ᠺᠠᠩᠵᠢᠶᠠ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠩᠵᠢᠶᠠ
ᠶᠠᠷᠢᠭᠳᠠᠳᠠᠭ ᠭᠠᠵᠠᠷ: ᠳᠤᠮᠳᠠᠳᠤ ᠤᠯᠤᠰ 
ᠪᠥᠰᠡ: ᠬᠥᠬᠡᠨᠠᠭᠤᠷ
ᠨᠡᠶᠢᠲᠡ ᠶᠠᠷᠢᠭᠴᠢᠳ: 300ᠭᠠᠷᠤᠢ
ᠬᠡᠯᠡᠨ ᠦ ᠪᠦᠯᠦᠭ: ᠮᠣᠩᠭᠣᠯ
 ᠰᠢᠷᠠᠶᠢᠭᠣᠣᠯ
  ᠺᠠᠩᠵᠢᠶᠠ
ᠲᠣᠮᠢᠶᠠᠯᠠᠪᠤᠷᠢ
ISO 639-1: ᠪᠠᠶᠢᠬᠤ ᠦᠭᠡᠢ
ISO 639-2:
ISO 639-3: kxs
ᠲᠡᠮᠳᠡᠭᠯᠡᠯ: ᠡᠨᠡ ᠬᠠᠭᠤᠳᠠᠰᠤᠨ ᠳᠤ ᠶᠨᠢᠺᠣᠳ᠋ ᠍ ᠢᠶᠠᠷ ᠣᠯᠠᠨ ᠤᠯᠤᠰ ᠤᠨ ᠠᠪᠢᠶ᠎ᠠ ᠵᠦᠢ ᠶᠢᠨ ᠴᠠᠭᠠᠨ ᠲᠣᠯᠣᠭᠠᠢ ᠶᠢᠨ ᠦᠰᠦᠭ᠂ ᠲᠡᠮᠳᠡᠭ ᠦᠳ ᠪᠠᠶᠢᠵᠤ ᠮᠠᠭᠠᠳ ᠦᠭᠡᠢ᠃

ᠺᠠᠩᠵᠢᠶᠠ ᠬᠡᠯᠡ ᠪᠣᠯ ᠣᠷᠴᠢᠮ ᠰᠢᠨ᠎ᠡ ᠪᠡᠷ ᠢᠯᠡᠷᠡᠭᠦᠯᠦᠭᠰᠡᠨ ᠮᠣᠩᠭᠣᠯ ᠲᠥᠷᠥᠯ ᠤᠨ ᠬᠡᠯᠡ ᠮᠥᠨ᠂ ᠡᠨᠡ ᠬᠡᠯᠡ ᠶᠢ ᠬᠡᠷᠡᠭᠯᠡᠭᠴᠢ ᠳᠤᠮᠳᠠᠳᠤ ᠤᠯᠤᠰ ᠤᠨ ᠬᠥᠬᠡᠨᠠᠭᠤᠷ ᠮᠤᠵᠢ ᠶᠢᠨ ᠬᠠᠶᠢᠨᠠᠨ ᠲᠥᠪᠡᠳ ᠤᠨ ᠥᠪᠡᠷᠲᠡᠭᠡᠨ ᠵᠠᠰᠠᠬᠤ ᠵᠸᠦ( ᠲᠣᠭᠣᠷᠢᠭ) ᠶᠢᠨ ᠵᠢᠶᠠᠨ ᠵᠠ ᠰᠢᠶᠠᠨ ᠳᠤ ᠲᠠᠷᠬᠠᠵᠤ ᠪᠠᠶᠢᠭ᠎ᠠ 300 ᠭᠠᠷᠤᠢ ᠮᠦᠰᠯᠢᠮᠴᠤᠳ ᠶᠤᠮ ᠂ ᠺᠠᠩᠵᠢᠶᠠ ᠬᠡᠯᠡ ᠶᠢᠨ ᠠᠩᠭᠢᠯᠠᠯ ᠤᠨ ᠬᠤᠪᠢ ᠳᠤ ᠪᠣᠨᠠᠨᠳ᠋ᠦᠩᠰᠢᠶᠠᠩ ᠬᠡᠯᠡ ᠶᠢᠨ ᠵᠠᠪᠰᠠᠷ ᠤᠨ ᠬᠡᠯᠡ ᠪᠠᠶᠢᠬᠤ ᠰᠢ᠍ᠭ ᠪᠠᠶᠢᠨ᠎ᠠ᠃

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠩᠵᠢᠶᠠ ᠬᠡᠯᠡ ᠶᠢᠨ ᠬᠡᠷᠡᠭᠯᠡᠯᠲᠡ ᠶᠢᠨ ᠬᠦᠷᠢᠶ᠎ᠡ ᠬᠡᠪᠴᠢᠶ᠎ᠡ ᠣᠳᠣ ᠶᠠᠪᠤᠬᠤ ᠳᠣᠲᠣᠮ ᠪᠠᠭᠠᠰᠴᠤ᠂ ᠤᠰᠠᠳᠬᠤ ᠠᠶᠤᠯ ᠲᠠᠢ ᠬᠡᠯᠡ ᠪᠣᠯᠣᠭᠠᠳ ᠪᠠᠶᠢᠨ᠎ᠠ᠃ ᠺᠠᠩᠵᠢᠶᠠ ᠭᠤᠷᠪᠠᠨ ᠲᠤᠰᠬᠤᠨ( ᠱᠠᠷᠢᠮ᠂ ᠰᠢᠶᠠᠩ ᠳ᠋ᠣᠣ᠂ ᠽᠦᠩ ᠽᠢ ᠯᠠ ) 1364 ᠬᠦᠮᠦᠨ ᠠᠮᠠ ᠲᠠᠢ (1987ᠣᠨ)᠂ ᠺᠠᠩᠶᠠᠩ ᠪᠠᠯᠭᠠᠰᠤᠨ ᠤ ᠰᠢᠶᠠᠩ ᠳ᠋ᠣᠣ ( ᠬᠦᠮᠦᠨ ᠠᠮᠠ 903)᠂ 1993 ᠤᠨ ᠤ ᠨᠠᠶ᠋ᠮᠠᠨ ᠰᠠᠷ᠎ᠠ ᠳᠤ ᠰᠡᠴᠡᠨᠴᠣᠭᠲᠤ ᠺᠠᠩᠵᠢᠶᠠ ᠬᠡᠯᠡᠨ ᠳᠤ ᠪᠠᠶᠢᠴᠠᠭᠠᠯᠲᠠ ᠬᠢᠵᠦ᠂ 1995 ᠤᠨ ᠳᠤ ᠳᠠᠬᠢᠨ ᠪᠠᠶᠢᠴᠠᠭᠠᠯᠲᠠ ᠬᠢᠵᠡᠢ᠂ ᠲᠡᠷᠡ ᠦᠶ᠎ᠡ ᠳᠤ ᠺᠠᠩᠵᠢᠶᠠ ᠬᠡᠯᠡ ᠪᠡᠷ ᠢᠶᠡᠨ ᠶᠠᠷᠢᠵᠤ ᠴᠢᠳᠠᠳᠠᠭ ᠬᠦᠮᠦᠨ 377 ᠪᠠᠶᠢᠵᠤ᠂ ᠪᠠᠭ᠎ᠠ ᠮᠡᠳᠡᠳᠡᠭ 110 ᠬᠦᠮᠦᠨ᠂ ᠨᠡᠶᠢᠲᠡ 487 ᠪᠠᠶᠢᠵᠠᠢ᠃[1]

ᠦᠭᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠠᠩᠵᠢᠶᠠ ᠬᠡᠯᠡᠨ ᠤ ᠦᠭᠡᠰ ᠤᠨ ᠰᠠᠩ 70% ᠠᠴᠠ ᠳᠡᠭᠡᠭᠰᠢ ᠨᠢ ᠮᠣᠩᠭᠣᠯ ᠬᠡᠯᠡᠨ ᠦ ᠪᠦᠯᠦᠭ ᠤᠨ ᠦᠭᠡᠰ ᠪᠠᠶᠢᠵᠤ᠂ ᠦᠯᠡᠳᠡᠭᠰᠡᠨ ᠨᠢ ᠬᠢᠲᠠᠳᠲᠥᠪᠡᠳᠠᠷᠠᠪᠲᠦᠷᠦᠭ ᠵᠢᠭᠡᠯᠡᠭᠡ ᠦᠭᠡᠰ ᠶᠤᠮ᠃

ᠵᠢᠱᠢᠶ᠎ᠠ᠄ ᠺᠠᠩᠵᠢᠶᠠ|ᠮᠣᠩᠭᠣᠯ
bi|ᠪᠢ
bajang |ᠪᠠᠶᠠᠨ
narang | ᠨᠠᠷᠠᠨ
dirasung |ᠳᠠᠷᠠᠰᠤ
arasung| ᠠᠷᠠᠰᠤ
udir |ᠡᠳᠦᠷ
gurang |ᠭᠤᠷᠪᠠᠨ
harang |ᠠᠷᠪᠠᠨ
guar |ᠬᠣᠶᠠᠷ
kun |ᠬᠦᠮᠦᠨ
khar |ᠭᠠᠷ


  1. 康家语概况, 斯钦朝克图编著,2002年

ᠪᠢᠴᠢᠭᠡᠰᠦ