ᠺᠠᠯᠺᠠ ᠭᠣᠣᠯ ᠤᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠯᠺᠠ ᠭᠣᠣᠯ ᠤᠨ ᠲᠤᠯᠤᠯᠳᠤᠭᠠᠨ
MongolCavalrymen.jpg
ᠣᠩᠨᠠᠭ᠎ᠠ 1223 ᠤᠨ ᠤ 5 ᠰᠠᠷ᠎ᠠ ᠶᠢᠨ 31
ᠪᠠᠶᠢᠷᠢᠯᠠᠯ ᠺᠠᠯᠺᠠ ᠭᠣᠣᠯ
ᠦᠷ᠎ᠡ ᠳᠠᠭᠠᠪᠤᠷᠢ ᠮᠣᠩᠭᠣᠯ  ᠤᠨ ᠢᠯᠠᠯᠲᠠ
ᠪᠠᠶᠢᠯᠳᠤᠭᠴᠢ ᠲᠠᠯ᠎ᠠ ᠨᠤᠭᠤᠳ
ᠮᠣᠩᠭᠣᠯ ᠤᠨ ᠡᠵᠡᠨᠲᠦ ᠭᠦᠷᠦᠨ ᠣᠷᠣᠰ ᠍ ᠤᠨ ᠬᠠᠨᠯᠢᠭ ᠤᠳ ᠂ ᠺᠦ᠋ᠮᠠᠨ
ᠤᠳᠤᠷᠢᠳᠤᠭᠴᠢᠳ
ᠵᠡᠪᠡ ᠵᠠᠩᠵᠤᠨ ᠰᠦᠪᠡᠭᠡᠳᠡᠢ ᠪᠠᠭᠠᠲᠤᠷ ᠮᠰᠲ᠋ᠢᠰᠯᠠᠪ ᠤᠲᠠᠳᠤᠨ ᠤᠢ᠂ ᠮᠰᠲ᠋ᠢᠰᠯᠠᠪ ᠷᠣᠮᠠᠨᠣᠸᠢᠴ᠂ ᠮᠰᠲ᠋ᠢᠰᠯᠠᠪ ᠰᠪᠢᠶᠠᠲ᠋ᠣᠰᠯᠠᠸᠢᠴ᠂ ᠳᠠᠨᠢᠯ ᠷᠣᠮᠠᠨᠣᠸᠢᠴ᠂ ᠺᠣᠲ᠋ᠢᠶᠠᠨ᠂ ᠶᠠᠷᠤᠨ
ᠴᠡᠷᠢᠭ ᠦᠨ ᠬᠦᠴᠦ
20000-25000 80000
ᠬᠣᠬᠢᠷᠠᠯ
ᠪᠠᠭ᠎ᠠ 75000

ᠣᠷᠣᠰ ᠤᠨ ᠵᠠᠷᠢᠮ ᠰᠤᠷᠪᠤᠯᠵᠢ ᠪᠢᠴᠢᠭ ᠲᠦ  ᠨᠡᠶᠢᠲᠡ ᠴᠡᠷᠢᠭ ᠦᠨ 9/10


ᠺᠠᠯᠺᠠ ᠭᠣᠣᠯ ᠤᠨ ᠲᠤᠯᠤᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1223 ᠤᠨ ᠤ 5 ᠰᠠᠷ᠎ᠠ ᠶᠢᠨ 31 ᠍ ᠳᠦ ᠵᠡᠪᠡ ᠵᠠᠩᠵᠤᠨ ᠰᠦᠪᠡᠭᠡᠳᠡᠢ ᠪᠠᠭᠠᠲᠤᠷ ᠨᠠᠷ ᠢᠶᠠᠷ ᠤᠳᠤᠷᠢᠳᠤᠭᠤᠯᠤᠭᠰᠠᠨ ᠮᠣᠩᠭᠣᠯ ᠍ ᠤᠨ ᠴᠡᠷᠢᠭ᠂ ᠵᠣᠷᠢᠭᠲᠤ ᠮᠰᠲ᠋ᠢᠰᠯᠠᠸ᠂ ᠺᠧᠪ ᠦᠨ ᠭᠤᠷᠪᠠᠳᠤᠭᠠᠷ ᠮᠰᠲ᠋ᠢᠰᠯᠠᠸ ᠨᠠᠷ ᠢᠶᠠᠷ ᠤᠳᠤᠷᠢᠳᠤᠭᠤᠯᠤᠭᠰᠠᠨ ᠺᠢᠶᠧᠸ ᠤᠨ ᠣᠷᠣᠰ ᠪᠣᠯᠤᠨ ᠺᠣᠮᠠᠨᠴᠤᠳ ᠤᠨ ᠬᠠᠮᠲᠤᠷᠠᠭᠰᠠᠨ ᠴᠡᠷᠢᠭ ᠲᠠᠢ ᠲᠤᠯᠤᠯᠳᠤᠭᠠᠨ ᠪᠣᠯᠵᠤ᠂ ᠮᠣᠩᠭᠣᠯᠴᠤᠳ ᠤᠨ ᠢᠯᠡᠳᠲᠡ ᠳᠠᠪᠠᠭᠤ ᠢᠯᠠᠯᠲᠠ ᠪᠠᠷ ᠳᠠᠭᠤᠰᠴᠠᠢ᠃ ᠺᠠᠯᠺᠠ ᠭᠣᠣᠯ ᠤᠨ ᠲᠤᠯᠤᠯᠳᠤᠭᠠᠨ ᠳᠡᠯᠡᠬᠡᠢ ᠶᠢᠨ ᠲᠡᠦᠬᠡᠨ ᠳᠦ ᠺᠠᠯᠺᠠ ᠭᠣᠣᠯ ᠤᠨ ᠲᠤᠯᠤᠯᠳᠤᠭᠠᠨ ᠭᠡᠵᠦ ᠠᠯᠳᠠᠷᠰᠢᠭᠰᠠᠨ ᠡᠨᠡ ᠲᠤᠯᠤᠯᠳᠤᠭᠠᠨ ᠨᠢ 1223 ᠤᠨ ᠤ 5 ᠰᠠᠷ᠎ᠠ ᠶᠢᠨ 31 ᠍ ᠳᠦ ᠲᠤᠬᠠᠢ ᠶᠢᠨ ᠦᠶ᠎ᠡ ᠳᠦ ᠺᠠᠯᠺᠠ ᠭᠡᠵᠦ ᠨᠡᠷᠡᠯᠡᠭᠳᠡᠳᠡᠭ ᠪᠠᠶᠢᠭᠰᠠᠨ ᠭᠣᠣᠯ ᠤᠨ ᠳᠡᠷᠭᠡᠳᠡ ᠪᠣᠯᠤᠭᠰᠠᠨ ᠶᠤᠮ᠃ ᠲᠤᠯᠤᠯᠳᠤᠭᠠᠨ ᠤ ᠳᠠᠷᠠᠭ᠎ᠠ ᠣᠷᠣᠰ ᠤᠳ ᠡᠨᠡ ᠭᠤᠲᠤᠮᠰᠢᠭ ᠲᠠᠢ ᠢᠯᠠᠭᠳᠠᠯ ᠢᠶᠠᠨ ᠨᠢᠭᠤᠬᠤ ᠶᠢᠨ ᠲᠤᠯᠠᠳᠠ ᠭᠣᠣᠯ ᠤᠨ ᠨᠡᠷ᠎ᠡ ᠶᠢ ᠰᠣᠯᠢᠭᠰᠠᠨ ᠶᠤᠮ᠃ ᠣᠳᠣ ᠡᠨᠡ ᠺᠠᠯᠺᠠ ᠭᠡᠳᠡᠭ ᠭᠣᠣᠯ ᠨᠢ ᠶᠠᠭ ᠶᠠᠮᠠᠷ ᠨᠡᠷ᠎ᠡ ᠲᠡᠢ ᠪᠣᠯᠤᠭᠰᠠᠨ ᠢ ᠪᠠᠲᠤ ᠲᠠᠢ ᠮᠡᠳᠡᠬᠦ ᠦᠭᠡᠢ ᠴᠤ ᠶᠡᠬᠡᠩᠬᠢ ᠡᠷᠳᠡᠮᠲᠡᠳ ᠠᠽᠣᠸ ᠤᠨ ᠲᠡᠩᠭᠢᠰ ᠲᠦ ᠴᠢᠳᠬᠤᠳᠠᠭ ᠺᠠᠯᠢᠴᠢᠺ ᠭᠣᠣᠯ ᠭᠡᠵᠦ ᠦᠵᠡᠳᠡᠭ᠃ ᠵᠡᠪᠡ ᠰᠦᠪᠡᠭᠡᠳᠡᠢ ᠨᠠᠷ ᠤᠨ ᠤᠳᠤᠷᠢᠳᠤᠭᠰᠠᠨ 20000 ᠣᠷᠴᠢᠮ ᠮᠣᠩᠭᠣᠯ ᠴᠡᠷᠢᠭ ᠬᠣᠷᠧᠽᠮ (ᠰᠠᠷᠲᠠᠭᠤᠯ) ᠤᠨ ᠮᠣᠬᠠᠮᠮᠧᠳ᠋ ᠰᠤᠯᠲᠠᠨ ᠢ ᠬᠥᠭᠡᠭᠡᠵᠦ ᠤᠰᠠᠳᠬᠠᠬᠤ ᠵᠣᠷᠢᠯᠭ᠎ᠠ ᠪᠠᠷ ᠴᠠᠬᠢᠯᠭᠠᠨ ᠳᠠᠶᠢᠨ ᠢ ᠳᠡᠯᠡᠬᠡᠢ ᠶᠢᠨ ᠲᠡᠦᠬᠡᠨ ᠳᠦ ᠠᠩᠬ᠎ᠠ ᠤᠳᠠᠭ᠎ᠠ ᠬᠢᠭᠰᠡᠨ ᠭᠡᠳᠡᠭ᠃ ᠮᠣᠷᠢᠨ ᠤ ᠬᠤᠷᠳᠤ ᠪᠠᠷ 8851 ᠺᠢᠯᠣᠮᠧᠲ᠋ᠷ ᠭᠠᠵᠠᠷ ᠢ 3 ᠵᠢᠯ ᠦᠨ ᠳᠣᠲᠣᠷ᠎ᠠ ᠡᠵᠡᠯᠡᠭᠰᠡᠨ ᠡᠨᠡ ᠪᠠᠶᠢᠯᠳᠤᠨ ᠳᠠᠭᠠᠭᠤᠯᠤᠯ ᠤᠨ ᠨᠢᠭᠤᠴᠠ ᠶᠢ ᠣᠳᠣ ᠪᠣᠯᠲᠠᠯ᠎ᠠ ᠡᠷᠳᠡᠮᠲᠡᠳ ᠮᠠᠰᠢ ᠶᠡᠬᠡ ᠪᠡᠷ ᠰᠣᠨᠢᠷᠬᠠᠳᠠᠭ᠃ ᠮᠣᠩᠭᠣᠯᠴᠤᠳ ᠡᠨᠡ ᠪᠠᠶᠢᠯᠳᠤᠭᠠᠨ ᠳᠤ ᠳᠠᠶᠢᠰᠤᠨ ᠤ ᠬᠦᠴᠦ ᠶᠢ ᠲᠠᠰᠤᠯᠤᠨ ᠬᠤᠪᠢᠶᠠᠵᠤ ᠰᠠᠷᠨᠢᠭᠤᠯᠬᠤ᠂ ᠪᠦᠰᠡᠯᠡᠵᠦ ᠪᠠᠶᠢᠯᠳᠤᠵᠤ ᠠᠶᠤᠯᠭᠠᠬᠤ᠂ ᠵᠢᠭᠤᠳᠠᠬᠤ ᠪᠣᠯᠤᠮᠵᠢ ᠣᠯᠭᠤᠵᠤ ᠠᠷᠤ ᠠᠴᠠ ᠨᠢ ᠬᠥᠭᠡᠭᠡᠬᠦ ᠵᠡᠷᠭᠡ ᠪᠡᠷ ᠶᠡᠬᠡ ᠣᠯᠠᠨ ᠠᠷᠭ᠎ ᠠ ᠬᠡᠯᠪᠡᠷᠢ ᠶᠢ ᠬᠣᠣᠰᠯᠠᠭᠤᠯᠤᠨ ᠠᠰᠢᠭᠯᠠᠭᠰᠠᠨ ᠪᠠ ᠲᠤᠯᠤᠯᠳᠤᠭᠠᠨ ᠤ ᠦᠷ᠎ᠡ ᠳ᠋ᠦᠩ ᠨᠢ ᠭᠠᠶᠢᠬᠠᠯᠲᠠᠢ ᠪᠠᠶᠢᠭᠰᠠᠨ ᠶᠤᠮ᠃ ᠲᠡᠦᠬᠡ ᠶᠢᠨ ᠰᠤᠷᠪᠤᠯᠵᠢ ᠪᠢᠴᠢᠭ ᠦᠳ ᠲᠦ ᠦᠭᠦᠯᠡᠭᠰᠡᠨ ᠢᠶᠡᠷ᠂ ᠲᠤᠯᠤᠯᠳᠤᠭᠠᠨ ᠤ ᠳᠠᠷᠠᠭ᠎ᠠ ᠮᠣᠩᠭᠣᠯᠴᠤᠳ ᠮᠠᠰᠢ ᠪᠠᠭ᠎ᠠ ᠬᠣᠬᠢᠷᠠᠯ ᠠᠮᠰᠠᠭᠰᠠᠨ (ᠶᠠᠭ ᠲᠣᠭ᠎ᠠ ᠬᠡᠮᠵᠢᠶ᠎ᠡ ᠨᠢ ᠲᠣᠳᠣᠷᠬᠠᠢ ᠦᠭᠡᠢ ᠪᠥᠭᠡᠳ ᠪᠠᠶᠢᠯᠳᠤᠭᠠᠨ ᠤ ᠡᠬᠢᠨ ᠳᠦ ᠪᠠᠶᠢᠭᠰᠠᠨ ᠴᠡᠷᠢᠭ ᠦᠨ ᠲᠣᠭ᠎ᠠ ᠲᠠᠢ ᠬᠠᠷᠢᠴᠠᠭᠤᠯᠬᠤ ᠳᠤ ᠮᠠᠰᠢ ᠪᠠᠭ᠎ᠠ ᠴᠡᠷᠢᠭ ᠠᠯᠠᠭᠳᠠᠭᠰᠠᠨ ᠭᠡᠰᠡᠨ ᠪᠠᠶᠢᠳᠠᠭ) ᠪᠣᠯ ᠣᠷᠣᠰ ᠪᠣᠯᠤᠨ ᠬᠢᠪᠴᠠᠭ ᠤᠳ 50000 ᠣᠷᠴᠢᠮ ᠬᠦᠮᠦᠨ ᠢᠶᠡᠨ ᠠᠯᠠᠳᠠᠭᠰᠠᠨ ᠭᠡᠭᠳᠡᠳᠡᠭ᠃

ᠳᠠᠶᠢᠨ ᠤ ᠰᠢᠯᠲᠠᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠪᠡ᠂ ᠰᠦ᠋ᠪᠡᠭᠡᠳᠡᠢ ᠨᠠᠷ ᠤᠨ ᠺᠠᠤᠺᠠᠽ ᠤᠨ ᠠᠭᠤᠯᠠᠰ ᠢ ᠳᠠᠪᠠᠵᠤ ᠬᠢᠭᠰᠡᠨ ᠠᠶᠠᠨ ᠳᠠᠶᠢᠨ ᠠᠮᠵᠢᠯᠲᠠ ᠣᠯᠵᠤ ᠲᠡᠨᠳᠡ ᠡᠴᠡ ᠣᠷᠣᠰ ᠍ ᠤᠨ ᠬᠢᠯᠢ ᠤᠷᠤᠭᠤ ᠵᠤᠯᠪᠠᠨ ᠵᠢᠭᠤᠲᠠᠭᠰᠠᠨ ᠺᠣᠮᠠᠨᠴᠤᠳ ᠳᠨᠧᠫᠷ ᠮᠥᠷᠡᠨ ᠶᠢᠡᠷ ᠵᠢᠭᠤᠳᠠᠨ ᠭᠠᠷᠴᠤ ᠲᠡᠳᠡᠨ ᠦ ᠤᠳᠤᠷᠢᠳᠤᠭᠴᠢ ᠨᠢ ᠺᠣᠲ᠋ᠢᠶᠠᠨ ᠺᠢᠶᠧᠸ ᠳᠦ ᠬᠦᠷᠴᠦ ᠢᠷᠡᠨ᠂ ᠮᠰᠲ᠋ᠢᠰᠯᠠᠸ ᠠᠴᠠ ᠲᠤᠰᠠᠯᠠᠮᠵᠢ ᠡᠷᠢᠭᠰᠡᠨ ᠪᠠᠶᠢᠳᠠᠭ᠃ ᠣᠷᠣᠰ ᠤᠨ ᠸᠠᠩ ᠨᠤᠭᠤᠳ ᠺᠢᠶᠧᠧ ᠳᠦ ᠴᠤᠭᠯᠠᠵᠤ ᠣᠯᠠᠨ ᠵᠠᠭᠤᠨ ᠤ ᠲᠤᠷᠰᠢ ᠳᠠᠶᠢᠰᠤᠩᠨᠠᠵᠤ ᠪᠠᠶᠢᠭᠰᠠᠨ ᠺᠣᠮᠠᠨᠴᠤᠳ ᠲᠤ ᠲᠤᠰᠠᠯᠠᠬᠤ᠂ ᠠᠶᠤᠯ ᠨᠥᠮᠥᠷᠦᠭᠰᠡᠨ ᠦᠶ᠎ᠡ ᠳᠦ ᠬᠦᠴᠦ ᠪᠡᠨ ᠨᠢᠭᠡᠳᠬᠡᠬᠦ ᠵᠥᠪ ᠭᠡᠰᠡᠨ ᠰᠢᠢᠳᠪᠦᠷᠢ ᠭᠠᠷᠭᠠᠵᠠᠢ᠃

ᠲᠤᠯᠤᠯᠳᠤᠭᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠤᠳ ᠤᠨ ᠳᠠᠭᠠᠷᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

A view of the Dnieper River and the surrounding area

ᠣᠷᠣᠰ ᠤᠨ ᠨᠢᠭᠡᠳᠦᠭᠰᠡᠨ ᠠᠷᠮᠢ ᠮᠣᠩᠭᠣᠯ ᠤᠨ ᠲᠤᠷᠰᠢᠭᠤᠯ ᠤᠨ ᠲᠣᠯᠣᠭᠠᠢ ᠬᠡᠰᠡᠭ ᠲᠡᠢ ᠲᠤᠯᠭᠠᠷᠠᠨ ᠲᠡᠳᠡᠨ ᠢ ᠬᠢᠯᠪᠠᠷᠬᠠᠨ ᠢᠯᠠᠭᠠᠳ ᠲᠣᠯᠣᠭᠠᠶᠢᠯᠠᠵᠤ ᠶᠠᠪᠤᠭᠰᠠᠨ ᠬᠦᠮᠦᠨ ᠢ ᠨᠢ ᠴᠠᠭᠠᠵᠠ ᠪᠠᠷ ᠠᠪᠠᠴᠢᠭᠰᠠᠨ ᠪᠠᠶᠢᠨ᠎ ᠠ᠃ ᠡᠨᠡ ᠵᠢᠵᠢᠭ ᠲᠤᠯᠤᠯᠳᠤᠭᠠᠨ ᠢᠶᠠᠷ ᠣᠷᠣᠰ ᠤᠳ ᠮᠣᠩᠭᠣᠯᠴᠤᠳ ᠢ ᠶᠡᠬᠡᠳᠡ ᠪᠠᠰᠤᠮᠵᠢᠯᠠᠵᠤ ᠨᠤᠮᠤ ᠰᠤᠮᠤ᠂ ᠬᠥᠩᠭᠡᠨ ᠬᠤᠪᠴᠠᠰᠤ ᠲᠠᠢ᠂ ᠵᠢᠷ ᠦᠨ ᠨᠢᠭᠡ ᠵᠡᠷᠯᠢᠭ ᠨᠡᠭᠦᠳᠡᠯᠴᠢᠳ ᠭᠡᠵᠦ ᠪᠣᠳᠣᠵᠠᠢ᠃ ᠦᠨᠡᠨ ᠳᠦ ᠪᠡᠨ ᠡᠨᠡ ᠦᠶ᠎ᠡ ᠳᠦ ᠮᠣᠩᠭᠣᠯᠴᠤᠳ ᠤᠨ ᠮᠣᠷᠢᠲᠠᠨ ᠴᠡᠷᠢᠭ ᠶᠡᠬᠡᠳᠡ ᠬᠥᠭᠵᠢᠭᠰᠡᠨ ᠪᠠᠶᠢᠭᠰᠠᠨ ᠪᠠ ᠣᠷᠣᠰ ᠤᠳ ᠡᠨᠡ ᠲᠠᠯ᠎ᠠ ᠪᠠᠷ ᠣᠭᠲᠣ ᠮᠡᠳᠡᠭᠡ ᠦᠭᠡᠢ ᠪᠠᠶᠢᠭᠰᠠᠨ ᠶᠤᠮ᠃ ᠡᠭᠦᠨ ᠦ ᠳᠠᠷᠠᠭ᠎ᠠ ᠪᠠᠷ ᠵᠡᠪᠡ ᠵᠠᠩᠵᠤᠨ ᠮᠣᠩᠭᠣᠯ ᠤᠨ 10 ᠡᠯᠴᠢ ᠶᠢ ᠺᠢᠶᠧᠧ ᠦᠨ ᠸᠠᠩ ᠮᠰᠲ᠋ᠢᠰᠯᠠᠸ ᠷᠣᠮᠠᠨᠣᠸᠢᠴ ᠰᠲ᠋ᠠᠷᠰᠢ ᠤᠷᠤᠭᠤ ᠢᠯᠡᠭᠡᠵᠦ᠂ ᠲᠠ ᠨᠠᠷ ᠲᠠᠢ ᠪᠠᠶᠢᠯᠳᠤᠬᠤ ᠶᠢ ᠬᠦᠰᠡᠬᠦ ᠦᠭᠡᠢ ᠪᠠᠶᠢᠨ᠎ᠠ᠂ ᠵᠥᠪᠬᠡᠨ ᠬᠢᠪᠴᠠᠭ ᠤᠳ ᠲᠠᠢ ᠪᠠᠶᠢᠯᠳᠤᠨ᠎ᠠ ᠭᠡᠵᠦ ᠬᠡᠯᠡᠭᠦᠯᠦᠭᠰᠡᠨ ᠪᠣᠯᠪᠠᠴᠤ ᠣᠷᠣᠰ ᠤᠳ ᠡᠯᠴᠢ ᠶᠢ ᠳᠣᠣᠷ᠎ᠠ ᠨᠢ ᠪᠠᠷᠢᠵᠤ ᠴᠠᠭᠠᠵᠠ ᠪᠠᠷ ᠠᠪᠠᠴᠢᠵᠠᠢ᠃ ᠮᠣᠩᠭᠣᠯᠴᠤᠳ ᠡᠭᠦᠨ ᠢ ᠮᠡᠳᠡᠭᠡᠳ ᠶᠡᠬᠡᠳᠡ ᠠᠭᠤᠷᠯᠠᠨ ᠣᠷᠣᠰ ᠤᠳ ᠲᠠᠢ ᠥᠷᠦᠰᠢᠶᠡᠯ ᠦᠭᠡᠢ ᠪᠠᠶᠢᠯᠳᠤᠬᠤ ᠪᠠᠷ ᠪᠣᠯᠤᠭᠰᠠᠨ ᠪᠠᠶᠢᠨ᠎ᠠ᠃ ᠲᠡᠭᠡᠭᠡᠳ ᠣᠷᠣᠰ ᠤᠳ ᠲᠠᠢ ᠲᠤᠷᠰᠢᠭᠤᠯ ᠤᠨ ᠬᠥᠩᠭᠡᠨ ᠠᠷᠮᠢ ᠪᠠᠷ ᠲᠤᠯᠵᠤ ᠢᠯᠠᠭᠳᠠᠭᠰᠠᠨ ᠳᠦᠷᠢ ᠦᠵᠡᠭᠦᠯᠦᠨ ᠤᠬᠤᠷᠢᠵᠤ 9 ᠬᠣᠨᠣᠭ ᠵᠢᠭᠤᠲᠠᠭᠰᠠᠨ ᠶᠤᠮ᠃ ᠮᠣᠩᠭᠣᠯᠴᠤᠳ ᠺᠠᠯᠺᠠ ᠭᠣᠣᠯ ᠬᠦᠷᠲᠡᠯ᠎ᠡ ᠵᠢᠭᠤᠲᠠᠭᠰᠠᠨ ᠪᠠ ᠲᠡᠨᠳᠡ ᠣᠷᠣᠰ ᠤᠳ ᠲᠠᠢ ᠵᠢᠩᠬᠢᠨᠢ ᠲᠤᠯᠤᠯᠳᠤᠭᠠᠨ ᠬᠢᠬᠦ ᠪᠡᠷ ᠪᠡᠯᠡᠳᠬᠡᠭᠰᠡᠨ ᠪᠠᠶᠢᠨ᠎ᠠ᠃

ᠣᠷᠣᠰ ᠤᠳ ᠤᠨ ᠢᠯᠠᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ 12 ᠡᠳᠦᠷ ᠦᠨ ᠲᠤᠷᠰᠢ ᠵᠢᠭᠤᠳᠠᠬᠤ ᠳᠤ ᠬᠣᠯᠪᠣᠭᠠᠲᠠᠨ ᠨᠤᠭᠤᠳ ᠲᠡᠳᠡᠨ ᠢ ᠢᠯᠠᠯ᠎ᠠ ᠬᠡᠮᠡᠨ ᠣᠮᠣᠭᠰᠢᠵᠤ ᠵᠠᠮ ᠵᠠᠭᠤᠷ᠎ᠠ ᠳᠠᠶᠢᠰᠤᠨ ᠤ ᠪᠠᠨ ᠬᠠᠶᠠᠵᠤ ᠭᠡᠭᠡᠭᠳᠡᠭᠦᠯᠦᠭᠰᠡᠨ ᠡᠳ᠋ ᠵᠦᠢᠯ᠂ ᠦᠬᠡᠷ ᠮᠠᠯ ᠢ ᠲᠠᠯᠠᠨ ᠳᠡᠭᠡᠷᠡᠮᠳᠡᠵᠦ᠂ ᠣᠮᠲᠣᠭᠠᠶᠢᠷᠠᠨ ᠰᠢᠨᠤᠵᠤ ᠶᠠᠪᠤᠭᠰᠠᠭᠠᠷ ᠪᠠᠶᠢᠯᠳᠤᠭᠠᠨ ᠤ ᠵᠢᠷᠤᠮ ᠢᠶᠠᠨ ᠠᠯᠳᠠᠵᠤ ᠡᠬᠢᠯᠡᠵᠡᠢ᠃ ᠳᠠᠶᠢᠲᠤᠬᠤ ᠲᠤᠯᠤᠯᠳᠤᠬᠤ ᠡᠳ᠋ ᠬᠠᠪ ᠨᠢ ᠣᠷᠭᠢᠯᠠᠭᠰᠠᠨ ᠣᠷᠣᠰ ᠤᠳ ᠠᠴᠠ ᠵᠢᠭᠤᠳᠠᠵᠤ ᠶᠠᠪᠤᠭᠰᠠᠭᠠᠷ ᠵᠡᠪᠡ᠂ ᠰᠦ᠋ᠪᠡᠭᠡᠳᠡᠢ ᠨᠠᠷ 1223 ᠤᠨ ᠤ 5 ᠳ᠋ᠤᠭᠠᠷ ᠰᠠᠷ᠎ᠠ ᠶᠢᠨ 31 ᠤ ᠡᠳᠦᠷ᠂ ᠺᠠᠯᠺᠠ ᠭᠣᠣᠯ ᠤᠨ ᠴᠠᠭᠠᠳᠤ ᠲᠠᠯ᠎ᠠ ᠳᠤ ᠮᠣᠷᠢᠳ ᠢᠶᠠᠨ ᠰᠡᠯᠭᠦᠵᠦ ᠤᠨᠤᠭᠠᠳ ᠪᠠᠶᠢᠯᠳᠤᠭᠠᠨ ᠤ ᠪᠠᠶᠢᠷᠢᠯᠠᠯ ᠳᠤ ᠣᠷᠣᠭᠠᠳ ᠲᠣᠰᠤᠨ ᠵᠣᠭᠰᠣᠪᠠ᠃ ᠠᠭᠤᠯᠠᠨ ᠬᠦᠨᠳᠡᠢ ᠳᠤ ᠮᠣᠩᠭᠣᠯ ᠤᠨ ᠳᠠᠶᠢᠴᠢᠳ ᠰᠢᠭᠢᠭᠦᠦ ᠡᠩᠨᠡᠭᠡ ᠪᠡᠷ ᠪᠥᠷᠬᠥᠨ ᠵᠢᠭᠰᠠᠵᠤ ᠬᠦᠯᠢᠶᠡᠵᠦ ᠪᠠᠶᠢᠵᠠᠢ᠃ ᠡᠨᠡ ᠲᠤᠯᠤᠯᠳᠤᠭᠠᠨ ᠳᠤ ᠳᠠᠶᠢᠰᠤᠨ ᠤ ᠴᠡᠷᠢᠭ ᠦᠨ ᠪᠠᠶᠢᠷᠢᠯᠠᠯ ᠢ ᠵᠣᠷᠢᠭᠤᠳᠠ ᠰᠤᠩᠭᠠᠵᠤ ᠰᠤᠯᠢᠳᠠᠭᠤᠯᠤᠭᠰᠠᠨ ᠤ ᠡᠴᠦᠰ ᠲᠦ ᠰᠢᠢᠳᠪᠦᠷᠢᠯᠡᠬᠦ ᠴᠣᠬᠢᠯᠲᠠ ᠶᠢ ᠰᠤᠤᠲᠤ ᠵᠠᠩᠵᠤᠨ ᠰᠦᠪᠡᠭᠡᠳᠡᠢ ᠭᠠᠷᠮᠠᠭᠠᠢ ᠬᠢᠪᠡ᠃ ᠭᠠᠯᠢᠼ ᠤᠨ ᠮᠰᠲ᠋ᠢᠰᠯᠠᠸ ᠡᠨᠡ ᠤᠳᠠᠭ᠎ᠠ ᠳᠤ ᠲᠤᠩ ᠱᠠᠯᠠᠮᠠᠭᠠᠢ ᠵᠢᠭᠤᠳᠠᠵᠤ ᠳᠨᠧᠫᠷ ᠮᠥᠷᠡᠨ ᠢ ᠬᠠᠮᠤᠭ ᠤᠨ ᠲᠦᠷᠦᠭᠦᠨ ᠳᠦ ᠭᠠᠲᠤᠯᠠᠵᠤ᠂ ᠠᠶᠤᠵᠤ ᠡᠮᠢᠶᠡᠭᠰᠡᠨ ᠳᠦ ᠪᠡᠨ ᠪᠦᠬᠦ ᠵᠠᠪᠢ ᠶᠢ ᠤᠰᠠᠳᠬᠠᠭᠰᠠᠨ ᠢᠶᠠᠷ ᠠᠷᠤ ᠠᠴᠠ ᠢᠷᠡᠵᠦ ᠪᠤᠢ ᠨᠤᠲᠤᠭ ᠨᠢᠭᠡᠲᠡᠨ ᠨᠦᠭᠦᠳ ᠢᠶᠡᠨ ᠭᠠᠷ ᠮᠤᠬᠤᠷᠳᠠᠭᠤᠯᠵᠠᠢ᠃ ᠡᠶᠢᠨᠬᠦ ᠮᠣᠩᠭᠣᠯᠴᠤᠳ ᠺᠠᠯᠺᠠ ᠭᠣᠣᠯ ᠤᠨ ᠲᠤᠯᠤᠯᠳᠤᠭᠠᠨ ᠳᠤ ᠢᠯᠠᠯᠲᠠ ᠪᠠᠶᠢᠭᠤᠯᠬᠤ ᠨᠢ ᠲᠣᠳᠣᠷᠬᠠᠢ ᠪᠣᠯᠤᠭᠰᠠᠨ ᠶᠤᠮ᠃

ᠪᠢᠴᠢᠭᠡᠰᠦ