ᠺᠠᠢᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠺᠠᠢᠷ ᠬᠣᠲᠠ
ᠬᠣᠲᠠ
ᠺᠠᠢᠷ ᠬᠣᠲᠠ ᠶᠢᠨ ᠦᠵᠡᠰᠬᠦᠯᠡᠩ

ᠰᠦᠯᠳᠡ ᠲᠤᠭ

ᠺᠠᠢᠷ
ᠶᠸᠵᠠᠫᠲ ᠣᠷᠣᠨ ᠳᠠᠬᠢ ᠺᠠᠢᠷ ᠬᠣᠲᠠ ᠶᠢᠨ ᠪᠠᠶᠢᠷᠢᠯᠠᠭᠰᠠᠨ ᠴᠡᠭ
ᠤᠯᠤᠰ Flag of Egypt.svg ᠶᠸᠵᠠᠫᠲ
ᠮᠤᠵᠢ ᠺᠠᠢᠷ
ᠬᠣᠲᠠ ᠺᠠᠢᠷ
ᠭᠠᠵᠠᠷ ᠨᠤᠲᠤᠭ 453 ᠺᠦᠸᠠᠳ᠋ ᠺᠢᠯᠣᠮᠧᠲ᠋ᠷ
ᠬᠦᠮᠦᠨ ᠠᠮᠠ (2011) 9,120,350 ᠬᠦᠮᠦᠨ
ᠨᠤᠲᠤᠭ ᠤᠨ ᠣᠯᠠᠨ ᠺᠠᠢᠷ ᠬᠣᠲᠠ ᠶᠢᠨ ᠬᠢᠨ
ᠴᠠᠭ ᠤᠨ ᠪᠥᠰᠡ ᠳᠣᠷᠣᠨ᠎ᠠ ᠧᠦ᠋ᠷᠣᠫᠠ ᠶᠢᠨ ᠴᠠᠭ (ГЦ+2)
ᠴᠠᠬᠢᠮ ᠭᠠᠵᠠᠷ cairo.gov.eg

ᠺᠠᠢᠷ (ᠠᠷᠠᠪ ᠶᠢᠡᠷ القاهرة, ᠠᠯᠠ-ᠺᠠᠬᠢᠷᠠ, 《ᠢᠯᠠᠭᠴᠢ》 ᠭᠡᠰᠡᠨ ᠤᠳᠬ᠎ᠠ ᠲᠠᠢ ᠦᠭᠡ) ᠨᠢ ᠶᠸᠵᠠᠫᠲᠡᠶᠢᠨ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠶᠤᠮ᠃ ᠠᠷᠠᠪ ᠍ ᠤᠨ ᠪᠠ ᠠᠹᠷᠢᠺᠠᠡᠶᠢᠨ ᠣᠷᠣᠨ ᠨᠤᠭᠤᠳ ᠳᠣᠲᠣᠷᠠᠬᠢ ᠬᠠᠮᠤᠭ ᠤᠨ ᠶᠡᠬᠡ ᠬᠦᠮᠦᠨ ᠠᠮᠠ ᠲᠠᠢ ᠬᠣᠲᠠ ᠶᠤᠮ᠃ ᠠᠯᠪᠠᠨ ᠶᠣᠰᠣᠨ ᠤ ᠨᠡᠷ᠎ᠡ ᠨᠢ ᠠᠯᠠ-ᠺᠠᠬᠢᠷᠠ ᠪᠣᠯᠪᠠᠴᠤ ᠭᠣᠣᠯᠳᠠᠭᠤ ᠶᠸᠵᠠᠫᠲ ᠢ ᠲᠠᠭᠤᠳᠠᠬᠤ ᠨᠡᠷ᠎ᠡ ᠪᠣᠯᠬᠤ ᠶᠸᠵᠠᠫᠲ ᠠᠷᠠᠪ ᠬᠡᠯᠡᠡᠭᠡᠷᠡ ᠮᠠᠰᠠᠷ ᠭᠡᠳᠡᠭ᠃ ᠮᠠᠰᠠᠷ ᠨᠢ 《ᠮᠠᠶᠢᠬᠠᠨ ᠨᠤᠭᠤᠳ ᠤᠨ ᠬᠣᠲᠠ》 ᠪᠤᠶᠤ ᠶᠸᠵᠠᠫᠲ ᠤᠨ ᠠᠩᠬᠠᠨ ᠤ ᠠᠷᠠᠪ ᠨᠡᠶᠢᠰᠯᠡᠯ ᠪᠣᠯᠬᠤ ᠮᠢᠰᠡᠷ ᠠᠯᠠ-ᠹᠦᠰᠲ᠋ᠠᠲ ᠤᠨ (ᠹᠦᠰᠲ᠋ᠠᠲ) ᠨᠡᠷᠡᠨ ᠡᠴᠡ ᠡᠭᠦᠰᠴᠡᠢ᠃ᠺᠠᠣᠷ ᠤᠨ ᠣᠷᠣᠰᠢᠨ ᠰᠠᠭᠤᠭᠴᠢᠳ ᠢ ᠶᠸᠵᠠᠫᠲ ᠳᠣᠲᠣᠷ᠎ᠠ ᠮᠠᠰᠠᠷᠢ ᠪᠢᠰᠢ ᠮᠠᠰᠠᠷᠢ ᠢᠶ᠎ᠠ ᠭᠡᠳᠡᠭ᠃

ᠺᠠᠢᠷ ᠨᠢ ᠶᠸᠵᠠᠫᠲ ᠤᠨ ᠨᠡᠶᠢᠰᠯᠡᠯ ᠭᠡᠳᠡᠭ ᠤᠳᠬ᠎ᠠ ᠪᠠᠷ ᠢᠶᠠᠨ ᠲᠡᠦᠬᠡ ᠨᠢ ᠤᠯᠤᠰ ᠤᠨ ᠬᠢ ᠲᠠᠢ ᠨᠢ ᠰᠠᠯᠤᠰᠢ ᠦᠭᠡᠢ ᠬᠣᠯᠪᠣᠭ᠎ᠠ ᠲᠠᠢ ᠶᠤᠮ᠃ ᠺᠠᠢᠷ ᠨᠢ ᠠᠩᠬ᠎ᠠ ᠹᠠᠲ᠋ᠢᠮᠢᠳ ᠤᠨ ᠺᠠᠯᠢᠹ ᠦᠳ ᠢᠶᠠᠷ ᠬᠠᠭᠠᠨ ᠤ ᠬᠠᠭᠠᠯᠲᠠᠲᠠᠢ ᠭᠡᠷ ᠪᠣᠯᠵᠤ ᠪᠠᠶᠢᠭᠤᠯᠤᠭᠳᠠᠭᠰᠠᠨ ᠪᠥᠭᠡᠳ ᠹᠦᠰᠲ᠋ᠠᠲ ᠢ ᠣᠷᠣᠯᠠᠵᠤ ᠵᠠᠰᠠᠭ ᠤᠨ ᠭᠠᠵᠠᠷ ᠤᠨ ᠪᠠᠶᠢᠷᠢᠯᠠᠳᠠᠭ ᠬᠣᠲᠠ ᠪᠣᠯᠵᠠᠢ᠃ ᠬᠣᠵᠢᠮ ᠨᠢ ᠮᠠᠮᠤᠯᠶᠤᠶᠢᠺ ᠦᠳ ᠤᠨ ᠤᠳᠤᠷᠢᠳᠤᠯᠭ᠎ᠠ ᠳᠣᠣᠷ᠎ᠠ᠂ 1517-1798 ᠣᠨ ᠨᠤᠭᠤᠳ ᠲᠤ ᠣᠰᠠᠮᠠᠨ ᠤ ᠤᠳᠤᠷᠢᠳᠤᠯᠭ᠎ᠠ ᠳᠣᠣᠷ᠎ᠠ᠂ ᠮᠥᠨ ᠲᠦᠷᠢ ᠵᠠᠭᠤᠷ᠎ᠠ ᠨᠠᠫᠣᠯᠶᠣᠨᠢ ᠴᠡᠷᠢᠭ ᠦᠳ ᠢᠶᠡᠷ ᠡᠵᠡᠯᠡᠭᠳᠡᠵᠦ ᠪᠠᠶᠢᠪᠠ᠃ 1805 ᠣᠨ ᠠᠴᠠ 1882 ᠣᠨ ᠬᠦᠷᠲᠡᠯ᠎ᠡ ᠶᠸᠵᠠᠫᠲ ᠤᠨ ᠮᠤᠬᠠᠮ ᠳᠤ ᠠᠯᠢ ᠨᠢ ᠺᠠᠢᠷ ᠢ ᠥᠪᠡᠷ ᠦᠨ ᠲᠤᠰᠠᠭᠠᠷ ᠲᠣᠭᠨᠠᠭᠰᠠᠨ ᠡᠵᠡᠨᠲᠦ ᠭᠦᠷᠦᠨ ᠦ ᠪᠡᠨ ᠨᠡᠶᠢᠰᠯᠡᠯ ᠪᠣᠯᠭᠠᠭᠰᠠᠨ ᠪᠣᠯᠪᠠᠴᠤ ᠳᠠᠷᠠᠭ᠎ᠠ ᠨᠢ ᠪᠷᠢᠲ᠋ᠠᠨᠢᠴᠤᠤᠳ ᠤᠨ ᠤᠳᠤᠷᠢᠯᠭ᠎ᠠ ᠳᠤ ᠣᠷᠣᠵᠠᠢ᠃ 1922 ᠣᠨ ᠳᠤ ᠶᠸᠵᠠᠫᠲ ᠲᠤᠰᠠᠭᠠᠷ ᠲᠣᠭᠲᠠᠨᠢᠭᠰᠠᠨ ᠢᠶᠠᠷ ᠳᠠᠬᠢᠨ ᠶᠥᠭᠢᠫᠧᠲ᠋ᠴᠦᠳ ᠲᠤ ᠡᠷᠬᠡ ᠮᠡᠳᠡᠯ ᠰᠢᠯᠵᠢᠭᠰᠡᠨ ᠠᠵᠢ᠃

2006 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠺᠠᠢᠷ ᠨᠢ 6.8 ᠰᠠᠶ᠎ᠠ ᠬᠦᠮᠦᠨᠲᠡᠢ ᠬᠡᠮᠡᠨ ᠲᠣᠭᠲᠠᠭᠠᠭᠳᠠᠭᠰᠠᠨ ᠪᠠᠶᠢᠨ᠎ᠠ᠃ ᠡᠭᠦᠨ ᠡᠴᠡ 10% ᠨᠢ ᠾᠷᠢᠰᠤᠰ ᠤᠨ ᠱᠠᠰᠢᠨᠲᠠᠨ ᠨᠤᠭᠤᠳ ᠶᠤᠮ᠃ ᠲᠣᠭᠠᠯᠠᠯᠭ᠎ᠠ ᠶᠢᠨ ᠦᠶ᠎ᠡ ᠪᠡᠷ ᠬᠦᠮᠦᠨ ᠠᠮᠠ ᠨᠢ ᠰᠠᠶ᠎ᠠ ᠪᠠᠷ ᠢᠯᠡᠭᠦᠦ ᠪᠠᠶᠢᠭᠰᠠᠨ ᠪᠣᠯᠪᠠᠴᠤ 2008 ᠣᠨ ᠤ 4 ᠰᠠᠷ᠎ᠠ ᠳᠤ ᠬᠧᠯᠪᠠᠨ ᠮᠤᠵᠢ ᠺᠠᠢᠷ ᠮᠤᠵᠢ ᠶᠢᠨ ᠬᠡᠰᠡᠭ ᠦᠳ ᠡᠴᠡ ᠪᠠᠶᠢᠭᠤᠯᠤᠭᠳᠠᠭᠰᠠᠨ ᠢᠶᠠᠷ ᠲᠣᠭ᠎ᠠ ᠶᠢ ᠨᠢ ᠪᠠᠭᠠᠰᠬᠠᠵᠠᠢ᠃ ᠺᠠᠣᠷ ᠤᠨ ᠮᠧᠲ᠋ᠷᠣᠫᠣᠯᠢ ᠭᠠᠵᠠᠷ ᠨᠤᠲᠤᠭ ᠨᠲ 17.285 ᠣᠷᠴᠢᠮ ᠬᠦᠮᠦᠨ ᠠᠮᠠ ᠲᠠᠢ ᠪᠥᠭᠡᠳ ᠡᠭᠦᠪᠡᠷ ᠢᠶᠡᠨ ᠳᠡᠯᠡᠬᠡᠢ ᠳᠦ 16 ᠍ ᠳᠦ᠂ ᠠᠹᠷᠢᠺᠠ ᠳᠤ ᠨᠢᠭᠡ ᠳᠦ ᠵᠢᠭ᠌ᠰᠠᠳᠠᠭ ᠪᠠᠶᠢᠨ᠎ᠠ᠃

ᠥᠨᠥ ᠶᠢᠨ ᠶᠡᠬᠡ ᠺᠠᠢᠷ ᠨᠢ ᠣᠯᠠᠨ ᠲᠡᠦᠬᠡᠨ ᠲᠣᠰᠬᠣᠨ ᠪᠠ ᠣᠷᠴᠢᠨ ᠦᠶ᠎ᠡ ᠶᠢᠨ ᠳᠦᠭᠦᠷᠭᠡ ᠨᠦᠭᠦᠳ ᠢ ᠨᠢᠭᠡᠳᠬᠡᠭᠰᠡᠨ᠂ ᠳᠡᠯᠡᠬᠡᠢ ᠶᠢᠨ ᠬᠠᠮᠤᠭ ᠤᠨ ᠶᠡᠬᠡ ᠬᠦᠮᠦᠨ ᠠᠮᠠ ᠲᠠᠢ ᠬᠣᠲᠠ ᠨᠤᠭᠤᠳ ᠤᠨ ᠨᠢᠭᠡ ᠪᠣᠯᠵᠠᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: القاهرة
http://wiki.uhaan.com/index.php?title=ᠺᠠᠢᠷ&oldid=431938》 ᠍  ᠡᠴᠡ ᠠᠪᠤᠭᠰᠠᠨ

ᠪᠢᠴᠢᠭᠡᠰᠦ