ᠺᠠᠯᠢᠹᠣᠷᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠯᠢᠹᠣᠷᠨᠢ ᠮᠤᠵᠢ ᠤᠯᠤᠰ
State of California
{{{ᠨᠡᠷᠡ}}} ᠮᠤᠵᠢ ᠤᠯᠤᠰ ᠤᠨ ᠳᠠᠯᠪᠠᠭ᠎ᠠ ᠺᠠᠯᠢᠹᠣᠷᠨᠢ ᠮᠤᠵᠢ ᠤᠯᠤᠰ ᠤᠨ ᠰᠦᠯᠳᠡ
[[{{{ᠨᠡᠷᠡ}}} ᠮᠤᠵᠢ ᠤᠯᠤᠰ ᠤᠨ ᠳᠠᠯᠪᠠᠭ᠎ᠠ|ᠳᠠᠯᠪᠠᠭ᠎ᠠ]] [[{{{ᠨᠡᠷᠡ}}} ᠮᠤᠵᠢ ᠤᠯᠤᠰ ᠤᠨ ᠰᠦᠯᠳᠡ|ᠰᠦᠯᠳᠡ]]
ᠬᠣᠴᠢ(ᠨ ᠨᠤᠭᠤᠳ): The Golden State (ᠠᠯᠲᠠᠨ ᠮᠤᠵᠢ ᠤᠯᠤᠰ)
ᠤᠷᠢᠶ᠎ᠠ: ᠡᠪᠡᠷᠢᠺᠠ[1]
{{{ᠨᠡᠷᠡ}}} ᠮᠤᠵᠢ ᠤᠯᠤᠰ ᠢ ᠲᠣᠳᠣᠷᠠᠭᠤᠯᠤᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠭᠠᠵᠠᠷ ᠤᠨ ᠵᠢᠷᠤᠭ
ᠠᠯᠪᠠᠨ ᠶᠣᠰᠣᠨ ᠤᠬᠡᠯᠡ ᠠᠩᠭᠯᠢ
ᠶᠠᠷᠢᠳᠠᠭ ᠬᠡᠯᠡᠨ ᠨᠦᠭᠦᠳ ᠠᠩᠭᠯᠢ - 57.59%,
ᠢᠰᠫᠠᠨᠢ - 28.21%
ᠨᠡᠶᠢᠰᠯᠡᠯ ᠰᠠᠺᠷᠠᠮᠧᠨᠲ᠋ᠣ
ᠬᠠᠮᠤᠭ ᠤᠨ ᠲᠣᠮᠣ ᠬᠣᠲᠠ ᠯᠠᠣᠰ-ᠠᠩᠵᠧᠯᠧᠰ
ᠬᠠᠮᠤᠭ ᠤᠨ ᠲᠣᠮᠣ ᠬᠣᠲᠠ ᠨᠤᠭᠤᠳ ᠤᠨ ᠪᠥᠭᠡᠭᠡᠨᠡᠷᠡᠯ ᠶᠡᠬᠡ ᠯᠠᠣᠰ-ᠠᠩᠵᠧᠯᠧᠰ
ᠨᠤᠲᠤᠭ ᠳᠡᠪᠢᠰᠬᠡᠷ  [[ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠵᠢ ᠤᠯᠤᠰ ᠤᠳ ᠢ ᠨᠤᠲᠤᠭ ᠳᠡᠪᠢᠰᠬᠡᠷ ᠢᠶᠡᠷ ᠨᠢ ᠵᠢᠭ᠌ᠰᠠᠭᠠᠭᠰᠠᠨ ᠵᠢᠭᠰᠠᠭᠠᠯᠲᠠ|ᠠᠮᠧᠷᠢᠺᠠ ᠶᠢᠨ ᠨᠢᠭᠡᠳᠦᠭᠰᠡᠨ ᠤᠯᠤᠰ ᠳᠦ 3 ᠍ ᠳᠦ ᠣᠷᠣᠨ᠎ᠠ]]
 - ᠨᠡᠶᠢᠲᠡ 423,970 км²
 - ᠥᠷᠭᠡᠨ 400 km
 - ᠤᠷᠲᠤ 1,240 km
 - ᠤᠰᠤᠨ ᠤ ᠡᠵᠡᠯᠡᠬᠦ % 4.7
 - ᠥᠷᠭᠡᠷᠢᠭ 32° 32′ N-42° N
 - ᠤᠷᠲᠤᠷᠢᠭ 114° 8′ W-124° 26′ W
ᠬᠦᠮᠦᠨ ᠠᠮᠠ  ᠠᠮᠧᠷᠢᠺᠠ ᠶᠢᠨ ᠨᠢᠭᠡᠳᠦᠭᠰᠡᠨ ᠤᠯᠤᠰ ᠳᠦ 1 ᠍ ᠳᠦ ᠣᠷᠣᠨ᠎ᠠ
 - ᠨᠡᠶᠢᠲᠡ 36,553,215 (2007 ᠣᠨ ᠤ ᠲᠣᠭᠠᠴᠠᠭ᠎ᠠ)[2]
 - [[ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠵᠢ ᠤᠯᠤᠰ ᠤᠳ ᠢ ᠬᠦᠮᠦᠨ ᠠᠮᠠ ᠶᠢᠨ ᠨᠢᠭᠲᠠᠰᠢᠯ ᠢᠶᠠᠷ ᠨᠢ ᠵᠢᠭ᠌ᠰᠠᠭᠠᠭᠰᠠᠨ ᠵᠢᠭ᠌ᠰᠠᠭᠠᠯᠳᠠ|ᠨᠢᠭᠲᠠᠰᠢᠯ]] 90.49/км²
[[ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠵᠢ ᠤᠯᠤᠰ ᠤᠳ ᠢ ᠬᠦᠮᠦᠨ ᠠᠮᠠ ᠶᠢᠨ ᠨᠢᠭᠲᠠᠰᠢᠯ ᠢᠶᠠᠷ ᠨᠢ ᠵᠢᠭ᠌ᠰᠠᠭᠠᠭᠰᠠᠨ ᠵᠢᠭᠰᠠᠭᠠᠯᠲᠠ|ᠠᠮᠧᠷᠢᠺᠠ ᠶᠢᠨ ᠨᠢᠭᠡᠳᠦᠭᠰᠡᠨ ᠤᠯᠤᠰ ᠳᠦ 11 ᠍ ᠳᠦ ᠣᠷᠣᠨ᠎ᠠ]]
 - ᠳᠤᠮᠳᠠᠴᠢ ᠣᠷᠣᠯᠭ᠎ᠠ  $54,385 (11)
ᠥᠨᠳᠥᠷ  
 - ᠬᠠᠮᠤᠭ ᠤᠨ ᠥᠨᠳᠥᠷ ᠴᠡᠭ ᠸᠢᠲᠡᠨ ᠦ ᠠᠭᠤᠯᠠ[3]
4,421 ᠮ
 - ᠳᠤᠮᠳᠠᠴᠢ 884 ᠮ
 - ᠬᠠᠮᠤᠭ ᠤᠨ ᠨᠠᠮ ᠴᠡᠭ ᠦᠬᠦᠯ ᠦᠨ ᠬᠥᠨᠳᠡᠢ[3]
-86 ᠮ
[[ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠵᠢ ᠤᠯᠤᠰ ᠤᠳ ᠢ ᠨᠢᠭᠡᠳᠦᠭᠰᠡᠨ ᠣᠩᠨᠠᠭ᠎ᠠ ᠪᠠᠷ ᠨᠢ ᠵᠢᠭ᠌ᠰᠠᠭᠠᠭᠰᠠᠨ ᠵᠢᠭᠰᠠᠭᠠᠯᠲᠠ|ᠠᠮᠧᠷᠢᠺᠠ ᠶᠢᠨ ᠨᠢᠭᠡᠳᠦᠭᠰᠡᠨ ᠤᠯᠤᠰ ᠳᠦ ᠨᠢᠭᠡᠳᠦᠭᠰᠡᠨ]]  1850 ᠣᠨ ᠤ ᠶᠢᠰᠦᠳᠦᠭᠡᠷ ᠰᠠᠷ᠎ᠠ ᠶᠢᠨ 9 (31)
ᠠᠮᠪᠠᠨ ᠵᠠᠬᠢᠷᠤᠭᠴᠢ ᠠᠷᠨᠠᠯ ᠳᠤ ᠱᠸᠠᠷᠴᠠᠩᠭᠧᠷ (ᠪᠦᠭᠦᠳᠡ ᠨᠠᠶᠢᠷᠠᠮᠳᠠᠬᠤ ᠨᠠᠮ)
ᠳᠡᠳ᠋ ᠵᠠᠬᠢᠷᠤᠭᠴᠢ ᠵᠣᠩ ᠭᠠᠷᠠᠮᠧᠨᠳᠢ (ᠠᠷᠠᠳᠴᠢᠯᠠᠭᠰᠠᠨ ᠨᠠᠮ)
ᠠᠮᠧᠷᠢᠺᠠ ᠶᠢᠨ ᠨᠢᠭᠡᠳᠦᠭᠰᠡᠨ ᠤᠯᠤᠰ ᠤᠨ ᠰᠧᠨᠠᠲ᠋ᠴᠢ ᠳᠤ ᠳᠠᠶᠢᠨ ᠹᠧᠢᠨᠰᠲ᠋ᠧᠢ ᠶᠢᠨ (ᠠᠷᠠᠳᠴᠢᠯᠠᠭᠰᠠᠨ ᠨᠠᠮ)
ᠪᠠᠷᠪᠠᠷ᠎ᠠ ᠪᠣᠺᠰᠧᠷ (ᠠᠷᠠᠳᠴᠢᠯᠠᠭᠰᠠᠨ ᠨᠠᠮ)
ᠺᠣᠩᠷᠧᠰᠰ ᠤᠨ ᠲᠥᠯᠥᠭᠡᠯᠡᠭᠴᠢᠳ ᠵᠢᠭ᠌ᠰᠠᠭᠠᠯᠳᠠ
ᠴᠠᠭ ᠤᠨ ᠪᠥᠰᠡ ᠨᠣᠮᠣᠬᠠᠨ ᠳᠠᠯᠠᠢ: UTC-8/-7
ᠲᠣᠪᠴᠢᠯᠠᠯ ᠤᠳ CA Calif. US-CA
ᠸᠪᠰᠠᠢ ᠳᠤ ca.gov

ᠺᠠᠯᠢᠹᠣᠷᠨᠢ (ᠠᠩᠭᠯᠢ ᠪᠠᠷ California) ᠨᠢ ᠨᠣᠮᠣᠬᠠᠨ ᠳᠠᠯᠠᠢᠨ ᠡᠷᠭᠢ ᠳᠠᠭᠠᠤ᠂ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠪᠠᠷᠠᠭᠤᠨ ᠡᠷᠭᠢ ᠳᠦ ᠤᠷᠤᠰᠢᠬᠤ ᠠᠮᠧᠷᠢᠺᠠ ᠶᠢᠨ ᠨᠢᠭᠡᠳᠦᠭᠰᠡᠨ ᠤᠯᠤᠰ ᠤᠨ ᠮᠤᠵᠢ ᠤᠯᠤᠰ ᠶᠤᠮ᠃ ᠬᠣᠶᠢᠳᠤ ᠲᠠᠯ᠎ᠠ ᠪᠠᠷ ᠢᠶᠠᠨ ᠣᠷᠧᠭᠣᠨ᠂ ᠵᠡᠭᠦᠨ ᠲᠠᠯ᠎ᠠ ᠪᠠᠷ ᠢᠶᠠᠨ ᠨᠸᠳᠠ᠂ ᠵᠡᠭᠦᠨ ᠡᠮᠦᠨᠡᠲᠦ ᠲᠠᠯ᠎ᠠ ᠪᠠᠷ ᠢᠶᠠᠨ ᠠᠷᠢᠽᠣᠨᠠ ᠮᠤᠵᠢ ᠤᠯᠤᠰ ᠲᠠᠢ᠂ ᠡᠮᠦᠨ᠎ᠡ ᠲᠠᠯ᠎ᠠ ᠪᠠᠷ ᠢᠶᠠᠨ ᠮᠸᠺᠰᠢᠺᠣᠡᠶᠢᠨ ᠪᠠᠬᠠ ᠺᠠᠯᠢᠹᠣᠷᠨᠢ ᠪᠠᠨ ᠮᠤᠵᠢ ᠤᠯᠤᠰ ᠲᠠᠢ ᠲᠤᠰ ᠲᠤᠰ ᠬᠢᠯᠢᠯᠡᠳᠡᠭ᠃ ᠺᠠᠯᠢᠹᠣᠷᠨᠢ ᠨᠢ ᠠᠮᠧᠷᠢᠺᠠ ᠶᠢᠨ ᠨᠢᠭᠡᠳᠦᠭᠰᠡᠨ ᠤᠯᠤᠰ ᠶᠢᠨ ᠬᠠᠮᠤᠭ ᠤᠨ ᠣᠯᠠᠨ ᠬᠦᠮᠦᠨ ᠠᠮᠠ ᠲᠠᠢ ᠮᠤᠵᠢ ᠤᠯᠤᠰ ᠶᠤᠮ᠃ ᠬᠠᠮᠤᠭ ᠤᠨ ᠲᠣᠮᠣ ᠳᠥᠷᠪᠡᠨ ᠬᠣᠲᠠ ᠶᠢ ᠨᠢ ᠳᠤᠷᠠᠳᠪᠠᠯ ᠯᠠᠣᠰ-ᠠᠩᠵᠧᠯᠧᠰᠰᠠᠨ-ᠳ᠋ᠢᠧᠭᠣᠰᠠᠨ-ᠬᠣᠣᠰᠧᠰᠠᠨ-ᠹᠷᠠᠨᠼᠢᠰᠺᠣ ᠬᠣᠲᠠ ᠨᠤᠭᠤᠳ ᠪᠣᠯᠤᠨ᠎ᠠ᠃ ᠲᠤᠰ ᠮᠤᠵᠢ ᠤᠯᠤᠰ ᠨᠢ ᠶᠠᠩᠵᠤ ᠪᠦᠷᠢ ᠶᠢᠨ ᠠᠭᠤᠷ ᠠᠮᠢᠰᠬᠤᠯ᠂ ᠭᠠᠵᠠᠷ ᠵᠦᠢ ᠶᠢᠨ ᠪᠥᠰᠡ ᠪᠡᠷ ᠢᠶᠡᠨ ᠪᠣᠯᠤᠨ ᠣᠯᠠᠨ ᠦᠨᠳᠦᠰᠦᠲᠡᠨ ᠶᠠᠰᠤᠲᠠᠨ ᠠᠴᠠ ᠪᠦᠷᠢᠳᠦᠭᠰᠡᠨ ᠬᠦᠮᠦᠨ ᠠᠮᠠ ᠪᠠᠷ ᠢᠶᠠᠨ ᠠᠯᠳᠠᠷᠲᠠᠢ᠃

Alta California ᠬᠡᠮᠡᠬᠦ ᠭᠠᠵᠠᠷ ᠨᠤᠲᠤᠭ ᠢ XVIII ᠵᠠᠭᠤᠨ ᠤ ᠰᠡᠭᠦᠯ ᠢᠶᠡᠷ ᠢᠰᠫᠠᠨᠢ ᠶᠢᠨ ᠡᠵᠡᠨᠲᠦ ᠤᠯᠤᠰ ᠺᠣᠯᠣᠨᠢᠴᠢᠯᠠᠵᠠᠢ᠃ 1821 ᠣᠨ ᠳᠤ ᠡᠨᠡ ᠭᠠᠵᠠᠷ ᠨᠤᠲᠤᠭ ᠮᠸᠺᠰᠢᠺᠣ ᠤᠨ ᠪᠤᠰᠤᠳ ᠬᠡᠰᠡᠭ ᠦᠨ ᠬᠠᠮᠲᠤ ᠲᠤᠰᠠᠭᠠᠷ ᠲᠣᠭᠲᠠᠨᠢᠭᠰᠠᠨ ᠪᠦᠭᠦᠳᠡ ᠨᠠᠶᠢᠷᠠᠮᠳᠠᠬᠤ ᠤᠯᠤᠰ ᠪᠣᠯᠤᠭᠰᠠᠨ᠃ 1846 ᠣᠨ ᠳᠤ ᠺᠠᠯᠢᠹᠣᠷᠨᠢ ᠮᠸᠺᠰᠢᠺᠣ ᠡᠴᠡ ᠰᠠᠯᠠᠩ ᠲᠤᠰᠠᠭᠠᠷᠯᠠᠭᠰᠠᠨ ᠪᠥᠭᠡᠳ ᠮᠸᠺᠰᠢᠺᠣ-ᠠᠮᠧᠷᠢᠺᠠ ᠶᠢᠨ ᠳᠠᠶᠢᠨᠢ ᠳᠠᠷᠤᠭ᠎ᠠ ᠮᠸᠺᠰᠢᠺᠣ ᠺᠠᠯᠢᠹᠣᠷᠨᠢ ᠶᠢ ᠠᠮᠧᠷᠢᠺᠠ ᠶᠢᠨ ᠨᠢᠭᠡᠳᠦᠭᠰᠡᠨ ᠤᠯᠤᠰ ᠳᠦ ᠥᠭᠭᠦᠭᠰᠡᠨ ᠠᠵᠡᠢ᠃ 1850 ᠣᠨ ᠤ ᠶᠢᠰᠦᠳᠦᠭᠡᠷ ᠰᠠᠷ᠎ᠠ ᠶᠢᠨ 9 ᠍ ᠳᠦ ᠺᠠᠯᠢᠹᠣᠷᠨᠢ ᠠᠮᠧᠷᠢᠺᠠ ᠶᠢᠨ ᠨᠢᠭᠡᠳᠦᠭᠰᠡᠨ ᠤᠯᠤᠰ ᠳᠦ ᠠᠯᠪᠠᠨ ᠶᠣᠰᠣᠭᠠᠷ ᠨᠢᠭᠡᠳᠦᠭᠰᠡᠨ᠃

ᠺᠠᠯᠢᠹᠣᠷᠨᠢ ᠨᠢ ᠬᠠᠭᠤᠷᠠᠢ ᠭᠠᠵᠠᠷ ᠤᠨ ᠨᠤᠲᠤᠭ ᠳᠡᠪᠢᠰᠬᠡᠷ ᠢᠶᠡᠷ ᠠᠮᠧᠷᠢᠺᠠ ᠶᠢᠨ ᠨᠢᠭᠡᠳᠦᠭᠰᠡᠨ ᠤᠯᠤᠰ ᠤᠨ ᠭᠤᠷᠪᠠ ᠳᠤ ᠬᠢ ᠲᠣᠮᠣ ᠮᠤᠵᠢ ᠤᠯᠤᠰ ᠶᠤᠮ᠃ ᠺᠠᠯᠢᠹᠣᠷᠨᠢ ᠶᠢᠨ ᠭᠠᠵᠠᠷ ᠵᠦᠢ ᠶᠢᠨ ᠪᠥᠰᠡ ᠳᠦ ᠨᠣᠮᠣᠬᠠᠨ ᠳᠠᠯᠠᠢ ᠶᠢᠨ ᠡᠷᠭᠢ ᠡᠴᠡ ᠠᠪᠬᠠᠭᠤᠯᠤᠭᠠᠳ ᠵᠡᠭᠦᠨ ᠵᠦᠭ ᠲᠤ ᠰᠦᠶ ᠡᠷᠷᠠ ᠨᠸᠳᠠ ᠨᠢᠷᠤᠭᠤ᠂ ᠵᠡᠭᠦᠨ ᠡᠮᠦᠨ᠎ᠡ ᠵᠦᠭ ᠲᠤ ᠮᠣᠬᠠᠤᠧ ᠴᠥᠯ᠂ ᠪᠠᠷᠠᠭᠤᠨ ᠬᠣᠶᠢᠳᠤ ᠵᠦᠭ ᠲᠤ ᠰᠧᠺᠦᠸ ᠢᠶᠤᠶ᠎ᠠ ᠪᠤᠶᠤ ᠤᠯᠠᠭᠠᠨ ᠮᠣᠳᠣ ᠳᠤᠭᠯᠠᠰ ᠤᠨ ᠵᠣᠳᠣᠣᠨ ᠣᠢ ᠮᠣᠳᠣ ᠬᠦᠷᠲᠡᠯ᠎ᠡ ᠣᠷᠣᠳᠠᠭ᠃ ᠮᠤᠵᠢ ᠤᠯᠤᠰ ᠤᠨ ᠲᠥᠪ ᠬᠡᠰᠡᠭ ᠲᠦ ᠳᠡᠯᠡᠬᠡᠢ ᠶᠢᠨ ᠬᠠᠮᠤᠭ ᠤᠨ ᠦᠷᠡᠵᠢᠯ ᠰᠢᠮᠡᠲᠡᠢ ᠬᠥᠳᠡᠭᠡ ᠠᠵᠤ ᠠᠬᠤᠢ ᠶᠢᠨ ᠡᠳ᠋ᠯᠡᠪᠦᠷᠢ ᠭᠠᠵᠠᠷ ᠪᠣᠯᠬᠤ ᠺᠠᠯᠢᠹᠣᠷᠨᠢ ᠶᠢᠨ ᠲᠥᠪ ᠬᠥᠨᠳᠡᠢ ᠵᠣᠩᠬᠢᠯᠠᠨ᠎ᠠ᠃

ᠺᠠᠯᠢᠹᠣᠷᠨᠢ ᠶᠢᠨ ᠠᠯᠲᠠᠨ ᠤ ᠬᠠᠯᠠᠭᠤᠷᠠᠯ ᠤᠨ ᠦᠶ᠎ᠡ ᠪᠡᠷ (1848-1855) ᠠᠰᠤᠷᠤ ᠣᠯᠠᠨ ᠬᠦᠮᠦᠨ ᠺᠠᠯᠢᠹᠣᠷᠨᠢᠳ ᠨᠡᠭᠦᠳᠡᠯᠯᠡᠨ ᠢᠷᠡᠵᠦ᠂ ᠡᠳ᠋ ᠍ ᠦᠨ ᠵᠠᠰᠠᠭ ᠣᠭᠴᠣᠮ ᠥᠰᠦᠨ ᠨᠡᠮᠡᠭᠳᠡᠭᠰᠡᠨ ᠢᠶᠡᠷ ᠺᠠᠯᠢᠹᠣᠷᠨᠢ ᠡᠷᠡᠰ ᠥᠭᠡᠷᠡᠴᠢᠯᠡᠭᠳᠡᠭᠰᠡᠨ᠃ ᠠᠷᠪᠠᠨ ᠲᠠᠪᠤᠳᠤᠭᠠᠷ ᠵᠠᠭᠤᠨ ᠤ ᠡᠬᠢ ᠪᠡᠷ ᠯᠠᠣᠰ-ᠠᠩᠵᠧᠯᠧᠰ ᠬᠣᠲᠠ ᠵᠤᠭ᠎ᠠ ᠴᠡᠩᠭᠡᠯ ᠦᠨ ᠰᠠᠯᠪᠤᠷᠢ ᠶᠢᠨ ᠲᠥᠪ ᠪᠣᠯᠵᠤ᠂ ᠮᠤᠵᠢ ᠤᠯᠤᠰ ᠤᠨ ᠠᠶᠠᠯᠠᠯ ᠵᠢᠭᠤᠯᠴᠢᠯᠠᠯ ᠤᠨ ᠰᠠᠯᠪᠤᠷᠢ ᠶᠢᠨ ᠥᠰᠦᠯᠲᠡᠳ ᠲᠦᠯᠬᠢᠴᠡ ᠥᠭᠴᠡᠢ᠃ ᠺᠠᠯᠢᠹᠣᠷᠨᠢ ᠶᠢᠨ ᠬᠥᠳᠡᠭᠡ ᠠᠵᠤ ᠠᠬᠤᠢ ᠶᠢᠨ ᠰᠠᠯᠪᠤᠷᠢ ᠴᠡᠴᠡᠭᠯᠡᠨ ᠬᠥᠭᠵᠢᠭᠰᠡᠨ ᠦ ᠵᠡᠷᠭᠡᠴᠡᠭᠡ ᠠᠭᠠᠷ ᠰᠠᠨᠰᠠᠷ᠂ ᠭᠠᠵᠠᠷ ᠤᠨ ᠲᠣᠰᠣ᠂ ᠺᠣᠮᠫᠢᠶᠦ᠋ᠲ᠋ᠧᠷ᠂ ᠮᠡᠳᠡᠭᠡᠯᠡᠯ ᠦᠨ ᠲᠧᠭᠨᠣᠯᠣᠭᠢ ᠶᠢᠨ ᠰᠠᠯᠪᠤᠷᠢ ᠨᠤᠭᠤᠳ ᠮᠠᠰᠢ ᠶᠡᠬᠡ ᠬᠥᠭᠵᠢᠭᠰᠡᠨ᠃ ᠺᠠᠯᠢᠹᠣᠷᠨᠢ ᠡᠳ᠋ ᠍ ᠦᠨ ᠵᠠᠰᠠᠭ ᠤᠨ ᠬᠡᠮᠵᠢᠶ᠎ᠡ ᠪᠡᠷ ᠳᠡᠯᠡᠬᠡᠢ ᠳᠦ ᠡᠬᠢᠨ ᠦ ᠠᠷᠪᠠᠲᠤ ᠵᠢᠭ᠌ᠰᠠᠳᠠᠭ ᠪᠥᠭᠡᠳ ᠲᠤᠰ ᠲᠤ ᠪᠠᠨ ᠤᠯᠤᠰ ᠪᠠᠶᠢᠭᠰᠠᠨ ᠪᠣᠯ ᠬᠦᠮᠦᠨ ᠠᠮᠠ ᠪᠠᠷ ᠺᠧᠨᠢᠶ ᠠ ᠍ ᠶᠢᠨ ᠠᠷᠤ ᠳᠤ 35 ᠍ ᠳᠦ ᠵᠢᠭ᠌ᠰᠠᠬᠤ ᠪᠠᠶᠢᠭᠰᠠᠨ᠃

ᠯᠠᠪᠠᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Government Code Section 420-429.8. Official California Legislative Information. 2007-02-26 ᠍ ᠳᠦ ᠬᠠᠨᠳᠤᠭᠰᠠᠨ᠃
  2. http://www.census.gov/popest/states/NST-ann-est.html 2007 Population Estimates
  3. 3.0 3.1 Elevations and Distances in the United States. U.S Geological Survey (April 29, 2005). 2006-11-03 ᠍ ᠳᠦ ᠬᠠᠨᠳᠤᠭᠰᠠᠨ᠃

ᠨᠡᠮᠡᠯᠲᠡ ᠤᠩᠰᠢᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: California
ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠤᠨ ᠭᠠᠵᠠᠷ
ᠮᠤᠵᠢ ᠤᠯᠤᠰ ᠤᠨ ᠵᠠᠰᠠᠭ ᠤᠨ ᠭᠠᠵᠠᠷ
ᠡᠨᠧᠷᠭᠢ
ᠠᠶᠠᠯᠠᠯ ᠵᠢᠭᠤᠯᠴᠢᠯᠠᠯ᠂ ᠴᠢᠯᠦᠭᠡᠲᠦ ᠴᠠᠭ
ᠪᠤᠰᠤᠳ

ᠪᠢᠴᠢᠭᠡᠰᠦ