳᠠᠭᠠᠳᠤ ᠬᠠᠷᠢᠯᠴᠠᠭ᠎ᠠ== ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ ᠠᠷᠠᠪ ᠤᠨ ᠤᠯᠤᠰ ᠤᠳ ᠤᠨ ᠬᠣᠯᠪᠣᠭ᠎ᠠ᠂ ᠣᠯᠠᠨ ᠤᠯᠤᠰ ᠤᠨ ᠬᠤᠳᠠᠯᠳᠤᠭᠠᠨ ᠤ ᠪᠠᠶᠢᠭᠤᠯᠤᠯᠭ᠎ᠠ ᠵᠡᠷᠭᠡ ᠪᠠᠶᠢᠭᠤᠯᠤᠯᠭ᠎ᠠ ᠨᠤᠭᠤᠳ ᠤᠨ ᠭᠡᠰᠢᠭᠦᠨ ᠣᠷᠣᠨ᠃ ᠫᠠᠷᠠᠯᠮᠧᠨᠲ ᠢ ᠨᠢ ᠮᠠᠵᠢᠯᠢᠰ ᠠᠯᠢ ᠱᠤᠸᠠᠷᠠ ᠭᠡᠬᠦ ᠪᠠ 2005 ᠤᠨ ᠳᠤ ᠪᠠᠲᠤᠯᠠᠭᠰᠠᠨ ᠰᠢᠨ᠎ᠡ ᠦᠨᠳᠦᠰᠦᠨ ᠬᠠᠤᠯᠢ ᠪᠠᠷ ᠫᠠᠷᠯᠠᠮᠧᠨᠲ ᠨᠢ 45 ᠭᠡᠰᠢᠭᠦᠨ ᠲᠡᠢ ᠪᠠᠶᠢᠬᠤ ᠪᠠᠷ ᠪᠣᠯᠤᠭᠰᠠᠨ ᠪᠠᠶᠢᠨ᠎ᠠ᠃ ᠲᠤᠰ 45 ᠭᠡᠰᠢᠭᠦᠨ ᠦ 30 ᠍ ᠢ ᠨᠢ ᠠᠷᠤ ᠳᠤ ᠲᠦᠮᠡᠨ ᠰᠣᠩᠭᠣᠵᠤ᠂ 15 ᠍ ᠶᠢ ᠨᠢ ᠡᠮᠢᠷ ᠰᠣᠩᠭᠣᠳᠠᠭ᠃ 1980 ᠤᠨ ᠤ ᠰᠡᠭᠦᠯ 1990 ᠤᠨ ᠤ ᠡᠬᠢ ᠪᠡᠷ ᠺᠠᠲ᠋ᠠᠷᠲ ᠡᠳ᠋ ᠍ ᠦᠨ ᠵᠠᠰᠠᠭ ᠤᠨ ᠬᠢᠮᠤᠷᠠᠯ ᠪᠣᠯᠵᠤ ᠤᠯᠠᠮ ᠢᠶᠠᠷ 1995 ᠤᠨ ᠳᠤ ᠡᠮᠢᠷ ᠬᠠᠮ ᠳᠤ ᠪᠢᠩ ᠬᠠᠯᠢᠹᠠ ᠠᠯᠢ ᠲᠠᠨᠢ ᠲᠥᠷᠥ ᠶᠢᠨ ᠡᠷᠬᠡᠨ ᠳᠦ ᠭᠠᠷᠴᠤ ᠤᠯᠤᠰ ᠣᠷᠣᠨ ᠢᠶᠠᠨ ᠵᠥᠪ ᠪᠣᠳᠣᠯᠭ᠎ᠠ ᠪᠠᠷ ᠤᠳᠤᠷᠢᠳᠤᠨ ᠴᠢᠭᠯᠡᠭᠦᠯᠵᠦ ᠥᠨᠥ ᠶᠢᠨ ᠲᠥᠪᠰᠢᠨ ᠳᠦ ᠬᠦᠷᠭᠡᠵᠡᠢ᠃ ᠺᠠᠲ᠋ᠠᠷᠲ ᠡᠪᠦᠯ ᠳᠤᠯᠠᠭᠠᠨ᠂ ᠵᠤᠨ ᠨᠢ ᠮᠠᠰᠢ ᠬᠠᠯᠠᠭᠤᠨ᠂ ᠴᠢᠭᠢᠭᠯᠢᠭ ᠪᠠᠶᠢᠳᠠᠭ ᠪᠠᠶᠢᠨ᠎ᠠ᠃ ᠭᠣᠣᠯ ᠮᠥᠷᠡᠨ ᠭᠡᠳ ᠪᠠᠶᠢᠬᠤ ᠵᠦᠢᠯ ᠬᠣᠪᠣᠷ᠃ 2001 ᠤᠨ ᠳᠤ ᠪᠠᠾᠷᠧᠶᠢᠨ ᠪᠣᠯᠤᠨ ᠰᠤᠤᠳᠢ ᠠᠷᠠᠪ ᠤᠨ ᠣᠷᠣᠨ ᠨᠤᠭᠤᠳ ᠲᠠᠢ ᠬᠣᠯᠪᠣᠭ᠎ᠠ ᠲᠠᠢ ᠬᠢᠯᠢ ᠬᠢᠵᠠᠭᠠᠷ ᠤᠨ ᠮᠠᠷᠭᠤᠭᠠᠨ ᠢ ᠡᠴᠦᠰᠯᠡᠨ ᠰᠢᠢᠳᠪᠦᠷᠢᠯᠡᠭᠰᠡᠨ᠃ 2010 ᠤᠨ ᠤ ᠪᠠᠶᠢᠳᠠᠯ ᠢᠶᠠᠷ ᠲᠤᠰ ᠣᠷᠣᠨ ᠳᠡᠯᠡᠬᠡᠢ ᠶᠢᠨ ᠰᠠᠶᠢᠨ ᠵᠠᠮ ᠤᠨ ᠨᠥᠬᠥᠴᠡᠯ ᠪᠠᠶᠢᠳᠠᠯ ᠲᠠᠢ ᠣᠷᠣᠨ ᠨᠤᠭᠤᠳ ᠤᠨ ᠨᠢᠭᠡ ᠪᠡᠷ ᠰᠢᠯᠭᠠᠷᠠᠭᠰᠠᠨ ᠪᠠᠶᠢᠨ᠎ᠠ᠃ ᠤᠴᠢᠷ ᠨᠢ ᠰᠢᠲᠠᠬᠤᠨ ᠤ ᠦᠨ᠎ᠡ ᠬᠢᠮᠳᠠ ᠤᠴᠢᠷ ᠲᠡᠭᠡᠭᠡᠪᠦᠷᠢᠯᠡᠯᠲᠡ ᠶᠡᠬᠡᠪᠴᠢᠯᠡᠨ ᠵᠠᠮ ᠲᠡᠭᠡᠭᠡᠪᠦᠷᠢ ᠪᠡᠷ ᠶᠠᠪᠤᠭᠳᠠᠨ᠎ᠠ᠃ ᠬᠣᠲᠠ ᠨᠤᠭᠤᠳ ᠤᠨ ᠬᠣᠭᠣᠷᠣᠨᠳᠣ ᠵᠠᠰᠠᠮᠠᠯ ᠵᠠᠮ ᠤᠨ ᠰᠦᠯᠵᠢᠶ᠎ᠡ ᠪᠡᠷ ᠬᠣᠯᠪᠣᠭᠳᠠᠭᠰᠠᠨ ᠪᠥᠭᠡᠳ ᠲᠣᠭᠠᠨ ᠰᠢᠰᠲ᠋ᠧᠮ ᠦᠨ ᠵᠠᠮ ᠤᠨ ᠬᠥᠳᠡᠯᠭᠡᠭᠡᠨ ᠦ ᠳᠦᠷᠢᠮ ᠦᠢᠯᠡᠴᠢᠯᠡᠳᠡᠭ ᠪᠠᠶᠢᠨ᠎ᠠ᠃ ᠬᠠᠷᠢᠨ ᠰᠠᠶ᠋ᠢᠬᠠᠨ ᠢ ᠬᠦᠷᠲᠡᠯ᠎ᠡ ᠲᠡᠮᠦᠷ ᠵᠠᠮ ᠤᠨ ᠰᠦᠯᠵᠢᠶ᠎ᠡ ᠭᠦᠢ ᠪᠠᠶᠢᠭᠰᠠᠨ᠃ ᠺᠠᠲ᠋ᠠᠷ ᠤᠨ ᠵᠠᠰᠠᠭ ᠤᠨ ᠭᠠᠵᠠᠷ ᠨᠢ 26 ᠲᠡᠷᠪᠤᠮ ᠳ᠋ᠣᠯᠯᠠᠷ ᠤᠨ ᠰᠠᠩᠬᠦᠵᠢᠯᠲᠡ ᠪᠡᠷ 20 ᠵᠢᠯ ᠦᠨ ᠳᠣᠲᠣᠷ᠎ᠠ ᠣᠯᠠᠨ ᠤᠯᠤᠰ ᠤᠨ ᠵᠢᠱᠢᠭ ᠲᠦ ᠬᠦᠷᠦᠭᠰᠡᠨ ᠲᠡᠮᠦᠷ ᠵᠠᠮ ᠢ ᠪᠦᠲᠦᠭᠡᠨ ᠪᠣᠰᠬᠠᠬᠤ ᠪᠠᠷ ᠪᠣᠯᠵᠠᠢ᠃ ᠡᠨᠡᠬᠦ ᠲᠡᠮᠦᠷ ᠵᠠᠮ ᠨᠢ ᠵᠥᠪᠬᠡᠨ ᠥᠪᠡᠷ ᠦᠨ ᠣᠷᠣᠨ ᠲᠡᠳᠦᠢ ᠦᠭᠡᠢ ᠬᠥᠷᠰᠢ ᠵᠡᠷᠭᠡᠯᠡᠳᠡᠭᠡ ᠣᠷᠣᠨ ᠨᠤᠭᠤᠳ ᠢ ᠬᠣᠯᠪᠣᠭᠰᠠᠨ ᠪᠠᠶᠢᠬᠤ ᠪᠠᠷ ᠲᠥᠯᠥᠪᠯᠡᠭᠰᠡᠨ ᠠᠵᠢ᠃ ᠯᠠᠯᠤ ᠶᠢᠨ ᠱᠠᠰᠢᠨ ᠤ ᠵᠠᠩ ᠦᠢᠯᠡ ᠪᠣᠯᠬᠤ ᠷᠠᠮᠠᠳᠠᠨ ᠰᠠᠷ᠎ᠠ ᠶᠢᠨ ᠲᠤᠷᠰᠢ ᠮᠠᠴᠠᠭ ᠪᠠᠷᠢᠨ᠂ ᠠᠷᠢᠬᠢ ᠤᠤᠭᠤᠬᠤ ᠪᠣᠯᠤᠨ ᠲᠠᠮᠠᠬᠢ ᠲᠠᠲᠠᠬᠤ ᠶᠢ ᠬᠠᠲᠠᠭᠤ ᠬᠣᠷᠢᠭᠯᠠᠳᠠᠭ᠃ ᠰᠡᠭᠦᠯ ᠦᠨ ᠵᠢᠯ ᠤᠨᠳ ᠲᠤ ᠺᠠᠲ᠋ᠠᠷ ᠪᠣᠯᠪᠠᠰᠤᠷᠠᠯ ᠤᠨ ᠰᠠᠯᠪᠠᠷ ᠲᠤ ᠪᠠᠨ ᠶᠡᠬᠡ ᠠᠩᠬᠠᠷᠤᠯ ᠬᠠᠨᠳᠤᠭᠤᠯᠬᠤ ᠪᠣᠯᠤᠭᠰᠠᠨ᠃ ᠺᠠᠲ᠋ᠠᠷ ᠤᠨ ᠶᠡᠬᠡ ᠰᠤᠷᠭᠠᠭᠤᠯᠢ ᠨᠢ 1973 ᠤᠨ ᠳᠤ ᠪᠠᠶᠢᠭᠤᠯᠤᠭᠳᠠᠭᠰᠠᠨ ᠪᠥᠭᠡᠳ ᠺᠠᠲ᠋ᠠᠷᠲ ᠪᠦᠬᠦ ᠱᠠᠲᠤᠨ ᠤ ᠪᠣᠯᠪᠠᠰᠤᠷᠠᠯ ᠢ ᠦᠨ᠎ᠡ ᠲᠥᠯᠦᠪᠦᠷᠢ ᠦᠭᠡᠢ ᠣᠯᠭᠤᠳᠠᠭ ᠪᠠᠶᠢᠨ᠎ᠠ᠃ ᠬᠠᠮᠤᠭ ᠤᠨ ᠰᠡᠭᠦᠯ ᠳᠦ ᠯᠠ ᠭᠡᠬᠦ ᠳᠦ 《ᠺᠠᠲ᠋ᠠᠷ ᠤᠨ ᠰᠠᠨ》 ᠍ ᠶᠢᠨ ᠳᠡᠮᠵᠢᠯᠭᠡ ᠲᠡᠢ ᠪᠡᠷ ᠠᠮᠧᠷᠢᠺᠠ ᠶᠢᠨ ᠨᠢᠭᠡᠳᠦᠭᠰᠡᠨ ᠤᠯᠤᠰ ᠤᠨ ᠨᠡᠷ᠎ᠡ ᠬᠦᠨᠳᠦᠲᠡᠢ ᠬᠡᠳᠦ ᠬᠡᠳᠦᠨ ᠰᠤᠷᠭᠠᠭᠤᠯᠢ ᠨᠤᠭᠤᠳ ᠤᠨ ᠰᠠᠯᠪᠤᠷᠢ ᠰᠤᠷᠭᠠᠭᠤᠯᠢ ᠨᠡᠭᠡᠭᠡᠭᠳᠡᠭᠰᠡᠨ ᠪᠠᠶᠢᠨ᠎ᠠ

ᠪᠣᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠲ᠋ᠠᠷ ᠤᠯᠤᠰ ᠪᠠᠷᠠᠭᠤᠨ ᠡᠮᠦᠨᠡᠲᠦ ᠠᠽᠢᠶ᠎ᠠ ᠶᠢᠨ ᠫᠧᠷᠰ ᠦᠨ ᠪᠤᠯᠤᠨ ᠳᠠᠬᠢ ᠺᠠᠲ᠋ᠠᠷ ᠤᠨ ᠬᠣᠶᠢᠭ ᠳᠡᠭᠡᠷ᠎ᠡ᠂ ᠤᠷᠳᠤᠭᠤᠷ ᠢᠶᠠᠨ ᠰ ᠤᠳ ᠤᠨ ᠠᠷᠠᠪ᠂ ᠠᠷᠠᠪ ᠤᠨ ᠨᠢᠭᠡᠳᠦᠭᠰᠡᠨ ᠡᠮᠢᠷᠲ ᠤᠯᠤᠰ ᠲᠠᠢ ᠬᠢᠯᠢᠯᠡᠵᠦ᠂ ᠪᠤᠰᠤᠳ ᠲᠠᠯ᠎ᠠ ᠪᠠᠷ ᠢᠶᠠᠨ ᠫᠧᠷᠰ ᠦᠨ ᠪᠤᠯᠤᠩ ᠤᠨ ᠤᠰᠤ ᠪᠠᠷ ᠬᠦᠷᠢᠶᠡᠯᠡᠭᠳᠡᠨ ᠣᠷᠣᠰᠢᠳᠠᠭ᠃

ᠭᠠᠵᠠᠷ ᠤᠨ ᠭᠠᠳᠠᠷᠭᠤ ᠨᠢ ᠲᠡᠭᠰᠢ ᠲᠠᠯᠠᠷᠬᠠᠭ᠂ ᠭᠣᠣᠯ ᠲᠥᠯᠥᠪ ᠱᠣᠬᠣᠢ ᠶᠢᠨ ᠴᠢᠯᠠᠭᠤ ᠪᠠᠷ ᠪᠦᠷᠬᠦᠮᠡᠯ᠂ ᠴᠢᠯᠠᠭᠤᠷᠬᠠᠭ᠂ ᠵᠠᠷᠢᠮ ᠬᠡᠰᠡᠭ ᠲᠦ ᠪᠡᠨ ᠨᠠᠮᠤᠭᠠᠷᠬᠠᠭ᠃ ᠠᠷᠠᠪ ᠤᠨ ᠴᠥᠯ ᠳᠦ ᠣᠶᠢᠷ᠎ᠠ᠂ ᠮᠡᠯᠡᠬᠡᠢ ᠶᠢᠨ ᠵᠠᠮ ᠠᠴᠠ ᠬᠣᠯᠠ ᠦᠭᠡᠢ ᠤᠷᠤᠰᠢᠬᠤ ᠤᠴᠢᠷ ᠭᠣᠪᠢ ᠴᠥᠯ ᠦᠨ ᠠᠭᠤᠷ ᠠᠮᠢᠰᠬᠤᠯ ᠲᠠᠢ᠂ ᠵᠢᠯ ᠳᠤ ᠳᠤᠮᠳᠠᠴᠢ ᠪᠠᠷ 100 ᠮᠢᠯᠯᠢᠮᠧᠲ᠋ᠷ ᠣᠷᠴᠢᠮ ᠲᠤᠨᠳᠠᠰᠤ ᠤᠨᠠᠳᠠᠭ᠂ ᠳᠤᠮᠳᠠᠴᠢ ᠲᠧᠮᠫᠧᠷᠠᠲᠦ᠋ ᠨᠢ I ᠰᠠᠷ᠎ᠠ ᠳᠤ +16 ᠰ᠂ VII ᠰᠠᠷ᠎ᠠ ᠳᠤ +32 ᠰ ᠣᠷᠴᠢᠮ᠂ ᠵᠠᠷᠢᠮ ᠦᠶ᠎ᠡ ᠳᠦ +45 ᠰ ᠬᠦᠷᠡᠳᠡᠭ᠃ ᠴᠡᠪᠡᠷ ᠤᠰᠤᠨ ᠤ ᠨᠥᠭᠡᠴᠡ ᠪᠠᠭ᠎ᠠ ᠲᠠᠢ ᠠᠴᠠ ᠤᠮᠳᠠᠨ ᠤ ᠤᠰᠤ ᠪᠠᠨ ᠪᠠᠾᠷᠧᠢ ᠶᠢᠨ᠂ ᠡᠨᠡᠳᠬᠡᠭ ᠤᠯᠤᠰ ᠤᠳ ᠠᠴᠠ ᠵᠥᠭᠡᠭᠡᠪᠦᠷᠢᠯᠡᠳᠡᠭ᠃ ᠰᠡᠭᠦᠯ ᠦᠨ ᠦᠶ᠎ᠡ ᠳᠦ ᠳᠠᠯᠠᠢ ᠶᠢᠨ ᠤᠰᠤ ᠶᠢ ᠴᠡᠨᠡᠭᠵᠢᠭᠦᠯᠦᠨ ᠬᠡᠷᠡᠭᠯᠡᠬᠦ ᠪᠣᠯᠵᠤ ᠪᠠᠶᠢᠨ᠎ᠠ᠃

ᠬᠦᠮᠦᠨ ᠠᠮᠠ ᠶᠢᠨ ᠲᠡᠩ ᠬᠠᠭᠠᠰ ᠨᠢ ᠠᠭᠤᠭᠤᠯ ᠨᠤᠲᠤᠭ ᠤᠨ ᠬᠢᠨ ᠪᠤᠶᠤ ᠠᠷᠠᠪᠴᠤᠳ᠂ ᠪᠤᠰᠤᠳ ᠨᠢ ᠢᠷᠡᠨ᠂ ᠡᠨᠡᠳᠬᠡᠭ᠂ ᠫᠠᠺᠢᠰᠲᠠᠨ ᠵᠡᠷᠭᠡ ᠣᠷᠣᠨ ᠠᠴᠠ ᠴᠠᠭᠠᠴᠢᠯᠠᠨ ᠢᠷᠡᠭᠰᠡᠳ ᠶᠠᠭᠤᠮ᠎ᠠ᠃ ᠣᠷᠣᠰᠢᠨ ᠰᠠᠭᠤᠭᠴᠢᠳ ᠤᠨ ᠶᠡᠬᠡᠩᠬᠢ ᠨᠢ ᠪᠠᠶᠠᠨ ᠪᠦᠷᠢᠳᠦ᠂ ᠡᠷᠭᠢ ᠬᠠᠪ ᠤᠨ ᠨᠤᠲᠤᠭ᠂ ᠨᠧᠹᠲ ᠣᠯᠪᠤᠷᠢᠯᠠᠬᠤ ᠷᠠᠶᠣᠨ ᠨᠤᠭᠤᠳ ᠲᠤ ᠰᠠᠭᠤᠷᠢᠰᠢᠳᠠᠭ ᠪᠠ ᠨᠡᠭᠦᠳᠡᠯᠴᠢᠨ ᠮᠠᠶ᠋ᠢᠭ ᠢᠶᠠᠷ ᠠᠮᠢᠳᠤᠷᠠᠳᠠᠭ ᠴᠥᠭᠡᠩᠬᠢ ᠴᠤ ᠪᠠᠰᠠ ᠪᠤᠢ᠃ ᠬᠦᠮᠦᠨ ᠠᠮᠠ ᠶᠢᠨ ᠠᠮᠢᠳᠤᠷᠠᠯ ᠤᠨ ᠲᠦᠪᠰᠢᠨ ᠳᠣᠣᠭᠤᠷ᠂ ᠶᠡᠬᠡᠩᠬᠢ ᠨᠢ ᠪᠢᠴᠢᠭ ᠦᠰᠦᠭ ᠮᠡᠳᠡᠬᠦ ᠦᠭᠡᠢ᠃ ᠠᠯᠪᠠᠨ ᠶᠣᠰᠣᠨ ᠤ ᠬᠡᠯᠡ ᠨᠢ ᠠᠷᠠᠪ᠃  ᠶᠡᠬᠡᠩᠬᠢ ᠨᠤᠲᠤᠭ ᠲᠤ ᠴᠥᠯ ᠭᠠᠵᠠᠷ ᠤᠨ ᠤᠷᠭᠤᠮᠠᠯ ᠤᠷᠭᠤᠳᠠᠭ᠃

ᠲᠡᠮᠦᠷ ᠦᠨ ᠬᠥᠳᠡᠷ᠂ ᠱᠣᠬᠣᠢ ᠶᠢᠨ ᠴᠢᠯᠠᠭᠤ ᠣᠯᠪᠤᠷᠢᠯᠠᠬᠤ ᠪᠥᠭᠡᠳ ᠭᠠᠳᠠᠭᠠᠳᠤ ᠳᠤ ᠨᠧᠹᠲ᠂ ᠰᠢᠩᠭᠡᠷᠡᠭᠦᠯᠦᠭᠰᠡᠨ ᠬᠡᠢ᠂ ᠪᠣᠷᠳᠣᠭ᠎ᠠ᠂ ᠬᠢᠮᠢ ᠶᠢᠨ ᠪᠣᠳᠠᠰ᠂ ᠭᠠᠨ᠂ ᠬᠦᠨᠡᠰᠦᠨ ᠦ ᠨᠣᠭᠣᠭ᠎ᠠ᠂ ᠳᠠᠯᠠᠢ ᠶᠢᠨ ᠰᠠᠮ ᠬᠣᠷᠣᠬᠠᠢ ᠶᠢ ᠭᠠᠷᠭᠠᠵᠤ᠂ ᠭᠠᠳᠠᠭᠠᠳᠤ ᠠᠴᠠ ᠲᠣᠨᠣᠭ ᠲᠥᠬᠥᠭᠡᠷᠦᠮᠵᠢ᠂ ᠪᠠᠷᠢᠯᠭ᠎ᠠ ᠶᠢᠨ ᠮᠠᠲ᠋ᠧᠷᠢᠶᠠᠯ᠂ ᠬᠦᠨᠡᠰᠦᠨ ᠦ ᠵᠦᠢᠯ᠂ ᠪᠥᠰ ᠪᠣᠯᠤᠨ ᠥᠷᠭᠡᠨ ᠬᠡᠷᠡᠭᠴᠡᠭᠡᠨ ᠦ ᠪᠠᠷᠠᠭ᠎ᠠ ᠠᠪᠳᠠᠭ᠃  ᠨᠧᠹᠲ᠂ ᠪᠠᠶᠢᠭᠠᠯᠢ ᠶᠢᠨ ᠬᠢᠷ᠎ᠡ ᠪᠠᠶᠠᠯᠢᠭ᠃

ᠬᠥᠳᠡᠭᠡ ᠠᠵᠤ ᠠᠬᠤᠢ ᠨᠢ ᠪᠠᠭᠤᠷᠠᠢ ᠬᠥᠭᠵᠢᠯᠲᠡᠢ᠂ ᠪᠠᠶᠠᠨ ᠪᠦᠷᠢᠳᠦ ᠶᠢᠨ ᠣᠷᠴᠢᠮ ᠳᠤ ᠬᠠᠰᠠᠷᠪᠠᠨᠢ᠂ ᠰᠢᠷ᠎ᠠ ᠪᠤᠳᠠᠭ᠎ᠠ᠂ ᠡᠷᠳᠡᠨᠢ ᠰᠢᠰᠢ᠂ ᠬᠦᠨᠡᠰᠦᠨ ᠦ ᠨᠣᠭᠣᠭ᠎ᠠ ᠲᠠᠷᠢᠶᠠᠯᠠᠵᠤ᠂ ᠴᠥᠯᠡᠷᠬᠡᠭ ᠭᠠᠵᠠᠷ ᠢᠶᠠᠨ ᠭᠣᠣᠯ ᠲᠥᠯᠥᠪ ᠲᠡᠮᠡᠭᠡᠨ ᠦ ᠠᠵᠤ ᠠᠬᠤᠢ ᠡᠷᠬᠢᠯᠡᠳᠡᠭ᠃ ᠡᠷᠭᠢ ᠬᠠᠪ ᠤᠨ ᠭᠠᠵᠠᠷ ᠠᠴᠠ ᠵᠢᠭᠠᠰᠤ ᠳᠠᠯᠠᠢ ᠶᠢᠨ ᠰᠠᠮ ᠪᠠᠷᠢᠬᠤ᠂ ᠰᠤᠪᠤᠳ ᠲᠡᠦᠬᠡ ᠠᠵᠢᠯ ᠡᠷᠬᠢᠯᠡᠳᠡᠭ᠃

ᠺᠠᠲ᠋ᠠᠷ ᠤᠨ ᠬᠣᠶᠢᠭ ᠳᠡᠭᠡᠷ᠎ᠡ ᠪᠦᠷ ᠮᠠᠨ ᠤ ᠡᠷᠡᠨ ᠦ ᠡᠮᠦᠨ᠎ᠡ 3—2 ᠮᠢᠩᠭᠠᠨ ᠤᠨ ᠠᠴᠠ ᠡᠬᠢᠯᠡᠨ ᠬᠦᠮᠦᠨ ᠣᠷᠣᠰᠢᠨ ᠰᠠᠭᠤᠵᠤ ᠪᠠᠶᠢᠴᠠᠢ᠃ VII ᠵᠠᠭᠤᠨ ᠳᠤ ᠺᠠᠲ᠋ᠠᠷ ᠠᠷᠠᠪ ᠤᠨ ᠬᠠᠯᠢᠹᠲ ᠤᠯᠤᠰ ᠤᠨ ᠪᠦᠷᠢᠯᠳᠦᠬᠦᠨ ᠳᠦ ᠣᠷᠣᠭᠰᠠᠨ ᠪᠣᠯᠪᠠᠴᠤ ᠲᠡᠭᠦᠨ ᠢ ᠮᠥᠬᠦᠭᠰᠡᠨ ᠦ ᠳᠠᠷᠠᠭ᠎ᠠX ᠵᠠᠭᠤᠨ ᠳᠤ ᠺᠠᠷᠮᠠᠨᠲᠤ ᠨᠤᠭᠤᠳ ᠤᠨ ᠤᠯᠤᠰ ᠲᠤ ᠬᠠᠷᠢᠶᠠᠯᠠᠭᠳᠠᠬᠤ ᠪᠣᠯᠵᠠᠢ᠃ XII—XIV ᠵᠠᠭᠤᠨ ᠳᠤ ᠪᠠᠾᠷᠧᠢᠨ ᠤ ᠮᠡᠳᠡᠯ ᠳᠦ᠂ Xᠵᠢᠷᠭᠤᠳᠤᠭᠠᠷ ᠵᠠᠭᠤᠨ ᠳᠤ ᠲᠡᠭᠦᠨ ᠦ ᠬᠠᠮᠲᠤ ᠪᠠᠷ ᠫᠣᠷᠲ᠋ᠤᠭᠠᠯ ᠳᠤ᠂ ᠬᠣᠵᠢᠮ ᠨᠢ ᠲᠦᠺᠲ ᠡᠵᠡᠯᠡᠭᠳᠡᠵᠡᠢ᠃ 1914 ᠤᠨ ᠳᠤ ᠺᠠᠲ᠋ᠠᠷ ᠢ ᠶᠡᠬᠡ ᠪᠷᠢᠲ᠋ᠠᠨ(ᠠᠩᠭᠯᠢ) ᠮᠡᠳᠡᠯ ᠳᠦ ᠪᠡᠨ ᠠᠪᠴᠤ᠂ 1971 ᠤᠨ ᠬᠦᠷᠲᠡᠯ᠎ᠡ ᠡᠵᠡᠮᠰᠢᠵᠦ ᠪᠠᠶᠢᠪᠠ᠃ 1971 ᠤᠨ ᠤ IX ᠰᠠᠷ᠎ᠠ ᠶᠢᠨ 1 ᠍ ᠳᠦ ᠺᠠᠲ᠋ᠠ ᠲᠤᠰᠠᠭᠠᠷ ᠲᠣᠭᠲᠠᠨᠢᠵᠤ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠭᠡᠰᠢᠭᠦᠨ ᠪᠣᠯᠵᠠᠢ᠃

ᠺᠠᠲ᠋ᠠᠷ ᠢ ᠬᠡᠮᠵᠢᠶ᠎ᠡ ᠦᠭᠡᠢ ᠡᠷᠬᠡᠲᠦ ᠬᠠᠯᠢᠹ (ᠡᠵᠡᠨ ᠬᠠᠭᠠᠨ) ᠲᠣᠯᠣᠭᠠᠶᠢᠯᠠᠳᠠᠭ᠃

ᠮᠥᠩᠭᠥᠨ ᠦ ᠨᠢᠭᠡᠴᠡ ᠨᠢ ᠺᠠᠲ᠋ᠠᠷ ᠤᠨ ᠷᠢᠠᠯ᠃

ᠡᠬᠢ ᠡᠭᠦᠰᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠺᠠᠲ᠋ᠠᠷ&oldid=482323》 ᠍  ᠡᠴᠡ ᠠᠪᠤᠭᠰᠠᠨ

ᠪᠢᠴᠢᠭᠡᠰᠦ