ᠺᠠᠪᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠹᠬᠠᠨᠨ ᠤᠯᠤᠰ ᠤᠨ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ
ᠺᠠᠪᠤᠯ ᠬᠣᠲᠠ
ᠤᠯᠤᠰ ᠣᠷᠣᠨ ᠠᠹᠬᠠᠨᠨᠢᠰᠲᠠᠨ ᠠᠹᠬᠠᠨᠨ (ᠯᠠᠯᠤ ᠶᠢᠨ ᠪᠦᠭᠦᠳᠡ ᠨᠠᠶᠢᠷᠠᠮᠳᠠᠬᠤ ᠠᠹᠬᠠᠨᠨᠢᠰᠲᠠᠨ ᠤᠯᠤᠰ)
ᠳᠡᠭᠡᠷᠡᠬᠢ ᠨᠤᠲᠤᠭ ᠺᠠᠪᠤᠯ ᠠᠶᠢᠮᠠᠭ
ᠵᠠᠰᠠᠭ ᠵᠠᠬᠢᠷᠭᠠᠨ ᠤ ᠨᠢᠭᠡᠴᠡ ᠸᠦᠯᠧᠰᠪᠠᠯᠢ (ᠬᠣᠰᠢᠭᠤ)
ᠨᠤᠲᠤᠭ ᠤᠨ ᠬᠤᠪᠢᠶᠠᠷᠢ 18 ᠳᠡᠭᠦᠷᠭᠡ ᠳᠦ ᠬᠤᠪᠢᠶᠠᠭᠳᠠᠨ᠎ᠠ
ᠭᠠᠵᠠᠷ ᠨᠤᠲᠤᠭ 275 ᠺᠦᠸᠠᠳ᠋ ᠺᠢᠯᠣᠮᠧᠲ᠋ᠷ
ᠬᠦᠮᠦᠨ ᠠᠮᠠ (2013) 3,476,000 ᠬᠦᠮᠦᠨ
ᠴᠠᠭ ᠤᠨ ᠪᠥᠰᠡ ГЧ+04:30
300px
ᠺᠠᠪᠤᠯ ᠬᠣᠲᠠ ᠶᠢᠨ ᠬᠡᠰᠡᠭ
ᠡᠨᠡ ᠬᠣᠲᠠ ᠪᠣᠯᠤᠭᠠᠳ ᠬᠣᠰᠢᠭᠤ ᠶᠢ ᠺᠠᠪᠤᠯ ᠠᠶᠢᠮᠠᠭ ᠺᠠᠪᠤᠯ ᠭᠣᠣᠯ ᠬᠣᠶᠠᠷ ᠠᠴᠠ ᠢᠯᠭᠠᠨ ᠲᠠᠨᠢᠭᠠᠷᠠᠢ᠃

ᠺᠠᠪᠤᠯ [ᠺᠠᠪᠤ́ᠯᠠ] (ᠻᠠᠪᠦ᠋᠋ᠯ) ᠪᠤᠶᠤ ᠲᠤᠬᠠᠢ ᠶᠢᠨ ᠨᠤᠲᠤᠭ ᠤᠨ ᠬᠢᠨ ᠤ ᠬᠡᠯᠡᠳᠡᠭ ᠢᠶᠡᠷ ᠺᠠ́ᠪᠡᠯ (کا‌‌‌بل) ᠬᠣᠲᠠ ᠪᠣᠯ ᠠᠹᠬᠠᠨᠨ ᠤᠯᠤᠰ (ᠠᠹᠬᠠᠨᠨᠢᠰᠲᠠᠨ) ᠍ ᠍ ᠤᠨ ᠨᠡᠶᠢᠰᠯᠡᠯ᠂ ᠮᠥᠨ ᠤᠯᠤᠰ ᠤᠨ ᠬᠠᠮᠤᠭ ᠤᠨ ᠲᠣᠮᠣ᠂ ᠴᠠᠭᠠᠰᠢᠯᠠᠪᠠᠯ ᠳᠡᠯᠡᠬᠡᠢ ᠳᠦ 64 ᠍ ᠍ ᠳᠦᠭᠡᠷ ᠲᠣᠮ ᠭᠡᠵᠦ ᠵᠦᠢᠷᠯᠡᠭᠳᠡᠭᠰᠡᠨ ᠬᠣᠲᠠ ᠶᠤᠮ᠃ ᠵᠠᠰᠠᠭ ᠵᠠᠬᠢᠷᠭᠠᠨ ᠤ ᠬᠤᠪᠢᠶᠠᠷᠢ ᠪᠠᠷ ᠤᠯᠤᠰ ᠳᠣᠲᠣᠷᠠᠬᠢ ᠺᠠᠪᠤᠯ ᠠᠶᠢᠮᠠᠭ ᠤᠨ ᠲᠥᠪ᠂ ᠲᠡᠭᠦᠨ ᠦ 15 ᠬᠣᠰᠢᠭᠤᠨ ᠤ ᠨᠢᠭᠡ ᠪᠣᠯᠳᠠᠭ ᠪᠥᠭᠡᠳ ᠥᠪᠡᠷ ᠢᠶᠡᠨ 18 ᠳᠡᠭᠦᠷᠭᠡ ᠳᠦ ᠬᠤᠪᠢᠶᠠᠭᠳᠠᠳᠠᠭ᠃ 275 ᠺᠦᠸᠠᠳ᠋ ᠺᠢᠯᠣᠮᠧᠲ᠋ᠷ ᠳᠡᠪᠢᠰᠬᠡᠷ ᠭᠠᠵᠠᠷ ᠲᠠᠢ᠃

ᠺᠠᠪᠤᠯ 3500 ᠵᠢᠯ ᠦᠨ ᠡᠮᠦᠨ᠎ᠡ ᠡᠴᠡ ᠬᠦᠮᠦᠨ ᠰᠠᠭᠤᠷᠢᠰᠢᠭᠰᠠᠨ ᠤᠷᠲᠤ ᠲᠡᠦᠬᠡ ᠲᠡᠢ᠃ ᠮᠣᠭᠣᠯ ᠤᠯᠤᠰ ᠢ ᠪᠠᠶᠢᠭᠤᠯᠬᠤ ᠶᠢᠨ ᠳᠠᠪᠠᠭᠠᠨ ᠳᠡᠭᠡᠷ᠎ᠡ 1504–1526 ᠣᠨ ᠳᠤ ᠪᠠᠪᠤᠷ ᠡᠨᠳᠡ ᠰᠠᠭᠤᠵᠤ ᠪᠠᠶᠢᠪᠠ᠃ 1747 ᠣᠨ ᠳᠤ ᠳᠤᠷᠠᠷᠠᠨ ᠤ ᠤᠯᠤᠰ ᠍ ᠍ ᠤᠨ ᠮᠡᠳᠡᠯ ᠳᠦ ᠣᠷᠣᠵᠤ᠂ 1776 ᠣᠨ ᠳᠤ ᠳᠤᠷᠠᠷᠠᠨ ᠤ ᠲᠢᠮᠤᠷ ᠰᠢᠬ᠎ᠠ ᠍ ᠍ ᠤᠨ ᠵᠠᠷᠯᠢᠭ ᠢᠶᠠᠷ ᠨᠡᠶᠢᠰᠯᠡᠯ ᠪᠣᠯᠤᠭᠰᠠᠨ ᠠᠴᠠ ᠬᠣᠶᠢᠰᠢ ᠲᠡᠷᠡ ᠬᠡᠪ ᠢᠶᠡᠷ ᠥᠨᠥᠳᠥᠷ ᠲᠡᠢ ᠵᠣᠯᠭᠠᠵᠠᠢ᠃[1] ᠳᠠᠶᠢᠨ ᠰᠠᠮᠠᠭᠤᠨ ᠤ ᠬᠥᠯ ᠳᠦ ᠨᠡᠷᠪᠡᠭᠳᠡᠵᠦ᠂ ᠠᠭᠠᠷ ᠠᠴᠠ ᠪᠥᠮᠪᠦᠭᠡᠳᠡᠭᠦᠯᠵᠦ ᠴᠤ ᠦᠵᠡᠭᠢᠭ᠍ᠰᠡᠨ᠃

ᠺᠠᠪᠤᠯ 2012 ᠣᠨ ᠳᠤ 3,289,000 ᠣᠷᠣᠰᠢᠨ ᠰᠠᠭᠤᠭᠴᠢ ᠲᠠᠢ ᠪᠠᠶᠢᠭᠰᠠᠨ᠃[2] ᠡᠭᠦᠨ ᠡᠴᠡ 27 ᠬᠤᠪᠢ ᠶᠢ ᠲᠠᠵᠢᠺᠢᠰᠲᠠᠨ᠂ 25 ᠬᠤᠪᠢ ᠶᠢ ᠬᠠᠵᠠᠭᠠᠷ᠂ ᠮᠥᠨ 25 ᠬᠤᠪᠢ ᠶᠢ ᠫᠠᠰᠤᠨ᠂ 2 ᠬᠤᠪᠢ ᠶᠢ ᠦᠽᠡᠪᠸᠺᠢᠰᠲᠠᠨ᠂ 1 ᠬᠤᠪᠢ ᠶᠢ ᠪᠠᠯᠤᠴᠢ ᠭᠡᠳ ᠢᠷᠡᠨ ᠪᠣᠯᠤᠨ ᠲᠦᠷᠦᠭ ᠤᠭᠰᠠᠭᠠᠨ ᠤ ᠠᠷᠠᠳ ᠲᠦᠮᠡᠨ ᠪᠦᠷᠢᠳᠦᠭᠦᠯᠵᠡᠢ᠃ ᠡᠨᠡ ᠣᠯᠠᠨ ᠬᠡᠯᠡᠲᠡᠨ ᠳᠠᠷᠢ ᠪᠤᠶᠤ ᠠᠹᠬᠠᠨᠨ ᠤ ᠫᠧᠷᠰ ᠬᠡᠯᠡ ᠪᠡᠷ ᠰᠠᠨᠠᠭ᠎ᠠ ᠪᠣᠳᠣᠯ ᠨᠡᠪᠲᠡᠷᠡᠯᠴᠡᠳᠡᠭ ᠭᠡᠨ᠎ᠡ᠃[3] ᠱᠠᠰᠢᠨ ᠰᠢᠲᠦᠯᠭᠡ ᠵᠥᠷᠢᠶ᠎ᠡ ᠦᠭᠡᠢ᠂ ᠯᠠᠯᠤ ᠶᠢᠨ ᠱᠠᠰᠢᠨ ᠤ ᠰᠤᠩᠨᠠ ᠶᠣᠰᠣ ᠶᠢ ᠳᠠᠭᠠᠳᠠᠭ᠃

ᠵᠢᠱᠢᠶ᠎ᠡ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠺᠠᠪᠤᠯ ᠤᠨ ᠵᠢᠷᠤᠭ»

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. 《Last Afghan empire》
  2. Afghanistan Statistical Yearbook 2012/13
  3. 《Kabul under Curfew after Anti-US, anti-Karzai Riots》
http://wiki.uhaan.com/index.php?title=ᠺᠠᠪᠤᠯ&oldid=405130》 ᠍  ᠡᠴᠡ ᠠᠪᠤᠭᠰᠠᠨ

ᠪᠢᠴᠢᠭᠡᠰᠦ