ᠺᠠᠯᠢᠭᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠷᠤᠮᠠᠨᠢᠶ ᠠ ᠳᠣᠭᠰᠢᠨ ᠡᠵᠡᠨ ᠬᠠᠭᠠᠨ ᠺᠠᠯᠢᠭᠤᠯ

ᠺᠠᠯᠢᠭᠤᠯ ᠠᠯᠪᠠᠨ ᠶᠣᠰᠣᠨ ᠤ ᠨᠡᠷ᠎ᠡ: ᠭᠠᠢ ᠼᠧᠽᠠᠷᠢ (ᠭᠧᠷᠮᠠᠨᠢᠭ) (ᠠᠩᠭᠯᠢ ᠬᠡᠯᠡ:Caligula officially Gaius Caesar (Germanicus)) (12 ᠣᠨ ᠤ ᠨᠠᠶᠢᠮᠠᠳᠤᠭᠠᠷ ᠰᠠᠷ᠎ᠠ ᠶᠢᠨ 31 ᠍ ᠳᠦ ᠯᠠᠲ᠋ᠢᠦᠶᠢᠮ ᠍ ᠤᠨ ᠠᠨᠲ᠋ᠢᠦᠶᠢᠮ ᠳᠦ ᠲᠥᠷᠦᠵᠢ᠂ 41 ᠣᠨ ᠤ ᠨᠢᠭᠡᠳᠦᠭᠡᠷ ᠰᠠᠷ᠎ᠠ ᠶᠢᠨ 24 ᠍ ᠳᠦ ᠷᠤᠮᠠ ᠳᠤ ᠨᠠᠰᠤ ᠪᠠᠷᠠᠭᠰᠠᠨ᠃) ᠬᠡᠦᠬᠡᠳ ᠨᠠᠰᠤᠨ ᠤ ᠪᠠᠨ ᠬᠣᠴᠢ ᠺᠠᠯᠢᠭᠤᠯ (《ᠪᠢᠴᠢᠬᠠᠨ ᠭᠤᠲᠤᠯ》) ᠨᠡᠷ᠎ᠡ ᠪᠡᠷ ᠨᠡᠶᠢᠲᠡ ᠳᠦ ᠠᠯᠳᠠᠷᠰᠢᠭᠰᠠᠨ ᠲᠡᠭᠦᠨ ᠦ ᠡᠴᠢᠭᠡ ᠡᠬᠡ᠂ ᠠᠬ᠎ᠠ ᠳᠡᠭᠦᠰ ᠨᠢ ᠲᠣᠳᠣᠷᠬᠠᠢ ᠦᠭᠡᠢ ᠰᠢᠯᠲᠠᠭᠠᠨ ᠢᠶᠠᠷ ᠨᠠᠰᠤ ᠪᠠᠷᠠᠭᠰᠠᠨ ᠤ ᠳᠠᠷᠠᠭ᠎ᠠ ᠲᠢᠪᠧᠷᠢ ᠥᠪᠡᠷ ᠦᠨ ᠵᠠᠯᠭᠠᠮᠵᠢᠯᠠᠭᠴᠢ ᠪᠠᠷ ᠲᠡᠭᠦᠨ ᠢ ᠨᠡᠷᠡᠯᠡᠵᠡᠢ᠃ ᠢᠩᠭᠢᠭᠰᠡᠨ ᠨᠢ ᠲᠢᠪᠧᠷ ᠦᠨ ᠦᠬᠦᠯ ᠦᠨ ᠰᠢᠯᠲᠠᠭᠠᠨ ᠪᠣᠯᠤᠭᠰᠠᠨ ᠪᠠᠶᠢᠵᠤ ᠮᠠᠭᠠᠳ ᠦᠭᠡᠢ ᠭᠡᠵᠦ ᠲᠡᠦᠬᠡᠴᠢᠳ ᠦᠵᠡᠳᠡᠭ᠃ ᠺᠠᠯᠢᠭᠤᠯ ᠲᠥᠷᠥ ᠪᠠᠷᠢᠬᠤ ᠬᠤᠭᠤᠴᠠᠭᠠᠨ ᠳᠤ ᠪᠠᠨ ᠳᠣᠯᠣᠭᠠᠨ ᠰᠠᠷ᠎ᠠ ᠶᠢᠨ ᠲᠤᠷᠰᠢ ᠬᠦᠨᠳᠦ ᠪᠡᠷ ᠡᠪᠡᠳᠴᠢᠯᠡᠵᠦ᠂ ᠣᠶᠤᠨ ᠤᠬᠠᠭᠠᠨ ᠨᠢ ᠲᠣᠭᠲᠠᠪᠤᠷᠢ ᠦᠭᠡᠢ ᠪᠣᠯᠤᠭᠰᠠᠨ ᠲᠡᠳᠦᠢ ᠦᠭᠡᠢ ᠵᠠᠩ ᠠᠪᠤᠷᠢ ᠨᠢ ᠬᠠᠷᠭᠢᠰ ᠬᠡᠷᠴᠡᠭᠡᠢ ᠪᠣᠯᠵᠠᠢ᠃ ᠲᠷᠢᠠᠯ ᠤᠳ ᠤᠨ ᠤᠷᠪᠠᠯᠲᠠ ᠍ ᠢ (38 ᠣᠨ) ᠢᠯᠡᠷᠡᠭᠦᠯᠵᠦ᠂ ᠲᠡᠳᠡᠨ ᠦ ᠳᠡᠮᠵᠢᠭᠴᠢᠳ ᠢ ᠪᠣᠯᠤᠨ ᠢᠷᠭᠡᠳ ᠡᠴᠡ ᠠᠪᠯᠢᠭ᠎ᠠ ᠠᠪᠤᠭᠰᠠᠳ ᠢ ᠴᠠᠭᠠᠵᠠᠯᠠᠵᠠᠢ᠃ 40 ᠣᠨ ᠳᠤ ᠭᠠᠯᠯ ᠍ ᠢ ᠲᠣᠨᠣᠨ ᠳᠡᠭᠡᠷᠡᠮᠳᠡᠵᠦ᠂ ᠪᠷᠢᠲ᠋ᠠᠨ(ᠠᠩᠭᠯᠢ) ᠳᠤ ᠬᠠᠯᠠᠳᠠᠨ ᠳᠣᠪᠲᠣᠯᠬᠤ ᠲᠥᠯᠥᠪᠯᠡᠭᠡ ᠪᠣᠯᠪᠠᠰᠤᠷᠠᠭᠤᠯᠵᠤ ᠡᠬᠢᠯᠡᠪᠡ᠃ ᠲᠡᠷᠡ ᠪᠡᠷ ᠥᠪᠡᠷ ᠢ ᠪᠡᠨ ᠪᠤᠷᠬᠠᠨ ᠭᠡᠵᠦ ᠵᠠᠷᠯᠠᠨ᠂ ᠥᠪᠡᠷ ᠦᠨ ᠡᠭᠡᠴᠢ ᠳᠷᠦ᠋ᠰᠯᠠᠯ ᠶᠢ ᠨᠠᠰᠤ ᠪᠠᠷᠠᠭᠰᠠᠨ ᠤ ᠳᠠᠷᠠᠭ᠎ᠠ ᠳᠠᠷᠢ ᠡᠬᠡ ᠬᠡᠮᠡᠨ ᠵᠠᠷᠯᠠᠵᠠᠢ᠃ ᠬᠠᠷᠭᠢᠰ ᠳᠠᠷᠤᠩᠭᠤᠶᠢᠯᠠᠯ ᠲᠤᠶᠢᠯ ᠳᠤ ᠪᠠᠨ ᠬᠦᠷᠬᠦ ᠳᠦ ᠬᠤᠤᠪᠢᠯᠳᠤᠭᠴᠢ ᠳᠤ ᠲᠡᠭᠦᠨ ᠢ ᠬᠣᠷᠣᠬᠤ ᠪᠠᠷ ᠰᠢᠢᠳᠡᠭᠰᠡᠨ ᠪᠥᠭᠡᠳ ᠼᠧᠽᠠᠷ ᠤᠨ ᠪᠡᠶ᠎ᠡ ᠬᠠᠮᠠᠭᠠᠯᠠᠭᠴᠢ ᠫᠠᠷᠡᠳᠤᠷᠢᠨ ᠲᠣᠷᠭᠠᠨ ᠴᠡᠷᠢᠭ ᠦᠳ ᠲᠡᠭᠦᠨ ᠢ ᠬᠣᠷᠢᠶᠠᠭᠰᠠᠨ ᠠᠵᠡᠢ᠃

ᠯᠠᠪᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬᠠᠳᠠᠭᠴᠢ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠳᠠᠭᠴᠢ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠺᠠᠯᠢᠭᠤᠯ&oldid=366523》 ᠍  ᠡᠴᠡ ᠠᠪᠤᠭᠰᠠᠨ

ᠪᠢᠴᠢᠭᠡᠰᠦ