ᠺᠠᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠯᠠᠨ ᠤ ᠲᠣᠰᠤᠨ ᠳᠣᠲᠣᠷ᠎ᠠ ᠬᠠᠳᠠᠭᠠᠯᠠᠭᠳᠠᠵᠤ ᠪᠤᠢ ᠺᠠᠯᠢ ᠶᠢᠨ ᠷᠢᠯᠦᠨ ᠨᠦᠭᠦᠳ᠃

ᠺᠠᠯᠢ ᠨᠢ ᠦᠶᠡᠯᠡᠬᠦ ᠰᠢᠰᠲ᠋ᠧᠮᠡᠶᠢᠨ 1᠎ᠠ ᠪᠦᠯᠦᠭ ᠲᠦ ᠪᠠᠭᠲᠠᠳᠠᠭ ᠪᠥᠭᠡᠳ ᠺᠠᠯᠢ ᠶᠢᠨ ᠭᠢᠳ᠋ᠷᠣᠺᠰᠢ ᠳᠤ ᠨᠢ ᠤᠰᠤᠨ ᠳᠤ ᠠᠭᠤᠰᠴᠤ ᠱᠦᠯᠲᠦ ᠠᠭᠤᠰᠬᠠᠳᠠᠭ ᠤᠴᠢᠷ ᠱᠦᠯᠲᠦ ᠶᠢᠨ ᠮᠧᠲ᠋ᠠᠯ ᠭᠡᠵᠦ ᠨᠡᠷᠡᠯᠡᠳᠡᠭ᠃ ᠡᠨᠡ ᠡᠯᠧᠮᠧᠨᠲ ᠨᠢ ᠭᠠᠳᠠᠭᠠᠳᠤ ᠳᠠᠪᠬᠤᠷᠠᠭᠠᠨ ᠳᠤ ᠪᠠᠨ s1 ᠭᠡᠰᠡᠨ ᠡᠯᠧᠺᠲ᠋ᠷᠣᠨ ᠲᠠᠢ ᠪᠥᠭᠡᠳ ᠪᠦᠬᠦ ᠨᠢᠭᠡᠳᠦᠯ ᠦᠳ ᠲᠡᠭᠡᠨ ᠡᠶᠡᠷᠭᠦ ᠨᠢᠭᠡ ᠢᠰᠦᠯᠳᠦᠯᠲᠡ ᠶᠢᠨ ᠵᠡᠷᠭᠡ ᠦᠵᠡᠭᠦᠯᠳᠡᠭ᠃ ᠬᠢᠮᠢ ᠶᠢᠨ ᠤᠷᠪᠠᠯ ᠳᠤ ᠵᠥᠪᠬᠡᠨ ᠠᠩᠭᠢᠵᠢᠷᠠᠭᠤᠯᠤᠭᠴᠢ ᠶᠢᠨ ᠡᠭᠦᠷᠭᠡ ᠶᠢ ᠭᠦᠢᠴᠡᠳᠭᠡᠳᠡᠭ᠃ K0 – 1e- K1+

ᠲᠠᠷᠬᠠᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠯᠢ ᠨᠢ ᠢᠳᠡᠪᠬᠢ ᠲᠡᠢ ᠤᠴᠢᠷ ᠪᠠᠶᠢᠭᠠᠯᠢ ᠳᠤ ᠵᠥᠪᠬᠡᠨ ᠨᠢᠭᠡᠳᠦᠯ ᠦᠨ ᠪᠠᠶᠢᠳᠠᠯ ᠢᠶᠠᠷ ᠲᠣᠬᠢᠶᠠᠯᠳᠤᠳᠠᠭ᠃ ᠳᠡᠯᠡᠬᠡᠢ ᠶᠢᠨ ᠭᠠᠵᠠᠷ ᠤᠨ ᠴᠠᠷᠴᠠᠳᠠᠰᠤ ᠳᠤ ᠺᠠᠯᠢ ᠨᠢ 2,6% ᠡᠶᠢᠭ ᠡᠵᠡᠯᠡᠳᠡᠭ᠃ ᠺᠠᠯᠢ ᠶᠢ ᠠᠭᠤᠯᠠᠭᠰᠠᠨ ᠭᠣᠣᠯ ᠡᠷᠦᠳᠡᠰᠦ ᠨᠦᠭᠦᠳ ᠨᠢ KNO3 – ᠰᠢᠦ᠂ KCl*NaCl – ᠰᠡᠯᠸᠢᠨᠢ ᠳᠤ᠂ KCl*MgCl2*6H2O – ᠺᠠᠷᠨᠠᠯᠯᠢᠲ᠂ KCl*MgSO4*3H2O – ᠺᠠᠣᠨᠢ ᠳᠤ᠂ K2O*Al2O3*6SiO2 – ᠺᠠᠯᠢ ᠶᠢᠨ ᠵᠣᠩᠰᠢ ᠵᠡᠷᠭᠡ ᠶᠠᠭᠤᠮ᠎ᠠ᠃

ᠭᠠᠷᠭᠠᠨ ᠠᠪᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠡᠯᠧᠺᠲ᠋ᠷᠣᠯᠢᠽᠢ ᠶᠢᠨ ᠠᠷᠭ᠎ᠠ: ᠺᠠᠯᠢ ᠶᠢ ᠠᠭᠤᠯᠠᠭᠰᠠᠨ ᠳᠠᠪᠤᠰᠤ ᠶᠢ ᠬᠠᠶᠢᠯᠠᠭᠤᠯᠵᠤ᠂ ᠬᠠᠶᠢᠯᠤᠮᠠᠯ ᠳᠤ ᠨᠢ ᠡᠯᠧᠺᠲ᠋ᠷᠣᠯᠢᠰ ᠶᠠᠪᠤᠭᠤᠯᠬᠤ ᠳᠤ ᠺᠠᠲ᠋ᠣᠳ ᠳᠡᠭᠡᠷ᠎ᠡ ᠤᠭ ᠺᠠᠯᠢ ᠠᠩᠭᠢᠵᠢᠷᠠᠨ᠎ᠠ᠃

  ᠺᠠᠲ᠋ᠣᠳ ᠳᠡᠭᠡᠷ᠎ᠡ: K+ + 1e- = K0 

2. ᠠᠩᠭᠢᠵᠢᠷᠭᠠᠭᠤᠯᠬᠤ ᠠᠷᠭ᠎ᠠ: ᠺᠠᠯᠢ ᠶᠢᠨ ᠣᠺᠰᠢᠳ ᠢ ᠬᠦᠴᠦᠲᠡᠢ ᠠᠩᠭᠢᠵᠢᠷᠠᠭᠤᠯᠤᠭᠴᠢ ᠪᠠᠷ ᠦᠢᠯᠡᠴᠢᠯᠡᠳᠡᠭ᠃

  (G<0 ᠦᠶ᠎ᠡ ᠳᠦ ᠤᠷᠪᠠᠯ ᠶᠠᠪᠤᠭᠳᠠᠬᠤ ᠪᠣᠯᠤᠮᠵᠢ ᠲᠠᠢ).

ᠺᠠᠯᠢ ᠨᠢ ᠭᠢᠯᠠᠯᠵᠠᠭᠰᠠᠨ ᠥᠩᠭᠡ ᠲᠡᠢ᠂ ᠵᠥᠭᠡᠯᠡᠨ᠂ ᠨᠢᠭᠲᠠᠴᠠ ᠪᠠᠭ᠎ᠠ ᠲᠠᠢ᠂ ᠴᠠᠬᠢᠯᠭᠠᠨ ᠰᠠᠶᠢᠨ ᠳᠠᠮᠵᠢᠭᠤᠯᠳᠠᠭ᠃ ᠺᠠᠯᠢᠢᠭ ᠤᠨ ᠴᠥᠮ᠎ᠡ ᠶᠢᠨ ᠴᠡᠨᠡᠭ ᠨᠢ ᠠᠲ᠋ᠣᠮ ᠤᠨ ᠷᠠᠳᠢᠦ᠋ᠰ ᠥᠰᠬᠦ ᠳᠦ ᠨᠢᠭᠲᠠᠴᠠ ᠨᠢ ᠶᠡᠬᠡᠰᠴᠢ᠂ ᠬᠠᠶᠢᠯᠠᠬᠤ ᠪᠤᠴᠠᠯᠬᠤ ᠲᠧᠮᠫᠧᠷᠠᠲᠦ᠋ᠷ᠂ ᠴᠠᠬᠢᠯᠭᠠᠨ ᠳᠠᠮᠵᠢᠭᠤᠯᠬᠤ ᠴᠢᠨᠠᠷ ᠪᠠᠭᠤᠷᠠᠳᠠᠭ᠃ ᠺᠠᠯᠢ ᠨᠢ ᠳᠠᠩ ᠭᠠᠯᠧᠭᠣᠨ ᠨᠤᠭᠤᠳ᠂ ᠬᠦᠴᠢᠯᠲᠥᠷᠦᠭᠴᠢ᠂ ᠬᠦᠬᠦᠷ ᠲᠡᠢ ᠲᠠᠰᠤᠯᠭᠠᠨ ᠤ ᠲᠣᠯᠠᠭᠠᠨ ᠤ ᠬᠡᠮᠵᠢᠶ᠎ᠡ ᠲᠦ᠂ ᠠᠽᠣᠲ᠂ ᠹᠣᠰᠹᠣᠷ᠂ ᠨᠡᠭᠦᠷᠡᠰᠦᠲᠥ᠋ᠷᠥᠭᠴᠢ᠂ ᠴᠠᠬᠢᠭᠤᠷ᠂ ᠤᠰᠤᠲᠥᠶᠢᠷᠦᠭᠴᠢ ᠲᠡᠢ ᠬᠠᠯᠬᠤ ᠳᠤ ᠨᠢᠭᠡᠳᠦᠨ᠎ᠡ᠃ ᠤᠰᠤᠨ ᠠᠭᠤᠰᠤᠮᠠᠯ ᠳᠤ ᠺᠠᠯᠢ ᠶᠢᠨ ᠢᠣᠨ ᠨᠤᠭᠤᠳ ᠨᠢ ᠭᠢᠳ᠋ᠷᠠ ᠳᠤ ᠢᠶᠤᠨ ᠬᠡᠯᠪᠡᠷᠢ ᠲᠡᠢ ᠣᠷᠣᠰᠢᠳᠠᠭ᠃

  K+ + nH2O = [K(H2O)n]+

ᠺᠠᠯᠢ ᠨᠢ ᠠᠽᠣᠲ ᠤᠨ ᠬᠦᠴᠢᠯ ᠡᠴᠡ ᠪᠤᠰᠤᠳ ᠬᠦᠴᠢᠯ ᠦᠳ ᠦᠨ ᠤᠰᠤᠨ ᠠᠭᠤᠰᠤᠮᠠᠯ ᠠᠴᠠ᠂ ᠮᠥᠨ ᠤᠰᠤᠨ ᠠᠴᠠ ᠤᠰᠤᠲᠥᠶᠢᠷᠦᠭᠴᠢ ᠶᠢ ᠲᠦᠷᠢᠳᠡᠭ᠃

  2K + H2SO4 = K2SO4 + H2
  2K + 2HOH = 2KOH + H2

ᠴᠢᠬᠤᠯᠠ ᠨᠢᠭᠡᠳᠦᠯ ᠦᠳ:[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠣᠺᠰᠢ ᠳᠤ ᠨᠢ ᠤᠰᠤᠨ ᠳᠤ ᠰᠠᠶᠢᠨ ᠠᠭᠤᠰᠳᠠᠭ ᠲᠠᠯᠠᠰᠲᠤ ᠪᠣᠳᠠᠰ᠃ ᠤᠰᠤᠨ ᠳᠤ ᠠᠭᠤᠰᠴᠢ ᠱᠦᠯᠲᠦ ᠡᠭᠦᠰᠬᠡᠨ᠎ᠡ᠃
   K2O + HOH = 2KOH 
ᠺᠠᠯᠢ ᠶᠢ ᠬᠦᠴᠢᠯᠲᠥᠷᠦᠭᠴᠢ ᠶᠢᠨ ᠳᠣᠲᠣᠷ᠎ᠠ ᠰᠢᠲᠠᠭᠠᠪᠠᠯ ᠬᠡᠲᠦ ᠣᠺᠰᠢ ᠳᠤ (K2O2) ᠍ ᠢ ᠡᠭᠦᠰᠬᠡᠳᠡᠭ᠃ ᠡᠨᠡ ᠨᠢ ᠮᠠᠰᠢ ᠬᠦᠴᠢᠲᠡᠢ ᠢᠰᠦᠯᠳᠦᠭᠦᠯᠦᠭᠴᠢ᠂ ᠬᠦᠢᠲᠡᠨ ᠤᠰᠤᠨ ᠳᠤ ᠠᠭᠤᠰᠬᠠᠪᠠᠯ ᠬᠦᠴᠦᠲᠡᠢ ᠱᠦᠯᠲᠦ ᠪᠠ ᠤᠰᠤᠲᠥᠶᠢᠷᠦᠭᠴᠢ ᠶᠢᠨ ᠬᠡᠲᠦ ᠣᠺᠰᠢᠳ ᠢ ᠡᠭᠦᠰᠬᠡᠨ᠎ᠡ᠃
K2O2 + 2HOH = 2NaOH + H2O2 2. ᠭᠢᠳ᠋ᠷᠣᠺᠰᠢ ᠳᠤ ᠨᠢ ᠤᠰᠤᠨ ᠳᠤ ᠰᠠᠶᠢᠨ ᠠᠭᠤᠰᠳᠠᠭ᠂ ᠤᠰᠤ ᠴᠢᠭᠢᠭ ᠲᠠᠲᠠᠮᠠᠬᠠᠢ ᠰᠢᠨᠵᠢ ᠲᠡᠢ᠂ ᠥᠨᠳᠥᠷ ᠲᠣᠯᠠᠭᠠᠨ ᠤ ᠬᠡᠮᠵᠢᠶ᠎ᠡ ᠲᠦ ᠬᠠᠶᠢᠯᠠᠳᠠᠭ ᠲᠠᠯᠠᠰᠲᠤ ᠪᠣᠳᠠᠰ᠃ ᠤᠰᠤᠨ ᠳᠤ ᠠᠭᠤᠰᠬᠤ ᠪᠠ ᠬᠠᠶᠢᠯᠠᠬᠤ ᠦᠶᠡᠳᠡᠭᠡ ᠳᠠᠷᠠᠭᠠᠬᠢ ᠪᠠᠶᠢᠳᠠᠯ ᠢᠶᠠᠷ ᠢᠣᠨᠴᠢᠯᠠᠭᠳᠠᠳᠠᠭ᠃ KOH = K+ + OH- 3. ᠭᠢᠳ᠋ᠷ ᠲᠤ ᠨᠢ КН ᠭᠡᠰᠡᠨ ᠲᠣᠮᠢᠶ᠎ᠠ ᠲᠠᠢ᠂ ᠵᠥᠪᠬᠡᠨ ᠴᠢᠭᠢᠭ ᠲᠡᠢ ᠨᠥᠬᠥᠴᠡᠯ ᠳᠦ ᠲᠣᠭᠲᠠᠪᠤᠷᠢᠲᠠᠢ ᠪᠠᠶᠢᠳᠠᠭ᠂ ᠥᠨᠳᠥᠷ ᠲᠣᠯᠠᠭᠠᠨ ᠤ ᠬᠡᠮᠵᠢᠶ᠎ᠡ ᠲᠦ ᠤᠰᠤᠲᠥᠶᠢᠷᠦᠭᠴᠢ ᠪᠠ ᠳᠠᠩ ᠮᠧᠲ᠋ᠠᠯ ᠡᠭᠦᠰᠬᠡᠨ ᠵᠠᠳᠠᠷᠠᠳᠠᠭ᠃ 4. ᠭᠠᠯᠢ ᠳᠤ᠃ ᠳᠠᠩ ᠮᠧᠲ᠋ᠠᠯ ᠭᠠᠯᠧᠭᠣᠨ ᠨᠤᠭᠤᠳ ᠲᠠᠢ ᠰᠢᠭᠤᠳ ᠨᠢᠭᠡᠳᠴᠦ ᠡᠭᠦᠰᠬᠡᠭᠰᠡᠨ ᠨᠢᠭᠡᠳᠦᠯ ᠢ ᠭᠠᠯᠢ ᠳᠤ ᠭᠡᠨ᠎ᠡ᠃ ᠭᠠᠯᠢᠳ ᠤᠳ ᠨᠢ ᠥᠩᠭᠡ ᠦᠭᠡᠢ ᠲᠠᠯᠠᠰᠲᠤ᠂ ᠤᠰᠤᠨ ᠳᠤ ᠰᠠᠶᠢᠨ ᠠᠭᠤᠰᠤᠨ᠎ᠠ᠃ 5. ᠰᠦᠯᠢᠹᠢ ᠳᠤ ᠨᠢ ᠢᠣᠨ ᠳᠤ ᠲᠠᠯᠠᠰᠲᠤ ᠲᠣᠷ ᠤᠨ ᠪᠦᠲᠦᠴᠡ ᠲᠡᠢ᠂ ᠬᠠᠲᠠᠭᠤ ᠪᠣᠳᠠᠰ ᠶᠤᠮ᠃ K2S, KHS ᠭᠡᠰᠡᠨ ᠬᠣᠶᠠᠷ ᠶᠠᠩᠵᠤ ᠶᠢᠨ ᠰᠦᠯᠢᠹᠢ ᠳᠤ ᠡᠭᠦᠰᠭᠡᠬᠦ ᠪᠠ ᠤᠰᠤᠨ ᠳᠤ ᠰᠠᠶᠢᠨ ᠠᠭᠤᠰᠳᠠᠭ᠃ ᠭᠢᠳ᠋ᠷᠣᠯᠢᠰ ᠲᠦ ᠣᠷᠣᠨ᠎ᠠ᠃ K2S + H2O = KHS + KOH 6. ᠺᠠᠷᠪᠢᠳ᠃ ᠺᠠᠯᠢ ᠶᠢ ᠬᠠᠯᠬᠤ ᠳᠤ ᠨᠢᠭᠡᠳᠴᠦ ᠺᠠᠷᠪᠢᠳ ᠡᠭᠦᠰᠭᠡᠬᠦ ᠪᠠ ᠺᠠᠷᠪᠢᠳ ᠤᠳ ᠨᠢ ᠤᠰᠤ ᠪᠣᠯᠤᠨ ᠰᠤᠯᠠ ᠬᠦᠴᠢᠯ ᠢᠶᠡᠷ ᠦᠢᠯᠡᠴᠢᠯᠡᠬᠦ ᠳᠦ ᠨᠡᠭᠦᠷᠡᠰᠦᠶᠢᠰᠤᠲᠥᠶᠢᠷᠦᠭᠴᠢᠳ ᠢ ᠢᠯᠭᠠᠷᠠᠭᠤᠯᠤᠨ ᠭᠢᠳ᠋ᠷᠣᠺᠰᠢ ᠳᠤ ᠡᠭᠦᠰᠬᠡᠳᠡᠭ᠃ K4C + 4H2O = 4KOH + CH4 7. ᠬᠦᠴᠢᠯᠲᠥᠷᠦᠭᠴᠢ ᠲᠡᠢ ᠬᠦᠴᠢᠯ ᠦᠨ ᠳᠠᠪᠤᠰᠤ ᠨᠤᠭᠤᠳ ᠨᠢ ᠤᠰᠤᠨ ᠳᠤ ᠬᠠᠷᠢᠯᠴᠠᠨ ᠠᠳᠠᠯᠢ ᠦᠭᠡᠢ ᠠᠭᠤᠰᠳᠠᠭ᠃ ᠭᠡᠬᠦ ᠳᠦ ᠪᠡᠨ SO42-, PO43-, NO3-, NO2- ᠭᠡᠰᠡᠨ ᠬᠦᠴᠢᠯ ᠦᠨ ᠦᠯᠡᠳᠡᠭᠳᠡᠯ ᠲᠡᠢ ᠡᠭᠦᠰᠬᠡᠭᠰᠡᠨ ᠳᠠᠪᠤᠰᠤ ᠨᠢ ᠰᠠᠶᠢᠨ ᠠᠭᠤᠰᠳᠠᠭ᠃

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠯᠢ ᠪᠣᠯᠤᠨ ᠲᠡᠭᠦᠨ ᠦ ᠨᠢᠭᠡᠳᠦᠯ ᠢ ᠲᠧᠭᠨᠢᠭ ᠲᠦ ᠥᠷᠭᠡᠨ ᠬᠡᠷᠡᠭᠯᠡᠳᠡᠭ᠃ ᠺᠠᠯᠢ ᠶᠢᠨ ᠨᠠᠲᠷᠢ ᠲᠠᠢ ᠬᠠᠶᠢᠯᠤᠰᠢ ᠶᠢ ᠠᠲ᠋ᠣᠮ ᠤᠨ ᠡᠷᠴᠢᠮ ᠬᠦᠴᠦᠩᠳᠡ ᠰᠢᠩᠭᠡᠨ ᠲᠥᠯᠥᠪ ᠦᠨ ᠳᠤᠯᠠᠭᠠᠨ ᠵᠥᠭᠡᠭᠡᠭᠴᠢ ᠪᠣᠯᠭᠠᠳᠠᠭ᠃ ᠺᠠᠯᠢ ᠨᠢ ᠬᠦᠮᠦᠨ ᠦ ᠵᠢᠷᠦᠬᠡᠨ ᠦ ᠬᠡᠪ ᠦᠨ ᠦᠢᠯᠡ ᠠᠵᠢᠯᠯᠠᠭᠠᠨ ᠳᠤ ᠲᠣᠳᠣᠷᠬᠠᠢ ᠬᠡᠮᠵᠢᠶᠡᠨ ᠦ ᠡᠭᠦᠷᠭᠡ ᠲᠡᠢ᠃ ᠲᠣᠮᠣ ᠬᠦᠨᠳᠦ ᠬᠣᠨᠣᠭ ᠲᠤ 2 – 3 ᠭᠷᠠᠮ ᠺᠠᠯᠢ ᠱᠠᠭᠠᠷᠳᠠᠯᠭ᠎ᠠ ᠲᠠᠢ ᠪᠠᠶᠢᠳᠠᠭ ᠪᠥᠭᠡᠳ ᠲᠡᠭᠦᠨ ᠢ ᠠᠮᠢᠲᠠᠨ ᠤᠷᠭᠤᠮᠠᠯ ᠤᠨ ᠭᠠᠷᠤᠯᠲᠠᠢ ᠬᠣᠭᠣᠯᠠ ᠬᠦᠨᠡᠰᠦ ᠪᠡᠷ ᠳᠠᠮᠵᠢᠭᠤᠯᠠᠨ ᠠᠪᠳᠠᠭ᠃ ᠮᠥᠨ ᠺᠠᠯᠢ ᠨᠢ ᠤᠷᠭᠤᠮᠠᠯ ᠳᠤ ᠴᠢᠬᠤᠯᠠ ᠬᠡᠷᠡᠭᠴᠡᠭᠡ ᠲᠡᠢ ᠡᠯᠧᠮᠧᠨᠲ᠂ ᠮᠠᠭᠠᠯᠢᠩᠭᠤ᠂ ᠣᠯᠣᠰᠣ᠂ ᠲᠠᠮᠠᠬᠢᠨ ᠤ ᠤᠷᠭᠤᠮᠠᠯ ᠳᠤ ᠶᠡᠬᠡ ᠪᠡᠷ ᠪᠠᠶᠢᠳᠠᠭ᠃ ᠺᠠᠯᠢ ᠶᠢᠨ ᠾᠯᠣᠷᠢ ᠳᠤ᠂ ᠰᠦᠯᠢᠹᠠ ᠳᠤ ᠪᠠ ᠨᠢᠲᠷᠠᠲ ᠤᠳ ᠢ ᠪᠣᠷᠳᠣᠭᠠᠨ ᠳᠤ ᠬᠡᠷᠡᠭᠯᠡᠳᠡᠭ᠃ ᠢᠳᠡᠮᠡᠬᠡᠢ ᠺᠠᠯᠢ ᠶᠢ ᠰᠢᠩᠭᠡᠨ ᠰᠠᠪᠤᠩ ᠦᠢᠯᠡᠳᠪᠦᠷᠢᠯᠡᠬᠦ ᠳᠦ ᠠᠰᠢᠭᠯᠠᠵᠤ ᠪᠠᠶᠢᠨ᠎ᠠ᠃

ᠨᠡᠮᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠧᠲ᠋ᠠᠯ ᠤᠳ ᠤᠨ ᠬᠢᠮᠢ ᠶᠢᠨ ᠢᠳᠡᠪᠬᠢ ᠬᠠᠷᠢᠯᠴᠠᠨ ᠠᠳᠠᠯᠢ ᠦᠭᠡᠢ ᠪᠠᠶᠢᠳᠠᠭ᠃ᠮᠧᠲ᠋ᠠᠯ ᠤᠨ ᠢᠳᠡᠪᠬᠢ ᠶᠢᠨ ᠡᠩᠨᠡᠭᠡ

K Ca Na Mg Al Zn Fe Ni Sn Pb H2 Cu Hg Ag Pt Au ᠡᠭᠦᠨ ᠡᠴᠡ ᠦᠵᠡᠬᠦ ᠳᠦ ᠺᠠᠯᠢ ᠨᠢ ᠬᠠᠮᠤᠭ ᠤᠨ ᠶᠡᠬᠡ ᠢᠳᠡᠪᠬᠢ ᠲᠡᠢ ᠡᠯᠧᠮᠧᠨᠲ ᠪᠣᠯᠤᠨ᠎ᠠ᠃

  • ᠺᠠᠯᠢ ᠬᠡᠷᠡᠭᠯᠡᠬᠦ ᠨᠢ ᠶᠠᠮᠠᠷ ᠠᠴᠢ ᠲᠤᠰᠠ ᠲᠠᠢ ᠪᠤᠢ?

ᠺᠠᠯᠢ ᠨᠢ ᠣᠯᠠᠨ ᠡᠭᠦᠷᠭᠡ ᠲᠡᠢ ᠪᠥᠭᠡᠳ ᠭᠣᠣᠯ ᠡᠭᠦᠷᠭᠡ ᠨᠢ ᠴᠢᠰᠤᠨ ᠤ ᠳᠠᠷᠤᠯᠲᠠ ᠪᠠᠭᠤᠷᠠᠭᠤᠯᠳᠠᠭ᠂ ᠴᠢᠰᠤ ᠬᠠᠷᠪᠤᠯᠲᠠ ᠠᠴᠠ ᠰᠡᠷᠭᠡᠶᠢᠯᠡᠳᠡᠭ ᠭᠡᠵᠦ ᠰᠤᠳᠤᠯᠤᠭᠠᠴᠢᠳ ᠦᠵᠡᠳᠡᠭ᠃ ᠭᠡᠬᠦ ᠳᠦ ᠪᠡᠨ ᠬᠣᠨᠣᠭ ᠲᠤ 99 ᠮᠢᠯᠯᠢᠭᠷᠠᠮ ᠪᠠᠷ ᠬᠡᠷᠡᠭᠯᠡᠬᠦ ᠶᠢ ᠵᠥᠪᠯᠡᠳᠡᠭ᠃ ᠺᠠᠯᠢ ᠶᠢ ᠥᠨᠳᠥᠷ ᠲᠤᠩ ᠢᠶᠠᠷ ᠬᠡᠷᠡᠭᠯᠡᠬᠦ ᠳᠦ ᠬᠣᠳᠣᠭᠣᠳᠣ ᠴᠣᠴᠢᠷᠠᠭᠠᠳᠠᠭ ᠲᠤᠯᠠ ᠵᠢᠮᠢᠰ᠂ ᠨᠣᠭᠣᠭᠠᠨ ᠤ ᠰᠢᠭᠦᠰᠦ ᠲᠡᠢ ᠬᠡᠷᠡᠭᠯᠡᠬᠦ ᠬᠡᠷᠡᠭᠲᠡᠢ᠃

  • ᠺᠠᠯᠢ ᠳᠤᠲᠠᠭᠳᠠᠬᠤ ᠳᠤ:

ᠠᠷᠠᠰᠤ ᠬᠠᠭᠤᠷᠠᠶᠢᠰᠢᠵᠤ ᠭᠦᠢᠯᠭᠡᠬᠦ᠂ ᠪᠡᠶ᠎ᠡ ᠳᠠᠭᠵᠢᠷᠠᠬᠤ᠂ ᠰᠢᠷᠪᠦᠰᠦ ᠲᠠᠲᠠᠬᠤ᠂ ᠵᠢᠷᠦᠬᠡᠨ ᠦ ᠬᠡᠮ ᠠᠯᠳᠠᠭᠳᠠᠬᠤ᠂ ᠬᠠᠪᠤᠩᠨᠠᠬᠤ᠂ ᠨᠣᠢᠷᠭᠦᠦᠶᠢᠡᠬᠦ᠂ ᠲᠣᠰ ᠬᠤᠷᠠᠮᠲᠤᠯᠠᠭᠳᠠᠬᠤ᠂ ᠴᠢᠰᠤᠨ ᠤ ᠳᠠᠷᠤᠯᠲᠠ ᠶᠡᠬᠡᠰᠬᠦ ᠰᠢᠨᠵᠢ ᠨᠦᠭᠦᠳ ᠭᠠᠷᠤᠨ᠎ᠠ᠃ ᠬᠡᠷᠪᠡ ᠺᠠᠯᠢ ᠶᠢ ᠲᠤᠩu ᠨᠢ ᠬᠡᠲᠦᠷᠡᠭᠦᠯᠦᠨ ᠬᠡᠷᠡᠭᠯᠡᠪᠡᠯ ᠵᠢᠷᠦᠬᠡᠨ ᠦ ᠬᠡᠮ ᠠᠯᠳᠠᠭᠳᠠᠬᠤ᠂ ᠪᠤᠯᠴᠢᠩ ᠰᠤᠯᠠᠷᠠᠬᠤ᠂ ᠵᠢᠷᠦᠬᠡᠨ ᠦ ᠭᠡᠮᠲᠦᠯ ᠦᠨ ᠰᠢᠨᠵᠢ ᠨᠦᠭᠦᠳ ᠭᠠᠷᠤᠨ᠎ᠠ᠃ ᠮᠥᠨ ᠺᠠᠯᠢ ᠳᠤᠲᠠᠭᠳᠠᠬᠤ ᠳᠤ ᠵᠢᠷᠦᠬᠡ ᠰᠤᠳᠠᠰᠤ ᠡᠷᠬᠡᠲᠡᠨ ᠲᠣᠭᠲᠠᠯᠴᠠᠭᠠᠨ ᠤ ᠥᠭᠡᠷᠡᠴᠢᠯᠡᠯᠲᠡ ᠢᠯᠡᠷᠡᠳᠡᠭ᠃ᠪᠡᠶ᠎ᠡ ᠮᠠᠬᠠᠪᠣᠳᠢ ᠠᠴᠠ ᠰᠢᠩᠭᠡᠨ ᠢᠯᠭᠠᠷᠠᠯᠲᠠ ᠶᠢ ᠨᠡᠮᠡᠭᠳᠡᠭᠦᠯᠳᠡᠭ᠃

ᠺᠠᠯᠢᠢᠭᠠᠷ ᠪᠠᠶᠠᠯᠢᠭ ᠬᠦᠨᠡᠰᠦᠨ ᠦ ᠪᠦᠲᠦᠭᠡᠭᠳᠡᠬᠦᠨ ᠨᠦᠭᠦᠳ
ᠬᠦᠨᠡᠰᠦᠨ ᠦ ᠪᠦᠲᠦᠭᠡᠭᠳᠡᠬᠦᠨ ᠺ ᠦᠨ ᠬᠡᠮᠵᠢᠶ᠎ᠡ /ᠮᠭ/ ᠢᠯᠴᠢᠯᠢᠭ /ᠺᠺᠠᠯ/
ᠴᠢᠩᠭᠠᠭᠠᠨᠵᠠ 1380 160
ᠭᠠᠳᠢᠯ 400 96
ᠴᠢᠨᠠᠭᠰᠠᠨ ᠡᠷᠳᠡᠨᠢ ᠰᠢᠰᠢ 510 140
ᠬᠡᠪᠡᠭ 530 320
ᠤᠯᠠᠭᠠᠨ ᠪᠤᠭᠤᠳᠠᠢ ᠶᠢᠨ ᠬᠡᠪᠡᠭ 1160 200
ᠬᠠᠲᠠᠭᠠᠭᠰᠠᠨ ᠵᠢᠮᠢᠰᠦᠨ ᠦ ᠬᠣᠯᠢᠮᠠᠭ 880 230
ᠢᠨᠵᠢᠷ 900 100
ᠬᠣᠯᠢᠮᠠᠭ ᠰᠠᠮᠤᠷ 600 600
ᠨᠠᠷᠠᠨᠴᠡᠴᠡᠭᠡᠢ ᠶᠢᠨ ᠰᠠᠮᠤᠷ 650 500
ᠦᠵᠦᠮ 1020 270
ᠰᠢᠷᠠᠭᠰᠠᠨ ᠲᠥᠮᠥᠰᠥ 530 170
ᠪᠤᠷᠴᠠᠭ ᠤᠨ ᠭᠤᠯᠢᠷ 1650 450
ᠲᠥᠮᠦᠰᠦᠨ ᠦ ᠨᠤᠬᠤᠰᠢ 1150 70
ᠲᠤᠭᠤᠯ ᠤᠨ ᠮᠢᠬ᠎ᠠ 420 230
ᠠᠮᠤ ᠲᠠᠷᠢᠶᠠᠨ ᠭᠤᠸᠠᠮᠢᠶᠠᠨ 400 320
  • ᠡᠷᠦᠳᠡᠰᠦ ᠪᠣᠳᠠᠰ ᠤᠨ ᠰᠣᠯᠢᠯᠴᠠᠭᠠᠨ ᠤ ᠬᠢᠮᠤᠷᠠᠯ:

ᠬᠦᠮᠦᠨ ᠦ ᠪᠡᠶ᠎ᠡ ᠶᠢᠨ ᠬᠥᠭᠵᠢᠯ ᠪᠣᠯᠤᠨ ᠠᠮᠢᠳᠤᠷᠠᠯ ᠤᠨ ᠦᠢᠯᠡ ᠠᠵᠢᠯᠯᠠᠭᠠᠨ ᠳᠤ ᠵᠠᠶᠢᠯᠠᠰᠢ ᠦᠭᠡᠢ ᠬᠡᠷᠡᠭᠴᠡᠭᠡᠲᠡᠢ ᠪᠣᠳᠠᠰ ᠲᠤ ᠡᠷᠦᠳᠡᠰᠦ ᠣᠷᠣᠨ᠎ᠠ᠃ ᠲᠡᠳᠡᠭᠡᠷ ᠨᠢ ᠡᠷᠬᠡᠲᠡᠨ ᠡᠳ᠋ ᠍ ᠦᠨ ᠪᠦᠲᠦᠴᠡ ᠶᠢᠨ ᠴᠢᠬᠤᠯᠠ ᠪᠦᠷᠢᠳᠦᠯ ᠪᠣᠳᠠᠰ ᠪᠣᠯᠬᠤ ᠪᠥᠭᠡᠳ ᠵᠥᠪᠬᠡᠨ ᠪᠡᠶ᠎ᠡ ᠶᠢᠨ ᠰᠢᠩᠭᠡᠨ ᠭᠡᠬᠦ ᠳᠦ ᠯᠠ ᠣᠯᠠᠨ ᠲᠣᠭᠠᠨ ᠤ ᠡᠷᠦᠳᠡᠰᠦ ᠪᠣᠳᠠᠰ ᠠᠭᠤᠯᠠᠳᠠᠭ᠃ ᠡᠶᠢᠮᠦ ᠡᠴᠡ ᠪᠡᠶ᠎ᠡ ᠮᠠᠬᠠᠪᠣᠳᠢ ᠳᠤ ᠪᠤᠰᠤᠳ ᠪᠣᠳᠠᠰ ᠤᠳ ᠤᠨ ᠨᠢᠭᠡᠨ ᠠᠳᠠᠯᠢ ᠡᠷᠦᠳᠡᠰᠦ ᠪᠣᠳᠠᠰ ᠤᠨ ᠰᠣᠯᠢᠯᠴᠠᠭ᠎ᠠ ᠶᠠᠪᠤᠭᠳᠠᠵᠤ ᠡᠷᠬᠡᠲᠡᠨ ᠡᠳ᠋ ᠍ ᠦᠨ ᠪᠦᠲᠦᠴᠡ ᠶᠢ ᠨᠥᠬᠥᠨ ᠰᠡᠯᠪᠢᠵᠦ ᠰᠢᠨᠡᠳᠭᠡᠬᠦ ᠵᠦᠢ ᠲᠣᠭᠲᠠᠯ ᠲᠠᠢ᠃ ᠡᠷᠦᠳᠡᠰᠦ ᠪᠣᠳᠠᠰ ᠨᠢ ᠤᠰᠤ ᠶᠢᠨ ᠰᠣᠯᠢᠯᠴᠠᠭᠠᠨ ᠤ ᠬᠡᠪ ᠦᠨ ᠶᠠᠪᠤᠴᠠ᠂ ᠬᠦᠴᠦᠯᠡ ᠱᠦᠯᠲᠦ ᠶᠢᠨ ᠲᠡᠩᠴᠡᠪᠦᠷᠢᠲᠦ ᠪᠠᠶᠢᠳᠠᠯ ᠢ ᠨᠥᠬᠦᠴᠡᠯᠳᠦᠭᠦᠯᠦᠨ᠎ᠡ᠃ ᠲᠣᠳᠣᠷᠬᠠᠢ ᠡᠷᠦᠳᠡᠰᠦ ᠠᠭᠤᠯᠠᠭᠰᠠᠨ ᠤᠷᠴᠢᠨ ᠳᠤ ᠨᠡᠩ ᠴᠢᠬᠤᠯᠠ ᠢᠰᠭᠡᠬᠦᠷ ᠪᠣᠯᠤᠨ ᠳᠠᠭᠠᠪᠤᠷ ᠤᠡ ᠦᠢᠯᠡᠴᠢᠯᠡᠭᠡ ᠶᠠᠪᠤᠭᠳᠠᠨ᠎ᠠ᠃ ᠮᠡᠳᠡᠷᠡᠯ᠂ ᠪᠤᠯᠴᠢᠩ ᠪᠣᠯᠤᠨ ᠪᠤᠰᠤᠳ ᠡᠷᠬᠡᠲᠡᠨ ᠲᠣᠭᠲᠠᠯᠴᠠᠭᠠᠨ ᠤ ᠦᠢᠯᠡ ᠠᠵᠢᠯᠯᠠᠭᠠᠨ ᠤ ᠢᠳᠡᠪᠬᠢ ᠲᠡᠢ ᠪᠠᠶᠢᠳᠠᠯ ᠢ ᠬᠠᠩᠭᠠᠬᠤ ᠵᠡᠷᠭᠡ ᠣᠯᠠᠨ ᠲᠠᠯ᠎ᠠ ᠶᠢᠨ ᠡᠭᠦᠷᠭᠡ ᠶᠢ ᠡᠷᠦᠳᠡᠰᠦ ᠨᠦᠭᠦᠳ ᠭᠦᠢᠴᠡᠳᠭᠡᠨ᠎ᠡ᠃

  • ᠺᠠᠯᠢ ᠶᠢᠨ ᠰᠣᠯᠢᠯᠴᠠᠭᠠᠨ ᠤ ᠬᠢᠮᠤᠷᠠᠯ

ᠡᠰ ᠦᠨ ᠰᠢᠩᠭᠡᠨ ᠳᠦ 150 ᠮᠡᠺᠸ/ᠯᠠ ᠺᠠᠯᠢ ᠠᠭᠤᠯᠤᠭᠳᠠᠵᠤ᠂ ᠠᠨᠢᠣᠨ ᠤ ᠵᠣᠬᠢᠴᠠᠭᠤᠯᠬᠤ ᠬᠤᠪᠢ ᠶᠢ ᠡᠵᠡᠯᠡᠨ᠎ᠡ᠃ ᠬᠠᠷᠢᠨ ᠴᠢᠰᠤᠨ ᠤ ᠫᠯᠠᠽᠮ ᠳᠤ 3,5 – 4,9 ᠮᠡᠺᠸ/ᠯᠠ ᠺᠠᠯᠢ ᠠᠭᠤᠯᠤᠭᠳᠠᠵᠤ ᠨᠡᠶᠢᠲᠡ ᠺᠠᠯᠢ ᠶᠢᠨ 2% ᠨᠢ ᠡᠰ ᠦᠨ ᠭᠠᠳᠠᠨᠠᠬᠢ ᠰᠢᠩᠭᠡᠨ ᠳᠦ᠂ ᠦᠯᠡᠳᠡᠭᠰᠡᠨ 98% ᠨᠢ ᠡᠰ ᠦᠨ ᠳᠣᠲᠣᠷ᠎ᠠ ᠪᠠᠶᠢᠵᠤ᠂ ᠪᠤᠯᠴᠢᠩ ᠤᠨ ᠲᠣᠨᠤᠶᠢᠰ᠂ ᠮᠡᠳᠡᠷᠡᠯ ᠦᠨ ᠰᠡᠷᠢᠬᠦ ᠴᠢᠨᠠᠷ ᠰᠡᠷᠡᠯ ᠳᠠᠮᠵᠢᠬᠤ ᠦᠢᠯᠡ ᠶᠠᠪᠤᠴᠠ ᠶᠢ ᠨᠥᠬᠦᠴᠡᠯᠳᠦᠭᠦᠯᠬᠦ ᠴᠢᠬᠤᠯᠠ ᠡᠭᠦᠷᠭᠡ ᠭᠦᠢᠴᠡᠳᠭᠡᠨ᠎ᠡ᠃ ᠴᠢᠰᠤᠨ ᠤ ᠫᠯᠠᠽᠮ ᠳᠤ ᠺᠠᠯᠢ ᠶᠢᠨ ᠠᠭᠤᠯᠤᠮᠵᠢ 3,5 ᠮᠡᠺᠸ/ᠯᠠ –᠎ᠡ ᠡᠴᠡ ᠪᠠᠭᠠᠰᠴᠤ᠂ ᠲᠡᠭᠦᠨ ᠢ ᠳᠠᠭᠠᠯᠳᠤᠨ ᠪᠡᠶ᠎ᠡ ᠳᠦ ᠡᠮᠭᠡᠭ ᠦᠢᠯᠡ ᠶᠠᠪᠤᠴᠠ ᠢᠯᠡᠷᠡᠬᠡᠢ ᠺᠠᠯᠢ ᠶᠢᠨ ᠳᠤᠲᠠᠯ᠎ᠠ ᠪᠤᠶᠤ ᠭᠢᠫᠣᠺᠠᠯᠧᠮᠢ ᠭᠡᠨ᠎ᠡ᠃ ᠴᠢᠰᠤᠨ ᠤ ᠫᠯᠠᠽᠮ ᠳᠠᠬᠢ ᠺᠠᠯᠢ ᠶᠢᠨ ᠠᠭᠤᠯᠤᠮᠵᠢ 5 ᠮᠡᠺᠸ/ᠯᠠ –᠎ᠡ ᠡᠴᠡ ᠨᠡᠮᠡᠭᠳᠡᠭᠰᠡᠨ ᠲᠣᠬᠢᠶᠠᠯᠳᠤᠯ ᠳᠤ ᠺᠠᠯᠢ ᠶᠢᠨ ᠶᠡᠬᠡᠳᠡᠯᠲᠡ ᠪᠤᠶᠤ ᠭᠢᠫᠧᠷᠺᠠᠯᠧᠮᠢ ᠭᠡᠵᠦ ᠨᠡᠷᠡᠯᠡᠳᠡᠭ᠃

  • ᠴᠢ ᠪᠠᠨᠨᠢᠳ ᠺᠠᠯᠢ /KCN/
 ᠬᠢᠮᠢ ᠶᠢᠨ ᠨᠡᠷᠡᠰᠢᠯ: ᠴᠢ ᠪᠠᠨᠨᠢᠳ ᠺᠠᠯᠢ /KCN/
 ᠹᠢᠽᠢᠺ ᠰᠢᠨᠵᠢ ᠴᠢᠨᠠᠷ:
 ᠭᠠᠳᠠᠭᠠᠳᠤ ᠪᠠᠶᠢᠳᠠᠯ: ᠪᠤᠶᠢᠯᠠᠰᠤ ᠮᠠᠶ᠋ᠢᠭ ᠤᠨ ᠦᠨᠦᠷ ᠲᠡᠢ᠂ ᠴᠠᠭᠠᠨ  ᠦᠷᠢᠯ ᠡᠰᠡᠪᠡᠯ ᠪᠦᠳᠡᠭᠢ ᠬᠠᠲᠠᠭᠤ ᠲᠠᠯᠠᠰᠲᠤ
 ᠪᠤᠴᠠᠯᠬᠤ ᠲᠣᠯᠠᠭᠠᠨ ᠤ ᠬᠡᠮᠵᠢᠶ᠎ᠡ:1625 oC
 ᠬᠥᠯᠳᠡᠬᠦ ᠲᠣᠯᠠᠭᠠᠨ ᠤ ᠬᠡᠮᠵᠢᠶ᠎ᠡ/ ᠬᠠᠶᠢᠯᠠᠬᠤ ᠲᠣᠯᠠᠭᠠᠨ ᠤ ᠬᠡᠮᠵᠢᠶ᠎ᠡ: 634 oC
 ᠨᠢᠭᠲᠠᠴᠠ (Sp. GR): 1.55
 ᠮᠣᠯᠧᠺᠤᠯ ᠵᠢᠩ: 65.1 
 ᠵᠥᠪᠰᠢᠶᠡᠷᠡᠭᠳᠡᠬᠦ ᠳᠡᠭᠡᠳᠦ ᠬᠡᠮᠵᠢᠶ᠎ᠡ: ᠠᠵᠢᠯ ᠤᠨᠨ 8 ᠴᠠᠭ ᠤᠨ ᠡᠰᠡᠪᠡᠯ ᠳᠣᠯᠣᠭ᠎ᠠ ᠬᠣᠨᠣᠭ ᠤᠨ ᠳᠤᠮᠳᠠᠴᠢ  – C 5 ᠮᠭ/ᠮ 3 (4.7 ppm) [10 ᠍ ᠮᠢᠩ] [ᠲᠠᠶᠢᠯᠪᠤᠷᠢ: ᠴᠢᠶᠠᠨᠲ ᠤᠰᠤᠲᠥᠶᠢᠷᠦᠭᠴᠢ ᠡᠴᠡ ᠪᠤᠰᠤᠳ ᠲᠤ ᠬᠠᠮᠢᠶᠠᠷᠤᠨ᠎ᠠ]
 ᠠᠮᠢ ᠨᠠᠰᠤ᠂ ᠡᠷᠡᠭᠦᠯ ᠮᠡᠨᠳᠦ ᠳᠦ ᠬᠣᠣᠷ ᠦᠵᠡᠭᠦᠯᠬᠦ ᠲᠤᠩ: 25 ᠮᠭ/ᠮ 3 (CN)
 ᠠᠭᠤᠷ ᠤᠨ ᠳᠠᠷᠤᠯᠲᠠ VP: 0 ᠮᠮ Hg (ᠣᠶᠢᠷᠠᠯᠴᠠᠭ᠎ᠠ ᠪᠠᠷ)
 ᠠᠭᠤᠰᠬᠤ ᠴᠢᠨᠠᠷ (25 oC) (Sol): 72%
 ᠰᠢᠲᠠᠳᠠᠭ ᠦᠭᠡᠢ ᠬᠠᠲᠠᠭᠤ ᠪᠣᠳᠠᠰ᠂ ᠬᠦᠴᠢᠯ ᠲᠡᠢ ᠬᠦᠷᠦᠯᠴᠡᠭᠰᠡᠨ ᠢᠶᠡᠷ ᠰᠢᠲᠠᠮᠠᠬᠠᠢ ᠴᠢᠶᠠᠨᠲ ᠤᠰᠤᠲᠥᠶᠢᠷᠦᠭᠴᠢ ᠢᠯᠭᠠᠷᠠᠭᠤᠯᠳᠠᠭ
           

ᠠᠶᠤᠯ ᠦᠭᠡᠢ ᠠᠵᠢᠯᠯᠠᠭᠠᠨ ᠤ ᠵᠢᠭᠠᠪᠤᠷᠢᠴᠢᠯᠠᠬᠤ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠠᠮᠲᠤ ᠬᠠᠳᠠᠭᠠᠯᠠᠵᠤ ᠪᠣᠯᠬᠤ ᠦᠭᠡᠢ ᠪᠣᠳᠠᠰ ᠤᠳ ᠪᠠ ᠤᠷᠪᠠᠯ ᠤᠨ ᠢᠳᠡᠪᠬᠢ

ᠬᠦᠴᠦᠲᠡᠢ ᠢᠰᠦᠯᠳᠦᠭᠦᠯᠦᠭᠴᠢ ᠳᠦ (ᠬᠦᠴᠢᠯ ᠦᠳ᠂ ᠬᠦᠴᠢᠯ ᠦᠨ ᠳᠠᠪᠤᠰᠤ ᠨᠤᠭᠤᠳ᠂ ᠾᠯᠣᠷᠠᠲ ᠤᠳ ᠪᠣᠯᠤᠨ ᠨᠢᠲᠷᠠᠲ ᠤᠳ), ᠲᠠᠶᠢᠯᠪᠤᠷᠢ: ᠠᠭᠠᠷ ᠠᠴᠠ ᠴᠢᠭᠢᠭ ᠢ ᠲᠠᠲᠠᠵᠤ ᠰᠢᠷᠣᠫ ᠡᠭᠦᠰᠬᠡᠳᠡᠭ

  • ᠬᠤᠪᠢ ᠤᠨ ᠬᠠᠮᠠᠭᠠᠯᠠᠯᠲᠠ ᠪᠠ ᠤᠷᠢᠳᠴᠢᠯᠠᠨ ᠰᠡᠷᠭᠡᠶᠢᠯᠡᠬᠦ ᠠᠷᠭ᠎ᠠ

ᠠᠷᠠᠰᠤ: ᠠᠷᠠᠰᠤᠨ ᠳᠤ ᠬᠦᠷᠭᠡᠬᠦ ᠡᠴᠡ ᠵᠠᠶᠢᠯᠠᠰᠬᠢᠬᠤ ᠨᠢᠳᠦ: ᠨᠢᠳᠦᠨ ᠳᠦ ᠬᠦᠷᠭᠡᠬᠦ ᠡᠴᠡ ᠰᠡᠷᠭᠡᠶᠢᠯᠡᠬᠦ ᠠᠷᠠᠰᠤ ᠤᠬᠢᠶᠠᠬᠤ: ᠪᠣᠬᠢᠷᠳᠠᠭᠰᠠᠨ ᠦᠶ᠎ᠡ ᠳᠦ ᠵᠠᠶᠢᠯᠠᠭᠤᠯᠬᠤ: ᠨᠣᠶᠢᠲᠠᠨ ᠪᠣᠯᠤᠨ ᠬᠣᠣᠷᠳᠠᠭᠰᠠᠨ ᠦᠶ᠎ᠡ ᠳᠦ ᠥᠭᠡᠷᠡᠴᠢᠯᠡ: ᠡᠳᠦᠷ ᠪᠦᠷᠢ ᠠᠪᠬᠤ ᠠᠷᠭ᠎ᠠ ᠬᠡᠮᠵᠢᠶ᠎ᠡ: ᠨᠢᠳᠦ ᠤᠬᠢᠶᠠᠬᠤ᠂ ᠲᠦᠷᠭᠡᠨ ᠤᠰᠤᠨ ᠳᠤ ᠪᠤᠯᠬᠠᠬᠤ

  • ᠠᠩᠬᠠᠨ ᠤ ᠲᠤᠰᠠᠯᠠᠮᠵᠢ

ᠨᠢᠳᠦ: ᠴᠠᠭ ᠠᠯᠠᠳᠠᠯ ᠦᠭᠡᠢ ᠤᠬᠢᠶᠠᠬᠤ ᠠᠷᠠᠰᠤ: ᠰᠠᠪᠤᠩ ᠲᠠᠢ ᠤᠰᠤ ᠪᠠᠷ ᠲᠦᠷᠭᠡᠨ ᠤᠬᠢᠶᠠᠬᠤ ᠠᠮᠢᠰᠬᠤᠯᠠᠬᠤ: ᠠᠮᠢᠰᠬᠤᠯᠠᠬᠤ ᠳᠤ ᠳᠡᠮᠵᠢᠯᠭᠡ ᠦᠵᠡᠭᠦᠯᠬᠦ ᠪᠠᠯᠭᠤᠬᠤ: ᠡᠮᠨᠡᠯᠭᠡ ᠶᠢᠨ ᠲᠤᠰᠠᠯᠠᠮᠵᠢ ᠲᠦᠷᠭᠡᠨ ᠦᠵᠡᠭᠦᠯᠬᠦ

  • ᠠᠮᠢᠰᠬᠤᠯ ᠤᠨ ᠵᠠᠮ ᠢ ᠬᠠᠮᠠᠭᠠᠯᠠᠬᠤ ᠠᠷᠭ᠎ᠠ ᠬᠡᠮᠵᠢᠶ᠎ᠡ

NIOSH/OSHA 25 ᠮᠭ/ᠮ 3: SA/SCBAF : SCBAF:PD,PP/SAF:PD,PP:

ᠬᠣᠣᠷᠳᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠬᠣᠷᠣᠳᠠᠬᠤ ᠵᠠᠮ ᠤᠳ

ᠠᠮᠢᠰᠬᠤᠯᠠᠬᠤ᠂ ᠠᠷᠠᠰᠤ ᠪᠠᠷ ᠬᠣᠷᠣᠳᠠᠬᠤ᠂ ᠵᠠᠯᠭᠢᠬᠤ᠂ ᠠᠷᠠᠰᠤ ᠪᠠ ᠨᠢᠳᠦᠨ ᠳᠦ ᠬᠦᠷᠬᠦ

  • ᠬᠣᠣᠷᠳᠠᠯᠭ᠎ᠠ ᠶᠢᠨ ᠰᠢᠨᠵᠢ ᠲᠡᠮᠳᠡᠭ

ᠨᠢᠳᠦ᠂ ᠠᠷᠠᠰᠤ᠂ ᠠᠮᠢᠰᠬᠤᠯ ᠤᠨ ᠰᠢᠰᠲ᠋ᠧᠮ ᠦᠨ ᠳᠡᠭᠡᠳᠦ ᠬᠡᠰᠡᠭ ᠢ ᠴᠣᠴᠢᠷᠠᠭᠠᠨ᠎ᠠ᠂ ᠬᠦᠴᠢᠯᠲᠥᠷᠦᠭᠴᠢ ᠶᠢᠨ ᠳᠤᠲᠠᠭᠳᠠᠯ᠂ ᠪᠡᠶ᠎ᠡ ᠰᠤᠯᠠᠷᠠᠬᠤ᠂ ᠲᠣᠯᠣᠭᠠᠢ ᠡᠪᠡᠳᠬᠦ᠂ ᠬᠣᠣᠳᠤᠷᠤᠭᠤᠯᠬᠤ᠂ ᠳᠣᠲᠣᠷ᠎ᠠ ᠮᠠᠭᠤᠬᠠᠶᠢᠷᠠᠬᠤ᠂ ᠪᠥᠭᠡᠯᠵᠢᠬᠦ᠂ ᠠᠮᠢᠰᠬᠤᠯ ᠬᠤᠷᠳᠤᠰᠬᠤ ᠪᠣᠯᠤᠨ ᠳᠠᠪᠴᠢᠳᠠᠬᠤ᠂ ᠪᠠᠮᠪᠠᠢ ᠪᠤᠯᠴᠢᠷᠬᠠᠢ ᠶᠢᠨ ᠪᠣᠯᠤᠨ ᠴᠢᠰᠤᠨ ᠤ ᠥᠭᠡᠷᠡᠴᠢᠯᠡᠯᠲᠡ ᠨᠦᠭᠦᠳ ᠵᠡᠷᠭᠡ ᠰᠢᠨᠵᠢ ᠲᠡᠮᠳᠡᠭ ᠢᠯᠡᠷᠡᠨ᠎ᠡ᠃

ᠳ᠋ᠦᠩᠨᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠯᠢ ᠳᠡᠰ ᠳ᠋ᠤᠭᠠᠷ ᠨᠢ 19 ᠬᠠᠷᠢᠴᠠᠩᠭᠤᠢ ᠠᠲ᠋ᠣᠮ ᠮᠠᠰ ᠨᠢ 39 ᠶᠤᠮ᠃ ᠡᠨᠡ ᠡᠯᠧᠮᠧᠨᠲ ᠨᠢ ᠱᠦᠯᠲᠦ ᠶᠢᠨ ᠪᠦᠯᠦᠭ ᠦᠨ ᠡᠯᠧᠮᠧᠨᠲ ᠪᠥᠭᠡᠳ ᠮᠧᠲ᠋ᠠᠯ ᠪᠣᠯᠤᠨ᠎ᠠ᠃ ᠢᠳᠡᠪᠬᠢ ᠶᠢᠨ ᠡᠩᠨᠡᠭᠡᠨ ᠡᠴᠡ ᠦᠵᠡᠪᠡᠯ ᠬᠠᠮᠤᠭ ᠤᠨ ᠶᠡᠬᠡ ᠢᠳᠡᠪᠬᠢ ᠲᠡᠢ ᠡᠯᠧᠮᠧᠨᠲ ᠪᠣᠯᠤᠨ᠎ᠠ᠃ ᠺᠠᠯᠢ ᠶᠢᠨ ᠨᠢ ᠢᠳᠡᠪᠬᠢ ᠰᠠᠶᠢᠲᠠᠢ ᠡᠯᠧᠮᠧᠨᠲ ᠤᠴᠢᠷ ᠶᠠᠮᠠᠷᠪᠠ ᠨᠢᠭᠡᠨ ᠪᠣᠳᠠᠰ᠂ ᠡᠯᠧᠮᠧᠨᠲ ᠵᠡᠷᠭᠡ ᠤᠷᠪᠠᠯ ᠤᠳ ᠲᠠᠢ ᠠᠮᠠᠷᠬᠠᠨ ᠨᠢᠭᠡᠳᠴᠦ ᠪᠠᠶᠢᠭᠠᠯᠢ ᠳᠡᠭᠡᠷ᠎ᠡ ᠨᠢᠭᠡᠳᠦᠯ ᠬᠡᠯᠪᠡᠷᠢ ᠲᠡᠢ ᠪᠠᠶᠢᠳᠠᠭ᠃ ᠺᠠᠯᠢ ᠨᠢ ᠬᠦᠮᠦᠨ ᠦ ᠪᠡᠶ᠎ᠡ ᠳᠦ ᠵᠠᠪᠠᠯᠴᠢ ᠭᠦᠢ ᠪᠠᠶᠢᠬᠤ ᠶᠣᠰᠣᠲᠠᠢ ᠬᠠᠮᠤᠭ ᠤᠨ ᠴᠢᠬᠤᠯᠠ ᠡᠯᠧᠮᠧᠨᠲ ᠦᠳ ᠦᠨ ᠨᠢᠭᠡ ᠶᠠᠭᠤᠮ᠎ᠠ᠃ ᠺᠠᠯᠢ ᠨᠢ ᠬᠦᠨᠡᠰᠦᠨ ᠦ ᠪᠦᠲᠦᠭᠡᠭᠳᠡᠬᠦᠨ ᠪᠣᠯᠤᠨ ᠤᠷᠭᠤᠮᠠᠯ ᠤᠨ ᠭᠠᠷᠤᠯᠲᠠᠢ ᠬᠣᠭᠣᠯᠠ ᠬᠦᠨᠡᠰᠦᠨ ᠳᠦ ᠮᠠᠰᠢ ᠶᠡᠬᠡ ᠪᠡᠷ ᠠᠭᠤᠯᠤᠭᠳᠠᠵᠤ ᠪᠠᠶᠢᠳᠠᠭ᠃ ᠺᠠᠯᠢ ᠨᠢ ᠬᠦᠮᠦᠨ ᠦ ᠪᠡᠶ᠎ᠡ ᠳᠦ ᠳᠤᠲᠠᠭᠳᠠᠪᠠᠯ ᠠᠷᠠᠰᠤ ᠬᠠᠭᠤᠷᠠᠶᠢᠰᠢᠵᠤ ᠭᠦᠢᠯᠭᠡᠬᠦ᠂ ᠪᠡᠶ᠎ᠡ ᠳᠠᠭᠵᠢᠷᠠᠬᠤ᠂ ᠰᠢᠷᠪᠦᠰᠦ ᠲᠠᠲᠠᠬᠤ᠂ ᠵᠢᠷᠦᠬᠡᠨ ᠦ ᠬᠡᠮ ᠠᠯᠳᠠᠭᠳᠠᠬᠤ᠂ ᠬᠠᠪᠤᠩᠨᠠᠬᠤ᠂ ᠨᠣᠢᠷᠭᠦᠦᠶᠢᠡᠬᠦ᠂ ᠲᠣᠰ ᠬᠤᠷᠠᠮᠲᠤᠯᠠᠭᠳᠠᠬᠤ᠂ ᠴᠢᠰᠤᠨ ᠤ ᠳᠠᠷᠤᠯᠲᠠ ᠶᠡᠬᠡᠰᠬᠦ ᠰᠢᠨᠵᠢ ᠨᠦᠭᠦᠳ ᠭᠠᠷᠤᠨ᠎ᠠ᠃ ᠬᠡᠷᠪᠡ ᠺᠠᠯᠢ ᠶᠢ ᠲᠤᠩ ᠬᠡᠲᠦᠷᠡᠭᠦᠯᠦᠨ ᠬᠡᠷᠡᠭᠯᠡᠪᠡᠯ ᠵᠢᠷᠦᠬᠡᠨ ᠦ ᠬᠡᠮ ᠠᠯᠳᠠᠭᠳᠠᠬᠤ᠂ ᠪᠤᠯᠴᠢᠩ ᠰᠤᠯᠠᠷᠠᠬᠤ᠂ ᠵᠢᠷᠦᠬᠡᠨ ᠦ ᠭᠡᠮᠲᠦᠯ ᠦᠨ ᠰᠢᠨᠵᠢ ᠨᠦᠭᠦᠳ ᠭᠠᠷᠳᠠᠭ᠃ ᠡᠴᠦᠰ ᠲᠦ ᠨᠢ ᠳ᠋ᠦᠩᠨᠡᠵᠦ ᠬᠡᠯᠡᠬᠦ ᠳᠦ ᠺᠠᠯᠢ ᠪᠣᠯ ᠬᠦᠮᠦᠨ ᠦ ᠪᠡᠶ᠎ᠡ ᠳᠦ ᠵᠠᠪᠠᠯ ᠪᠠᠶᠢᠬᠤ ᠶᠣᠰᠣᠲᠠᠢ ᠦᠨᠳᠦᠰᠦᠨ ᠡᠯᠧᠮᠧᠨᠲ ᠦᠳ ᠦᠨ ᠨᠢᠭᠡ ᠪᠥᠭᠡᠳ ᠺᠠᠯᠢ ᠳᠤᠲᠠᠭᠳᠠᠪᠠᠯ ᠦᠬᠦᠯ ᠳᠦ ᠬᠦᠷᠬᠦ ᠠᠶᠤᠯ ᠲᠠᠢ ᠶᠤᠮ᠃

en:Potassium

http://wiki.uhaan.com/index.php?title=ᠺᠠᠯᠢ&oldid=443734》 ᠍  ᠡᠴᠡ ᠠᠪᠤᠭᠰᠠᠨ

ᠪᠢᠴᠢᠭᠡᠰᠦ