ᠹᠷᠠᠨᠼᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠹᠷᠠᠨᠼᠢ ᠤᠯᠤᠰ
ᠪᠦᠭᠦᠳᠡ ᠨᠠᠶᠢᠷᠠᠮᠳᠠᠬᠤ ᠹᠷᠠᠨ᠋᠋᠋᠋᠋᠌᠋᠋ᠼ ᠌ ᠤᠯᠤᠰ [1]
République française (ᠹᠷᠠᠨᠼᠢ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠹᠷᠠᠨᠼᠢ ᠪᠠᠷ "Liberté᠂ Égalité᠂ Fraternité"
(ᠡᠷᠬᠡ ᠴᠢᠯᠦᠭᠡ᠂ ᠲᠡᠭᠰᠢ ᠪᠠᠶᠢᠳᠠᠯ᠂ ᠨᠥᠬᠥᠷᠯᠡᠯ)
ᠲᠥᠷᠥ ᠶᠢᠨ ᠳᠠᠭᠤᠯᠠᠯ ᠤᠨ ᠨᠡᠷ᠎ᠡ:
ᠹᠷᠠᠨᠼᠢ ᠪᠠᠷ "La Marseillaise"
(ᠮᠠᠷᠰᠧᠯ ᠦᠨ ᠳᠠᠭᠤᠤ)
ᠹᠠᠢᠢᠯ:La Marseillaise.ogg

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠹᠷᠠᠨᠼᠢ ᠶᠢ ᠤᠯᠠᠭᠠᠨ ᠢᠶᠠᠷ
ᠨᠡᠶᠢᠰᠯᠡᠯGrandes Armes de Paris.svg ᠫᠠᠷᠢᠰ
ᠲᠣᠮᠣ ᠬᠣᠲᠠ ᠫᠠᠷᠢᠰ᠂ ᠮᠠᠷᠰᠧᠯ
ᠯᠢᠨᠲᠤᠯᠤᠵᠠᠨᠢᠼᠼᠠ
ᠠᠯᠪᠠᠨ ᠬᠡᠯᠡ ᠹᠷᠠᠨᠼᠢ ᠬᠡᠯᠡ
ᠠᠷᠠᠳ ᠲᠦᠮᠡᠨ 
(2004 ᠤᠨ)
ᠹᠷᠠᠨᠼᠢ ᠶᠢᠨ ᠠᠷᠠᠳ ᠲᠦᠮᠡᠨ →
85% – ᠴᠠᠭᠠᠨ ᠠᠷᠠᠰᠤᠲᠠᠨ
15% – ᠪᠤᠰᠤᠳ ᠠᠷᠠᠰᠤᠲᠠᠨ
 -  ᠨᠤᠲᠤᠭ ᠤᠨ ᠣᠯᠠᠨ ᠹᠷᠠᠨᠼᠢ ᠶᠢᠨ ᠬᠢᠨ
(ᠹᠷᠠᠨᠼᠢ ᠤᠯᠤᠰ ᠤᠨ ᠬᠢᠨ)
ᠲᠥᠷᠥ ᠵᠠᠰᠠᠭ ᠠᠷᠠᠳᠴᠢᠯᠠᠭᠰᠠᠨ ᠳᠢᠭᠯᠢᠮᠨᠢᠭᠡᠳᠦᠮᠡᠯ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠹᠷᠠᠨᠰᠤᠶᠠ ᠣᠯᠯᠠᠨ᠋ᠳ᠋ (2012)
 -  ᠶᠡᠷᠦᠩᠬᠡᠢ ᠰᠠᠶᠢᠳ ᠮᠠᠨᠤᠥᠯ ᠸᠠᠯᠢᠰ (2014)
ᠲᠡᠦᠬᠡᠨ ᠦᠢᠯᠡ ᠶᠠᠪᠤᠳᠠᠯ
 -  843 ᠣᠨ ᠹᠷᠠᠨᠼᠢ ᠤᠯᠤᠰ ᠢᠯᠭᠠᠷᠠᠭᠰᠠᠨ 
 -  1792-09-22 ᠪᠦᠭᠦᠳᠡ ᠨᠠᠶᠢᠷᠠᠮᠳᠠᠬᠤ ᠤᠯᠤᠰ 
 -  1958-10-04 5 ᠍ ᠳᠦᠭᠡᠷ ᠪᠦᠭᠦᠳᠡ ᠨᠠᠶᠢᠷᠠᠮᠳᠠᠬᠤ ᠤᠯᠤᠰ 
ᠨᠤᠲᠤᠭ ᠳᠡᠪᠢᠰᠬᠡᠷ
 -  ᠪᠦᠬᠦ ᠲᠠᠯᠠᠪᠠᠢ 674,843[2] km2 (43)
ᠬᠦᠮᠦᠨ ᠠᠮᠠ
 -  ᠲᠣᠭᠠᠴᠠᠭ᠎ᠠ (2014) 66,616,416 (19)
 -  ᠨᠢᠭᠲᠠᠴᠠ ᠰᠡᠶᠢᠷᠡᠭ 116 ᠬᠦᠮᠦᠨ/km2 
GDP (ХАЧТ) 2013 ᠣᠨ ᠤ ᠲᠣᠭᠠᠴᠠᠭ᠎ᠠ
 -  ᠨᠡᠶᠢᠲᠡ ᠳ᠋ᠦᠩ $2.333 ᠶᠡᠬᠡ ᠨᠠᠶᠤᠳ [3] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 9  ᠳᠦ
 -  ᠨᠢᠭᠡ ᠬᠦᠨᠳᠦ $36,453[3] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ24 ᠳᠦ
GDP (ᠨᠡᠷᠡᠯᠡᠭᠰᠡᠨ) 2013 ᠣᠨ ᠤ ᠲᠣᠭᠠᠴᠠᠭ᠎ᠠ
 -  ᠨᠡᠶᠢᠲᠡ ᠳ᠋ᠦᠩ $2.863 ᠶᠡᠬᠡ ᠨᠠᠶᠤᠳ[3]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ5 ᠳᠦ
 -  ᠨᠢᠭᠡ ᠬᠦᠨᠳᠦ $44,730[3] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ20]])
Gini (2008) 32.7[4] (ᠪᠠᠭ᠎ᠠ
ᠬᠡᠦᠬᠡᠳ ᠦᠨ ᠬᠥᠭᠵᠢᠯ ᠦᠨ ᠢᠨᠳᠧᠺᠰ (2010) 0.893[5] (ᠮᠠᠰᠢ ᠰᠠᠶᠢᠨ) (20)
ᠮᠥᠩᠭᠥᠨ ᠦ ᠨᠢᠭᠡᠴᠡ ᠧᠦ᠋ᠷᠣ (EUR)
ᠴᠠᠭ ᠤᠨ ᠪᠥᠰᠡ ТЕЦ (GMT+1)
 -  ᠵᠤᠨ ᠤ ᠴᠠᠭ ТЕЗЦ (GMT+2)
ᠤᠲᠠᠰᠤ᠂ ᠳᠣᠮᠡᠢ ᠶᠢᠨ +33 / .fr1
ᠨᠡᠷ᠎ᠡ ᠲᠣᠮᠢᠶ᠎ᠠ FR, FRA / ᠪᠦᠭᠦᠳᠡ ᠨᠠᠶᠢᠷᠠᠮᠳᠠᠬᠤ ᠹᠷᠠᠨᠼᠢ ᠤᠯᠤᠰ
1ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ .eu ᠍ ᠢ ᠪᠠᠰᠠ ᠬᠡᠷᠡᠭᠯᠡᠨ᠎ᠡ᠃
2002 ᠣᠨ ᠤ 8 ᠍ ᠳᠦᠭᠡᠷ ᠰᠠᠷ᠎ᠠ ᠳᠤ ᠠᠯᠤᠰ ᠳᠡᠭᠡᠷ᠎ᠡ ᠡᠴᠡ ᠬᠠᠷᠠᠭᠰᠠᠨ ᠵᠢᠷᠤᠭ
2002 ᠣᠨ ᠤ 8 ᠍ ᠳᠦᠭᠡᠷ ᠰᠠᠷ᠎ᠠ ᠳᠤ ᠠᠯᠤᠰ ᠳᠡᠭᠡᠷ᠎ᠡ ᠡᠴᠡ ᠬᠠᠷᠠᠭᠰᠠᠨ ᠵᠢᠷᠤᠭ
ᠲᠡᠶᠢᠨ ᠢᠯᠭᠠᠯ
ᠨᠡᠷᠡᠯᠡᠬᠦ ᠹᠷᠠᠨᠼᠢ
ᠹᠷᠠ́ᠨᠼ
ᠬᠠᠷᠢᠶᠠᠯᠠᠬᠤ ᠹᠷᠠᠨᠼᠢ ᠶᠢᠨ
ᠥᠭᠬᠦ ᠤᠷᠤᠰᠢᠬᠤ ᠹᠷᠠᠨᠼᠢ ᠳᠤ
ᠵᠢᠭᠠᠬᠤ ᠹᠷᠠᠨᠼᠢ ᠶᠢ
ᠭᠠᠷᠬᠤ ᠹᠷᠠᠨᠼᠢ ᠠᠴᠠ
ᠦᠢᠯᠡᠳᠬᠦ ᠹᠷᠠᠨᠼᠢ ᠪᠠᠷ
ᠬᠠᠮᠲᠤᠷᠠᠬᠤ ᠹᠷᠠᠨᠼᠢ ᠲᠠᠢ
ᠴᠢᠢᠭᠯᠡᠬᠦ ᠹᠷᠠᠨᠼᠢ ᠤᠷᠤᠭᠤ
ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠹᠷᠠᠨᠼᠢ ᠤᠯᠤᠰ (ᠹᠷᠠᠨᠼᠢ ᠪᠠᠷ République française) ᠬᠡᠮᠡᠨ ᠨᠡᠷᠡᠶᠢᠳᠳᠡᠭ ᠹᠷᠠᠨᠼᠢ ᠤᠯᠤᠰ (ᠹᠷᠠᠨᠼᠢ ᠪᠠᠷ France, ᠹᠷᠠᠨᠼᠢ ᠪᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠢᠩᠭᠢᠵᠦ ᠳᠠᠭᠤᠳᠠᠭᠳᠠᠨ᠎ᠠ) ᠥᠷᠥᠨᠡᠲᠦ ᠧᠦ᠋ᠷᠣᠫᠠ ᠲᠤ ᠣᠷᠣᠰᠢᠳᠠᠭ᠃ ᠧᠦ᠋ᠷᠣᠫᠠ ᠳᠠᠬᠢ ᠦᠨᠳᠦᠰᠦᠨ ᠣᠷᠣᠨ ᠠᠴᠠ ᠭᠠᠳᠠᠨ᠎ᠠ ᠳᠠᠯᠠᠢ ᠶᠢᠨ ᠴᠢᠨᠠᠳᠤ ᠭᠠᠵᠠᠷ ᠨᠤᠲᠤᠭ ᠲᠠᠢ. ᠹᠷᠠᠨᠼᠢ ᠶᠢᠨ ᠦᠨᠳᠦᠰᠦᠨ ᠣᠷᠣᠨ ᠡᠮᠦᠨ᠎ᠡ ᠵᠦᠭ ᠦᠨ ᠭᠠᠵᠠᠷ ᠤᠨ ᠳᠤᠮᠳᠠᠳᠤ ᠲᠡᠩᠭᠢᠰ ᠡᠴᠡ᠂ ᠤᠮᠠᠷ᠎ᠠ ᠵᠦᠭ ᠲᠤ ᠯᠠ-ᠮᠠᠩᠰᠢ ᠶᠢᠨ ᠬᠣᠭᠣᠯᠠᠢᠤᠮᠠᠷᠠᠳᠤ ᠲᠡᠩᠭᠢᠰ᠂ ᠳᠣᠷᠣᠨ᠎ᠠ ᠵᠦᠭ ᠦᠨ ᠷᠧᠢ ᠶᠢᠨ ᠮᠥᠷᠡᠨ ᠡᠴᠡ ᠥᠷᠥᠨ᠎ᠡ ᠵᠦᠭ ᠦᠨ ᠠᠲ᠋ᠯᠠᠨᠲ ᠤᠨ ᠳᠠᠯᠠᠢ ᠬᠦᠷᠡᠨ᠎ᠡ᠃ ᠹᠷᠠᠨᠽᠢᠴᠤᠳ ᠡᠬᠡ ᠣᠷᠣᠨ ᠢᠶᠠᠨ ᠭᠧᠣᠮᠡᠲ᠋ᠷ ᠦᠨ ᠳᠦᠷᠰᠦ ᠡᠴᠡ ᠨᠢ ᠰᠢᠯᠭᠠᠭᠠᠯᠠᠵᠤ L’Hexagone ᠪᠤᠶᠤ "6 ᠥᠨᠴᠥᠭ ᠲᠦ" ᠬᠡᠮᠡᠨ ᠨᠡᠷᠡᠯᠡᠬᠦ ᠨᠢ ᠣᠯᠠᠨᠲᠠ᠃ ᠹᠷᠠᠨᠼᠢ ᠨᠢ ᠬᠠᠭᠠᠰ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ ᠪᠥᠭᠡᠳ ᠬᠠᠤᠯᠢ ᠲᠣᠭᠲᠠᠭᠠᠬᠤ᠂ ᠭᠦᠢᠴᠡᠳᠭᠡᠬᠦ ᠪᠣᠯᠤᠨ ᠰᠢᠭᠦᠬᠦ ᠵᠠᠰᠠᠭᠯᠠᠯ ᠨᠢ ᠨᠢᠭᠡᠳᠦᠮᠡᠯ᠃ ᠨᠡᠶᠢᠰᠯᠡᠯ ᠨᠢ ᠫᠠᠷᠢᠰ ᠬᠣᠲᠠ᠃

ᠡᠬᠡ ᠭᠠᠵᠠᠷ ᠤᠨ ᠹᠷᠠᠨᠼᠢ ᠨᠢ ᠪᠧᠯᠬᠢᠯᠦᠺᠰᠧᠨᠪᠦ᠋ᠷᠦᠺᠭᠧᠷᠮᠠᠨᠰᠸᠢᠰᠢᠲ᠋ᠠᠯᠢᠮᠤᠨᠠᠺᠣᠠᠨᠳᠣᠷᠠᠢᠰᠫᠠᠨᠢ ᠤᠯᠤᠰ ᠤᠳ ᠲᠠᠢ ᠬᠢᠯᠢᠯᠡᠳᠡᠭ᠃ ᠮᠥᠨ ᠹᠷᠠᠨᠼᠢ ᠶᠢᠨ ᠭᠠᠵᠠᠷ ᠨᠤᠲᠤᠭ ᠪᠣᠯᠬᠤ ᠹᠷᠠᠨᠼᠢ ᠭᠪᠢᠶᠠᠨ᠎ᠠ ᠨᠢ ᠪᠷᠠᠽᠢᠯᠰᠤᠷᠢᠨᠠᠮ ᠤᠯᠤᠰ ᠤᠳ ᠲᠠᠢ᠂ ᠰᠡᠢ ᠶᠢᠨ ᠳᠦ-ᠮᠠᠷᠲ᠋ᠢᠨ ᠨᠢ ᠨᠢᠳᠧᠷᠯᠠᠨ᠋ᠳ᠋ ᠍ ᠤᠨ ᠠᠨᠲ᠋ᠢᠯ ᠦᠨ ᠠᠷᠠᠯ ᠤᠳᠲᠠᠢ ᠲᠤᠰ ᠲᠤᠰ ᠬᠢᠯᠢ ᠵᠠᠯᠭᠠᠨ᠎ᠠ᠃ ᠯᠠ-ᠮᠠᠩᠰᠢ ᠶᠢᠨ ᠬᠣᠭᠣᠯᠠᠢ ᠶᠢ ᠢᠶᠠᠷ ᠪᠷᠢᠲ᠋ᠠᠨ(ᠠᠩᠭᠯᠢ)ᠲᠠᠢ ᠵᠠᠯᠭᠠᠳᠠᠭ᠃

17 ᠍ ᠳᠦᠭᠡᠷ ᠵᠠᠭᠤᠨ ᠤ ᠰᠡᠭᠦᠯ ᠦᠶᠡᠰ 19 ᠍ ᠳᠦᠭᠡᠷ ᠵᠠᠭᠤᠨ ᠤ ᠡᠬᠢᠨ ᠦᠶ᠎ᠡ ᠬᠦᠷᠲᠡᠯ᠎ᠡ ᠹᠷᠠᠨᠼᠢ ᠨᠢ ᠳᠡᠯᠡᠬᠡᠢ ᠶᠢᠨ ᠬᠠᠮᠤᠭ ᠤᠨ ᠬᠦᠴᠦᠷᠬᠡᠭ ᠣᠷᠣᠨ ᠨᠤᠭᠤᠳ ᠤᠨ ᠲᠣᠭᠠᠨ ᠳᠤ ᠲᠣᠭᠠᠴᠠᠭᠳᠠᠵᠤ ᠪᠠᠶᠢᠪᠠ᠃ 18, 19 ᠍ ᠳᠦᠭᠡᠷ ᠵᠠᠭᠤᠨ ᠳᠤ ᠹᠷᠠᠨᠼᠢ ᠨᠢ ᠪᠠᠷᠠᠭᠤᠨ ᠠᠹᠷᠢᠺᠠ᠂ ᠵᠡᠭᠦᠨ ᠡᠮᠦᠨᠡᠲᠦ ᠠᠽᠢᠶ᠎ᠠᠳᠦ ᠮᠠᠰᠢ ᠲᠣᠮᠣ ᠺᠣᠯᠣᠨᠢ ᠶᠢᠨ ᠭᠦᠷᠦᠨ ᠢ ᠪᠠᠶᠢᠭᠤᠯᠵᠤ ᠴᠢᠳᠠᠭᠰᠠᠨ ᠪᠥᠭᠡᠳ ᠲᠤᠬᠠᠢ ᠶᠢᠨ ᠨᠤᠲᠤᠭ ᠤᠳ ᠤᠨ ᠰᠤᠶᠤᠯ ᠤᠷᠠᠯᠢᠭ᠂ ᠤᠯᠤᠰ ᠲᠥᠷᠥ ᠳᠦ ᠶᠡᠬᠡᠬᠡᠨ ᠨᠥᠯᠦᠭᠡᠯᠡᠵᠡᠢ᠃ ᠹᠷᠠᠨᠼᠢ ᠨᠢ ᠥᠨᠳᠥᠷ ᠬᠥᠭᠵᠢᠯᠲᠡᠢ ᠣᠷᠣᠨ ᠪᠥᠭᠡᠳ ᠡᠳ᠋ ᠍ ᠦᠨ ᠵᠠᠰᠠᠭ ᠨᠢ ᠨᠣᠮᠨᠠᠯ ᠦᠨᠳᠦᠰᠦᠨ ᠦ ᠨᠡᠶᠢᠲᠡ ᠪᠦᠲᠦᠭᠡᠭᠳᠡᠬᠦᠨ ᠍ ᠳᠦᠭᠡᠷ ᠳᠡᠯᠡᠬᠡᠢ ᠳᠦ ᠵᠢᠷᠭᠤᠭ᠎ᠠ ᠳᠤ᠂ ᠬᠤᠳᠠᠯᠳᠤᠨ ᠠᠪᠬᠤ ᠴᠢᠳᠠᠪᠤᠷᠢ ᠶᠢᠨ ᠫᠠᠷᠢᠲ᠋ᠧᠲ ᠢᠶᠠᠷ ᠲᠣᠭᠠᠴᠠᠭᠰᠠᠨ ᠦᠨᠳᠦᠰᠦᠨ ᠦ ᠨᠡᠶᠢᠲᠡ ᠪᠦᠲᠦᠭᠡᠭᠳᠡᠬᠦᠨ ᠪᠡᠷ ᠨᠠᠶᠢᠮᠠ ᠳᠤ ᠵᠢᠭ᠌ᠰᠠᠳᠠᠭ᠃ ᠮᠥᠨ ᠵᠢᠯ ᠪᠦᠷᠢ 82 ᠰᠠᠶ᠎ᠠ ᠭᠠᠳᠠᠭᠠᠳᠤ ᠶᠢᠨ ᠵᠢᠭᠤᠯᠴᠢᠳ ᠢ ᠬᠦᠯᠢᠶᠡᠨ ᠠᠪᠳᠠᠭ (ᠪᠢᠽᠢᠨ᠋ᠧᠰ ᠦᠨ ᠵᠣᠷᠢᠯᠭ᠎ᠠ ᠪᠠᠷ ᠢᠷᠡᠭᠰᠡᠨ ᠬᠦᠮᠦᠰ ᠢ ᠲᠣᠭᠠᠴᠠᠭᠰᠠᠨ᠂ ᠭᠡᠬᠦ ᠳᠦ ᠪᠡᠨ 24 ᠴᠠᠭ ᠠᠴᠠ ᠳᠣᠭᠣᠭᠰᠢ ᠪᠠᠶᠢᠭᠰᠠᠨ ᠬᠦᠮᠦᠰ ᠢ ᠲᠣᠭᠠᠴᠠᠭ᠎ᠠ ᠦᠭᠡᠢ), ᠵᠢᠭᠤᠯᠴᠢᠳ ᠤᠨ ᠢᠶᠠᠨ ᠲᠣᠭ᠎ᠠ ᠪᠠᠷ ᠲᠡᠷᠢᠭᠦᠯᠡᠳᠡᠭ᠃ ᠹᠷᠠᠨᠼᠢ ᠨᠢ ᠧᠦ᠋ᠷᠣᠫᠠ ᠶᠢᠨ ᠬᠣᠯᠪᠣᠭ᠎ᠠ ᠶᠢ ᠠᠩᠬ᠎ᠠ ᠪᠠᠶᠢᠭᠤᠯᠤᠭᠰᠠᠨ ᠣᠷᠣᠨ ᠨᠤᠭᠤᠳ ᠤᠨ ᠨᠢᠭᠡ ᠪᠥᠭᠡᠳ ᠭᠡᠰᠢᠭᠦᠨ ᠣᠷᠣᠨ ᠨᠤᠭᠤᠳ ᠠᠴᠠ ᠬᠠᠮᠤᠭ ᠤᠨ ᠶᠡᠬᠡ ᠨᠤᠲᠤᠭ ᠳᠡᠪᠢᠰᠬᠡᠷ ᠲᠡᠢ᠃ ᠮᠥᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠶᠢ ᠪᠠᠶᠢᠭᠤᠯᠤᠭᠰᠠᠨ ᠣᠷᠣᠨ ᠨᠤᠭᠤᠳ ᠤᠨ ᠨᠢᠭᠡ ᠪᠥᠭᠡᠳ ᠹᠷᠠᠨᠺᠣᠹᠣᠨᠶᠡᠬᠡ ᠨᠠᠶᠢᠮᠠᠯᠠᠲ᠋ᠢᠨ ᠤ ᠬᠣᠯᠪᠣᠭ᠎ᠠ ᠵᠡᠷᠭᠡ ᠪᠠᠶᠢᠭᠤᠯᠤᠯᠭ᠎ᠠ ᠨᠤᠭᠤᠳ ᠤᠨ ᠭᠡᠰᠢᠭᠦᠨ᠃ ᠡᠭᠦᠨ ᠡᠴᠡ ᠭᠠᠳᠠᠨ᠎ᠠ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠠᠶᠤᠯ ᠦᠭᠡᠢ ᠶᠢᠨ ᠵᠥᠪᠯᠡᠯᠡᠶᠢᠨ ᠪᠠᠶᠢᠩᠭᠤ ᠶᠢᠨ ᠭᠡᠰᠢᠭᠦᠨ ᠪᠥᠭᠡᠳ ᠴᠥᠮ᠎ᠡ ᠶᠢᠨ ᠵᠡᠪᠰᠡᠭᠲᠡᠢ ᠣᠷᠣᠨ ᠶᠤᠮ᠃

ᠡᠰᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠠᠷ ᠡᠷᠲᠡ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠰᠺ ᠤᠨ ᠬᠠᠨᠠᠨ ᠳᠤ ᠵᠢᠷᠤᠭᠳᠠᠭᠰᠠᠨ ᠲᠠᠬᠢ

ᠹᠷᠠᠨᠼᠢ ᠣᠷᠣᠨ ᠳᠤ ᠬᠠᠭᠤᠴᠢᠨ ᠴᠢᠯᠠᠭᠤᠨ ᠵᠡᠪᠰᠡᠭ ᠦᠨ ᠦᠶ᠎ᠡ ᠳᠤ ᠬᠠᠮ ᠢᠶᠠᠷ ᠬᠢ ᠬᠠᠳᠠᠨ ᠤ ᠰᠦᠭ ᠵᠢᠷᠤᠭ ᠶᠡᠬᠡ ᠪᠠᠶᠢᠳᠠᠭ᠃[6] ᠠᠯᠳᠠᠷᠲᠤ ᠯᠠᠰᠺᠣ ᠠᠭᠤᠢ ᠶᠢᠨ ᠬᠢ ᠭᠡᠬᠦ ᠳᠦ 19600 ᠵᠢᠯ ᠦᠨ ᠲᠡᠷᠲᠡᠭᠡ ᠵᠢᠷᠤᠭᠳᠠᠵᠠᠢ᠃[7] ᠮᠥᠰᠦᠨ ᠭᠠᠯᠪᠠ ᠍ ᠤᠨ ᠲᠡᠭᠦᠰᠬᠡᠯ ᠳᠦ (ᠮᠠᠨ ᠤ ᠡᠷᠡᠨ ᠦ ᠡᠮᠦᠨ᠎ᠡ 10000) ᠳᠤᠯᠠᠭᠠᠷᠠᠵᠤ᠂ ᠮᠠᠨ ᠤ ᠡᠷᠡᠨ ᠦ ᠡᠮᠦᠨ᠎ᠡ 7000 ᠣᠨ ᠤ ᠦᠶ᠎ᠡ ᠪᠡᠨ ᠡᠴᠡ ᠰᠢᠨ᠎ᠡ ᠴᠢᠯᠠᠭᠤᠨ ᠵᠡᠪᠰᠡᠭ ᠦᠨ ᠦᠶ᠎ᠡ ᠳᠦ ᠳᠡᠪᠰᠢᠵᠦ᠂ ᠭᠠᠵᠠᠷ ᠲᠠᠷᠢᠶᠠᠯᠠᠩ ᠡᠭᠦᠰᠦᠭᠰᠡᠨ᠃[7] ᠮᠠᠨ ᠤ ᠡᠷᠡᠨ ᠦ ᠡᠮᠦᠨ᠎ᠡ 3000 ᠣᠨ ᠠᠴᠠ ᠠᠯᠲᠠ᠂ ᠵᠡᠰ᠂ ᠬᠦᠷᠡᠯ ᠲᠡᠮᠦᠷ ᠦᠨ ᠡᠷᠡᠨ ᠳᠦ ᠳᠡᠪᠰᠢᠵᠡᠢ᠃ ᠡᠨᠡ ᠦᠶ᠎ᠡ ᠶᠢ ᠲᠥᠯᠦᠭᠡᠯᠡᠭᠰᠡᠨ ᠺᠠᠷᠨᠠᠺ ᠤᠨ ᠴᠢᠯᠠᠭᠤ ᠭᠡᠵᠦ ᠭᠠᠵᠠᠷ ᠪᠠᠶᠢᠳᠠᠭ᠃

ᠭᠠᠯᠯ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:271Maison carr e NIM 1016.jpg
ᠭᠠᠯᠯ-ᠷᠤᠮᠠᠨᠢᠶ ᠠ ᠦᠶᠡᠰ ᠪᠦᠲᠦᠨ ᠦᠯᠡᠳᠡᠭᠰᠡᠨ ᠮᠧᠽᠣᠨ ᠺᠠᠷᠷᠧ ᠰᠦᠮ᠎ᠡ (ᠮᠠᠨ ᠤ ᠡᠷᠡᠨ ᠦ ᠡᠮᠦᠨ᠎ᠡ I ᠵᠠᠭᠤᠨ)

ᠮᠠᠨ ᠤ ᠡᠷᠡᠨ ᠦ ᠡᠮᠦᠨ᠎ᠡ 600 ᠣᠨ ᠤ ᠣᠷᠴᠢᠮ ᠭᠷᠧᠺ ᠬᠤᠳᠠᠯᠳᠤᠭᠠᠴᠢᠳ ᠹᠷᠠᠨᠼᠢ ᠶᠢᠨ ᠡᠮᠦᠨᠡᠲᠦ ᠡᠷᠭᠢ ᠶᠢ «ᠮᠠᠰᠰᠠᠯ» (ᠥᠨᠥ ᠮᠠᠷᠰᠧᠯ) ᠬᠡᠮᠡᠨ ᠰᠠᠭᠤᠭᠰᠠᠨ ᠨᠢ ᠹᠷᠠᠨᠼᠢ ᠶᠢᠨ ᠬᠠᠮᠤᠭ ᠤᠨ ᠡᠷᠲᠡᠨ ᠦ ᠬᠣᠲᠠ ᠶᠤᠮ᠃[8] ᠡᠨᠡ ᠦᠶ᠎ᠡ ᠳᠦ ᠠᠯᠫᠡᠶᠢᠭ ᠳᠠᠭᠠᠭᠠᠳ ᠺᠧᠯᠲ ᠤᠭᠰᠠᠭᠠᠨ ᠤ ᠣᠲᠣᠭ ᠠᠶᠢᠮᠠᠭ ᠹᠷᠠᠨᠼᠢ ᠳᠤ ᠨᠡᠪᠲᠡᠷᠡᠨ ᠪᠠᠶᠢᠴᠠᠢ᠃ ᠷᠤᠮᠠᠨᠢᠶ ᠠ ᠲᠡᠦᠬᠡ ᠪᠢᠴᠢᠭ ᠲᠦ ᠪᠢᠴᠢᠭᠰᠡᠨ ᠢᠶᠡᠷ ᠡᠨᠡ ᠦᠶ᠎ᠡ᠂ ᠲᠡᠭᠦᠨ ᠡᠴᠡ ᠬᠣᠶᠢᠰᠢ ᠹᠷᠠᠨᠼᠢ ᠶᠢ «ᠭᠠᠯᠯ» (ᠯᠠᠲᠤ᠃ Gallia) ᠬᠡᠮᠡᠵᠦ ᠪᠠᠶᠢᠪᠠ᠃ ᠭᠠᠯᠯ ᠨᠢ ᠹᠷᠠᠨᠼᠢ ᠶᠢ ᠲᠡᠳᠦᠢ ᠦᠭᠡᠢ᠂ ᠤᠮᠠᠷ᠎ᠠ ᠢᠲ᠋ᠠᠯᠢ ᠭᠡᠬᠦ ᠮᠡᠲᠦ ᠡᠷᠭᠢᠨ ᠲᠣᠭᠣᠷᠢᠨ ᠢ ᠬᠠᠮᠤᠷᠤᠭᠰᠠᠨ ᠨᠡᠷ᠎ᠡ᠃ ᠮᠠᠨ ᠤ ᠡᠷᠡᠨ ᠦ ᠡᠮᠦᠨ᠎ᠡ 390 ᠣᠨ ᠳᠤ ᠭᠠᠯᠯ ᠍ ᠤᠨ ᠪᠷᠧᠨ ᠬᠡᠮᠡᠬᠦ ᠲᠣᠯᠣᠭᠠᠶᠢᠯᠠᠭᠴᠢ ᠷᠤᠮᠠ ᠍ ᠢ ᠳᠣᠪᠲᠣᠯᠵᠤ ᠪᠠᠶᠢᠪᠠ᠃ ᠮᠠᠨ ᠤ ᠡᠷᠡᠨ ᠦ ᠡᠮᠦᠨ᠎ᠡ 125 ᠣᠨ ᠳᠤ ᠭᠠᠯ ᠤᠨ ᠡᠮᠦᠨᠡᠲᠦ ᠬᠡᠰᠡᠭ ᠢ ᠷᠤᠮᠠ ᠡᠵᠡᠯᠡᠵᠦ Provincia Romana[9] ᠭᠡᠰᠡᠨ ᠨᠢ ᠡᠳᠦᠭᠡ «ᠫᠷᠣᠸᠠᠩᠰᠠ» ᠨᠤᠲᠤᠭ ᠤᠨ ᠨᠡᠷᠡ ᠪᠣᠯᠤᠨ ᠬᠣᠴᠣᠷᠴᠠᠢ᠃ ᠮᠠᠨ ᠤ ᠡᠷᠡᠨ ᠦ ᠡᠮᠦᠨ᠎ᠡ 52 ᠣᠨ ᠳᠤ ᠺᠧᠯᠲᠦ ᠶᠢᠨ ᠠᠤᠧᠷᠨ ᠠᠶᠢᠮᠠᠭ ᠤᠨ ᠸᠧᠷᠼᠢᠩ ᠢᠶᠧᠲ᠋ᠣᠷᠢᠭ ᠭᠠᠯ ᠤᠨ ᠴᠡᠷᠢᠭ ᠢ ᠬᠤᠷᠢᠶᠠᠨ ᠵᠠᠰᠠᠴᠢ ᠶᠦᠯᠢ ᠼᠧᠽᠠᠷᠢᠲᠠᠢ ᠲᠡᠮᠡᠴᠡᠭᠡᠳ ᠪᠠᠷ᠎ᠠ ᠦᠭᠡᠢ᠃[10] ᠷᠤᠮᠠᠨᠢᠶ ᠠ ᠮᠡᠳᠡᠯ ᠳᠦ ᠪᠠᠶᠢᠭᠰᠠᠨ ᠲᠠᠪᠤᠨ ᠵᠠᠭᠤᠨ ᠵᠢᠯ ᠦᠨ ᠭᠠᠯᠯ ᠳᠤ ᠯᠢᠨ (ᠭᠠᠯ ᠤᠨ ᠲᠥᠪ ᠪᠠᠶᠢᠭᠰᠠᠨ) ᠮᠡᠲᠦ ᠶᠢᠨ ᠣᠯᠠᠨ ᠬᠣᠲᠠ ᠪᠠᠯᠭᠠᠰᠤ ᠷᠤᠮᠠ ᠬᠢᠴᠡ ᠪᠡᠷ ᠵᠡᠭᠡᠯᠢᠲᠢᠶᠠᠲ᠋ᠷᠠᠮᠹᠢᠲᠢᠶᠠᠲ᠋ᠷᠬᠠᠯᠠᠭᠤᠨ ᠤᠰᠤᠨ ᠤ ᠣᠩᠭᠣᠴᠠᠲᠣᠢ ᠪᠠᠶᠢᠳᠠᠯ ᠢᠶᠠᠷ ᠪᠠᠷᠢᠭᠳᠠᠵᠤ ᠪᠠᠶᠢᠴᠠᠢ᠃[11] V ᠵᠠᠭᠤᠨ ᠳᠤ ᠭᠧᠷᠮᠠᠨ ᠤᠭᠰᠠᠭᠠᠨ ᠤ ᠠᠶᠢᠮᠠᠭ ᠤᠨ ᠳᠣᠪᠲᠣᠯᠭ᠎ᠠ ᠰᠢᠷᠦᠭᠦᠰᠴᠢ[12] ᠷᠤᠮᠠᠨᠢᠶ ᠠ ᠦᠶ᠎ᠡ ᠶᠢ ᠲᠡᠭᠦᠰᠬᠡᠭᠰᠡᠨ᠃[13]

ᠹᠷᠠᠨᠺ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

498 ᠣᠨ ᠳᠤ ᠹᠷᠠᠨᠺ ᠤᠨ I ᠬᠣᠯᠳᠪᠢᠭ ᠸᠠᠩ ᠺᠠᠲ᠋ᠣᠯᠢᠭ ᠱᠠᠰᠢᠨ ᠳᠤ ᠣᠷᠣᠵᠤ ᠠᠳᠢᠰᠯᠠᠭᠤᠯᠵᠠᠢ

ᠤᠮᠠᠷᠠᠳᠤ ᠬᠢᠵᠠᠭᠠᠷ ᠲᠤ ᠪᠠᠶᠢᠭᠰᠠᠨ ᠹᠷᠠᠨᠺ ᠦᠳ ᠳᠠᠪᠰᠢᠵᠤ ᠲᠥᠪ ᠭᠠᠯᠠᠯ ᠢ ᠡᠵᠡᠯᠡᠵᠦ ᠠᠪᠤᠪᠠ᠃ 498 ᠣᠨ ᠳᠤ I ᠬᠣᠯᠳᠪᠢᠭ ᠸᠠᠩ ᠺᠠᠲ᠋ᠣᠯᠢᠭ ᠱᠠᠰᠢᠨ ᠳᠤ ᠣᠷᠣᠭᠰᠠᠨ ᠠᠩᠬᠠᠨ ᠤ ᠭᠧᠷᠮᠠᠨ ᠪᠠᠶᠢᠯᠳᠤᠨ ᠳᠠᠭᠠᠭᠤᠯᠤᠭᠴᠢ ᠪᠣᠯᠵᠠᠢ᠃ ᠹᠷᠠᠨᠺ ᠤᠳ ᠾᠷᠢᠰᠲ ᠲᠦ ᠢᠲᠡᠭᠡᠵᠦ᠂ ᠠᠭᠠᠵᠢᠮ ᠢᠶᠠᠷ ᠭᠧᠷᠮᠠᠨ ᠪᠤᠰᠤ ᠷᠣᠮᠠᠨ ᠲᠥᠷᠥᠯ ᠦᠨ ᠬᠡᠯᠡᠲᠡᠨ ᠪᠣᠯᠵᠤ ᠭᠠᠯᠯᠴᠤᠳ ᠠᠴᠠ ᠢᠯᠭᠠᠷᠠᠭᠰᠠᠨ ᠦᠭᠡᠢ ᠲᠤᠯᠠ ᠭᠠᠯᠠᠯ ᠢ ᠬᠣᠶᠢᠰᠢᠳᠠ «ᠹᠷᠠᠨᠺ» ᠭᠡᠳᠡᠭ ᠪᠣᠯᠵᠠᠢ᠃ I ᠬᠣᠯᠳᠪᠢᠭ ᠢ ᠥᠩᠭᠡᠷᠡᠭᠰᠡᠨ ᠦ ᠳᠠᠷᠠᠭ᠎ᠠ ᠳᠥᠷᠪᠡᠨ ᠬᠥᠪᠡᠭᠦᠨ ᠨᠢ ᠤᠯᠤᠰ ᠢ ᠬᠤᠪᠢᠶᠠᠨ ᠵᠠᠬᠢᠷᠴᠢ᠂ ᠳᠠᠷᠠᠭ᠎ᠠ ᠨᠢ ᠭᠤᠷᠪᠠ᠂ ᠬᠣᠶᠠᠷ ᠪᠣᠯᠤᠭᠠᠳ 679 ᠣᠨ ᠳᠤ III ᠲᠧᠣᠳᠣᠷᠢᠬᠤ ᠳᠠᠬᠢᠨ ᠨᠢᠭᠡᠳᠬᠡᠵᠦ ᠠᠪᠴᠠᠢ᠃ ᠬᠠᠭᠠᠨ ᠤ ᠤᠷᠤᠭ ᠤᠨ ᠴᠢᠳᠠᠯ ᠳᠤᠷᠤᠶᠢᠲᠠᠬᠤ ᠦᠶ᠎ᠡ ᠳᠦ ᠣᠷᠳᠣᠨ ᠤ ᠳᠠᠭᠠᠭᠠᠮᠠᠯ ᠫᠢᠫᠠᠨ ᠲᠥᠷᠥ ᠡᠷᠭᠢᠭᠦᠯᠵᠦ ᠤᠯᠤᠰ ᠤᠨ ᠸᠠᠩ (752–768) ᠰᠠᠭᠤᠭᠠᠳ ᠲᠡᠭᠦᠨ ᠦ ᠣᠷᠣ ᠵᠠᠯᠭᠠᠭᠰᠠᠨ ᠶᠡᠬᠡ ᠺᠠᠷᠯ (800–814) ᠬᠣᠶᠢᠳᠤ᠂ ᠤᠷᠳᠤ ᠦᠭᠡᠢ ᠭᠠᠵᠠᠷ ᠨᠤᠲᠤᠭ ᠢᠶᠠᠨ ᠶᠡᠬᠡ ᠪᠡᠷ ᠲᠡᠯᠡᠪᠡ᠃ 843 ᠣᠨ ᠳᠤ ᠸᠧᠷᠳᠧᠨ ᠦ ᠭᠡᠷ᠎ᠡᠭᠡᠷ᠎ᠡ ᠺᠠᠷᠠᠯ ᠤᠨ ᠭᠤᠷᠪᠠᠨ ᠠᠴᠢ ᠡᠵᠡᠨᠲᠦ ᠭᠦᠷᠦᠨ ᠢ ᠬᠤᠪᠢᠶᠠᠬᠤ ᠳᠤ ᠪᠠᠷᠠᠭᠤᠨ ᠬᠡᠰᠡᠭ ᠨᠢ ᠬᠠᠯᠵᠠᠨ II ᠺᠠᠷᠯ ᠳᠤ ᠢᠷᠡᠭᠰᠡᠨ ᠨᠢ ᠲᠣᠮᠣᠷᠠᠭᠰᠠᠭᠠᠷ ᠠᠷᠪᠠᠨ ᠭᠤᠷᠪᠠᠳᠤᠭᠠᠷ ᠵᠠᠭᠤᠨ ᠠᠴᠠ ᠬᠣᠶᠢᠰᠢ ᠲᠡᠭᠦᠬᠡᠨ ᠢᠶᠡᠨ «ᠹᠷᠠᠨᠼᠢ» ᠭᠡᠭᠳᠡᠭᠰᠡᠨ ᠶᠤᠮ᠃[14]

843–1792 ᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

985–1947 ᠣᠨ ᠤ ᠹᠷᠠᠨᠼᠢ ᠣᠷᠣᠨ ᠤ ᠡᠩ

Iᠲᠠᠪᠤᠳᠤᠭᠠᠷ ᠵᠠᠭᠤᠨ ᠳᠤ ᠸᠢᠭᠩᠭᠴᠢ ᠨᠦᠭᠦᠳ ᠳᠣᠪᠲᠣᠯᠤᠭᠰᠠᠭᠠᠷ ᠤᠮᠠᠷᠠᠳᠤ ᠡᠷᠭᠢ ᠳᠦ ᠨᠣᠷᠮᠠᠨᠳ ᠤᠨ ᠭᠦᠨ ᠳᠦᠤᠯᠤᠰ (911–1204) ᠍ ᠶᠢ ᠪᠠᠶᠢᠭᠤᠯᠵᠤ᠂ ᠬᠠᠷᠢᠨ ᠹᠷᠠᠨᠼᠢ ᠶᠢᠨ ᠸᠠᠩ ᠤᠨ ᠬᠦᠴᠦ ᠳᠣᠷᠣᠶᠢᠳᠠᠵᠤ ᠨᠡᠶᠢᠰᠯᠡᠯ ᠬᠠᠪᠢ ᠪᠠᠨ ᠯᠠ ᠵᠠᠬᠢᠷᠴᠢ ᠪᠠᠶᠢᠪᠠ᠃ ᠡᠶᠢᠮᠦ ᠡᠴᠡ 987 ᠣᠨ ᠳᠤ ᠺᠠᠷᠠᠯ ᠤᠨ ᠤᠳᠤᠮ ᠲᠦᠯᠬᠢᠭᠳᠡᠵᠦ᠂ ᠺᠠᠫᠧᠲ ᠤᠨ ᠬᠢᠨ (987–1328) ᠬᠠᠭᠠᠨ ᠰᠢᠷᠡᠭᠡᠨ ᠢᠶᠡᠨ ᠭᠠᠷᠴᠤ ᠢᠷᠡᠭᠰᠡᠨ᠃ ᠲᠡᠭᠡᠭᠡᠳ ᠵᠠᠭᠠᠯᠮᠠᠶᠢᠲᠠᠨ ᠤ ᠠᠶᠠᠨ ᠳᠠᠶᠢᠨ᠂ ᠳᠣᠲᠣᠭᠠᠳᠤ ᠶᠢᠨ ᠱᠠᠰᠢᠨ ᠤ ᠪᠣᠰᠤᠯᠭ᠎ᠠ ᠲᠠᠢ (1170 ᠣᠨ ᠤ ᠸᠠᠯᠢᠳᠧᠨᠢ ᠬᠥᠳᠡᠯᠭᠡᠭᠡᠨ᠂ 1209–1229 ᠣᠨ ᠤ ᠠᠯᠪᠣᠢᠨ ᠳᠠᠶᠢᠨ) ᠲᠡᠮᠡᠴᠡᠵᠦ ᠪᠠᠶᠢᠯ᠎ᠠ᠃ ᠸᠠᠩ ᠤᠨ ᠲᠢᠲᠢᠮ 1328 ᠣᠨ ᠳᠤ ᠸᠠᠯᠤᠸᠠ᠂ ᠬᠣᠶᠠᠷ ᠵᠠᠭᠤᠨ ᠤ ᠳᠠᠷᠠᠭ᠎ᠠ ᠪᠤᠷᠪᠣᠨ (1589–1792) ᠣᠪᠣᠭᠲᠠᠨ ᠳᠤ ᠰᠢᠯᠵᠢᠵᠡᠢ᠃ ᠵᠠᠭᠤᠨ ᠵᠢᠯ ᠦᠨ ᠳᠠᠶᠢᠨ (1337–1453) ᠍ ᠳᠦ ᠡᠬᠢᠯᠡᠭᠡᠳ ᠠᠩᠭᠯᠢ ᠡᠵᠡᠷᠬᠡᠨ ᠳᠠᠪᠰᠢᠭᠰᠠᠨ ᠴᠤ ᠹᠷᠠᠨᠼᠢ ᠢᠯᠠᠵᠤ ᠭᠠᠵᠠᠷ ᠨᠤᠲᠤᠭ ᠢᠶᠠᠨ ᠬᠠᠳᠠᠭᠠᠯᠠᠵᠤ ᠲᠡᠭᠦᠰᠦᠭᠰᠡᠨ ᠡᠨᠡ ᠦᠶ᠎ᠡ ᠳᠦ ᠵᠣᠷᠢᠭᠲᠤ ᠵᠠᠩᠨᠠ ᠳ’ᠠᠷᠺ ᠲᠣᠳᠣᠷᠠᠭᠰᠠᠨ ᠪᠢᠯᠡ᠃ XI ᠯ ᠳᠦᠣᠸᠢᠭ (1461–1483) ᠍ ᠦᠨ ᠦᠶᠡᠰ ᠸᠠᠩ ᠤᠨ ᠡᠷᠬᠡ ᠬᠢᠵᠠᠭᠠᠷ ᠦᠭᠡᠢ ᠥᠰᠴᠢ᠂ ᠹᠷᠠᠨᠼᠢ ᠴᠤ ᠳᠠᠷᠤᠭ᠎ᠠ ᠶᠢᠨ ᠵᠤᠳ ᠲᠤ ᠧᠦ᠋ᠷᠣᠫᠠ ᠍ ᠤᠨ ᠤᠯᠤᠰ ᠲᠥᠷᠥ ᠶᠢᠨ ᠭᠣᠣᠯ ᠲᠣᠭᠯᠠᠭᠴᠢ᠂ ᠹᠷᠠᠨᠼᠢ ᠬᠡᠯᠡ ᠧᠦ᠋ᠷᠣᠫᠠ ᠶᠢᠨ ᠢᠵᠠᠭᠤᠷᠲᠠᠨ ᠠᠩᠬᠢ ᠶᠢᠨ ᠬᠡᠯᠡ ᠪᠣᠯᠵᠠᠢ᠃ 1494–1559 ᠣᠨ ᠳᠤ ᠹᠷᠠᠨᠼᠢ ᠤᠯᠤᠰ ᠢᠲ᠋ᠠᠯᠢ ᠶᠢᠨ ᠳᠠᠶᠢᠨ ᠳᠤ ᠤᠷᠤᠯᠴᠠᠪᠠ᠃ ᠤᠯᠤᠰ ᠳᠣᠲᠣᠷ᠎ᠠ ᠰᠢᠨ᠎ᠡ ᠫᠷᠣᠲ᠋ᠧᠰᠲ᠋ᠠᠨᠲ᠂ ᠬᠠᠭᠤᠴᠢᠨ ᠺᠠᠲ᠋ᠣᠯᠢᠭ ᠨᠣᠮ ᠢᠶᠠᠷ ᠲᠠᠯᠠᠴᠠᠨ ᠳᠠᠶᠢᠲᠤᠵᠤ 1572 ᠣᠨ ᠤ ᠸᠠᠷᠹᠣᠯᠣᠮᠧᠢ ᠶᠢᠨ ᠰᠥᠨᠢ 30000 ᠬᠦᠮᠦᠨ ᠬᠢᠳᠤᠭᠳᠠᠵᠤ ᠪᠠᠶᠢᠭᠰᠠᠨ᠃ 1635–1659 ᠣᠨ ᠳᠤ ᠢᠰᠫᠠᠨᠢ᠂ 1672–1678 ᠣᠨ ᠳᠤ ᠬᠣᠯᠠᠨᠳ᠋ᠲᠠᠢ ᠪᠠᠶᠢᠯᠳᠤᠵᠤ᠂ 1688–1697 ᠣᠨ ᠳᠤ ᠫᠹᠠᠯᠢᠼᠡᠶᠢᠨ᠂ 1701–1713 ᠣᠨ ᠳᠤ ᠢᠰᠫᠠᠨᠢ ᠶᠢᠨ ᠥᠪ ᠦᠨ ᠲᠥᠯᠥᠭᠡ ᠳᠠᠶᠢᠨ ᠳᠤ ᠬᠤᠰᠢᠭᠤ ᠳᠦᠷᠦᠵᠦ ᠥᠩᠭᠡᠷᠡᠴᠡᠢ᠃

ᠡᠭᠦᠨ ᠦ ᠬᠠᠵᠠᠭᠤ ᠪᠠᠷ ᠵᠠᠺ ᠺᠠᠷᠲᠦᠶ᠎ᠡ ᠳᠠᠯᠠᠶᠢᠴᠢᠨ 1534 ᠣᠨ ᠳᠤ ᠠᠮᠧᠷᠢᠺᠠ ᠲᠢᠪ ᠦᠨ ᠨᠶᠹᠠᠤᠨᠳᠯᠠᠨᠳᠠᠳᠠ ᠭᠠᠵᠠᠷᠳᠠᠰᠤᠨ ᠠᠴᠠ ᠡᠬᠢᠯᠡᠨ ᠹᠷᠠᠨᠼᠢ ᠺᠣᠯᠤᠨᠢᠴᠢᠯᠠᠬᠤ ᠠᠶᠠᠨ ᠳᠤ ᠮᠣᠷᠳᠠᠭᠰᠠᠨ᠃ ᠡᠬᠢᠨ ᠦ ᠡᠭᠡᠯᠵᠢᠨ ᠳᠦ ᠰᠢᠨ᠎ᠡ ᠹᠷᠠᠨᠼᠢ ᠭᠡᠵᠦ ᠪᠠᠶᠢᠭᠰᠠᠨ ᠨᠢ 1760 ᠣᠨ ᠠᠴᠠ ᠠᠯᠳᠠᠷᠴᠢ ᠠᠮᠧᠷᠢᠺᠠ ᠶᠢᠨ ᠨᠢᠭᠡᠳᠦᠭᠰᠡᠨ ᠤᠯᠤᠰᠺᠠᠨᠠᠳᠠ ᠪᠣᠯᠤᠨ ᠥᠭᠡᠷᠡᠴᠢᠯᠡᠭᠳᠡᠭᠰᠡᠨ ᠪᠣᠯ ᠺᠠᠷᠠᠪ ᠤᠨ ᠲᠡᠩᠭᠢᠰ ᠬᠠᠪ ᠤᠨ ᠹᠷᠠᠨᠼᠢ ᠶᠢᠨ ᠥᠷᠥᠨ᠎ᠡ ᠡᠨᠡᠳᠬᠡᠭ ᠺᠣᠯᠣᠨᠢ ᠠᠴᠠ ᠶᠡᠬᠡᠩᠬᠢ ᠨᠢ ᠹᠷᠠᠨᠼᠢ ᠶᠢᠨ ᠮᠡᠳᠡᠯ ᠳᠦ ᠦᠯᠡᠳᠡᠵᠦ᠂ ᠬᠠᠶᠢᠲ᠋ᠢᠰᠧᠨᠲ-ᠯᠢᠶᠦ᠋ᠰ ᠵᠡᠷᠭᠡ ᠵᠠᠷᠢᠮ ᠨᠢ ᠲᠤᠰᠠᠭᠠᠷ ᠲᠣᠭᠲᠠᠨᠢᠵᠠᠢ᠃ 1624 ᠣᠨ ᠳᠤ ᠥᠷᠥᠨ᠎ᠡ ᠠᠹᠷᠢᠺᠠ ᠶᠢᠨ ᠰᠧᠨ᠋ᠸᠭᠠᠯ ᠳᠤ ᠭᠠᠵᠠᠷᠳᠠᠵᠤ᠂ 1763 ᠣᠨ ᠳᠤ ᠡᠮᠦᠨ᠎ᠡ ᠠᠮᠧᠷᠢᠺᠠ ᠳᠠᠬᠢ ᠭᠪᠢᠶᠠᠨ ᠢ ᠺᠣᠯᠣᠨᠢᠴᠢᠯᠠᠨ ᠠᠪᠴᠠᠢ᠃ ᠪᠷᠢᠲ᠋ᠠᠨ(ᠠᠩᠭᠯᠢ) ᠲᠠᠢ ᠺᠣᠯᠣᠨᠢ ᠪᠤᠯᠢᠶᠠᠯᠴᠠᠯᠳᠤᠭᠠᠳ 1763 ᠣᠨ ᠳᠤ ᠰᠢᠨ᠎ᠡ ᠹᠷᠠᠨᠼᠢ ᠶᠢ ᠠᠯᠠᠳᠠᠨ ᠢᠯᠠᠭᠳᠠᠪᠠ᠃ ᠡᠭᠦᠨ ᠡᠴᠡ ᠸᠠᠩ ᠠᠮᠧᠷᠢᠺᠠ ᠶᠢᠨ ᠲᠤᠰᠠᠭᠠᠷ ᠲᠣᠭᠲᠠᠨᠢᠯ ᠢ ᠳᠡᠮᠵᠢᠵᠦ᠂ ᠰᠠᠩᠬᠦᠦ ᠪᠡᠨ ᠳᠣᠷᠣᠶᠢᠲᠠᠭᠤᠯᠤᠭᠠᠳ ᠥᠪᠡᠷ ᠢᠶᠡᠨ ᠬᠤᠰᠤᠭᠤᠯᠵᠠᠢ᠃ ᠰᠡᠷᠭᠦᠨ ᠮᠠᠨᠳᠤᠯᠲᠠ ᠶᠢᠨ ᠡᠨᠡ ᠦᠶ᠎ᠡ ᠳᠦ ᠠ᠃ ᠯᠠᠪᠠᠵᠡᠶ᠎ᠡ ᠨᠠᠷ ᠤᠨ ᠣᠯᠠᠨ ᠡᠷᠳᠡᠮᠲᠡᠨ ᠲᠥᠷᠦᠵᠢ ᠭᠠᠷᠤᠭᠰᠠᠨ᠃

ᠬᠤᠪᠢᠰᠬᠠᠯ ᠠᠴᠠ ᠬᠣᠶᠢᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1830 ᠣᠨ ᠤ ᠬᠤᠪᠢᠰᠬᠠᠯ ᠤᠨ ᠵᠢᠷᠤᠭ
ᠬᠣᠯᠪᠣᠭᠠᠲᠠᠨ ᠤ ᠴᠡᠷᠢᠭ ᠨᠣᠷᠮᠠᠨ ᠳᠤᠠᠳᠠ ᠭᠠᠵᠠᠷᠳᠠᠵᠤ ᠪᠠᠷᠠᠭᠤᠨ ᠹᠷᠠᠨᠲ ᠢ ᠨᠡᠭᠡᠭᠡᠵᠡᠢ

1789 ᠣᠨ ᠳᠤ ᠪᠠᠰᠲ᠋ᠢᠯ ᠦᠨ ᠭᠢᠨᠳᠠᠨ ᠢ ᠡᠵᠡᠯᠡᠵᠦ ᠠᠪᠤᠭᠰᠠᠨ ᠢᠶᠠᠷ ᠡᠬᠢᠯᠡᠭᠰᠡᠨ ᠬᠤᠪᠢᠰᠬᠠᠯ ᠸᠠᠩ ᠤᠨ ᠬᠡᠮᠵᠢᠶ᠎ᠡ ᠦᠭᠡᠢ ᠡᠷᠬᠡ ᠶᠢ ᠬᠡᠮᠵᠢᠶ᠎ᠡ ᠳᠦ ᠡᠷᠬᠡ ᠪᠣᠯᠭᠠᠭᠠᠳ ᠵᠣᠭᠰᠣᠯ ᠦᠭᠡᠢ ᠬᠦᠮᠦᠨ ᠦ ᠡᠷᠬᠡᠢᠷᠭᠡᠨ ᠦ ᠡᠷᠬᠡᠡᠶᠢᠭ ᠲᠤᠩᠬᠠᠭᠯᠠᠵᠤ᠂ 1792 ᠣᠨ ᠳᠤ ᠪᠦᠭᠦᠳᠡ ᠨᠠᠶᠢᠷᠠᠮᠳᠠᠬᠤ ᠹᠷᠠᠨᠼᠢ ᠤᠯᠤᠰ ᠢ ᠠᠩᠬ᠎ᠠ ᠤᠳᠠᠭ᠎ᠠ ᠪᠠᠶᠢᠭᠤᠯᠪᠠ᠃[15] ᠧᠦᠢᠷᠣᠫᠠ ᠶᠢᠨ ᠪᠤᠰᠤᠳ ᠣᠷᠣᠨ ᠤ ᠸᠠᠩᠭ᠎ᠠ ᠨᠤᠭᠤᠳ ᠰᠢᠨ᠎ᠡ ᠳᠢᠭᠯᠢᠮ ᠳᠦ ᠳᠤᠷᠠᠭᠦᠶᠢᠴᠡᠵᠦ ᠹᠷᠠᠨᠼᠢ ᠸᠠᠩ ᠤᠨᠬᠠᠭᠤᠴᠢᠨ ᠡᠷᠬᠡ ᠶᠢ ᠰᠡᠷᠭᠦᠭᠡᠬᠦ ᠶᠢ ᠣᠷᠣᠯᠳᠤᠵᠤ ᠣᠯᠠᠨ ᠤᠯᠤᠰ ᠤᠨ ᠲᠡᠮᠡᠴᠡᠯᠳᠦᠭᠡᠨ ᠪᠣᠯᠤᠭᠰᠠᠨ ᠴᠤ ᠬᠦᠴᠦ ᠪᠡᠨ ᠠᠪᠤᠭᠰᠠᠨ ᠹᠷᠠᠨᠼᠢ ᠶᠢᠨ ᠬᠤᠪᠢᠰᠬᠠᠯᠴᠢᠳ 1792–1802 ᠣᠨ ᠤ ᠬᠣᠭᠣᠷᠣᠨᠳᠣ ᠪᠦᠭᠦᠳᠡ ᠶᠢ ᠢᠯᠠᠨ ᠳᠡᠶᠢᠯᠪᠡ᠃ ᠹᠷᠠᠨᠼᠢ ᠳᠤ 1793-1796 ᠣᠨ ᠤ ᠬᠣᠭᠣᠷᠣᠨᠳᠣ ᠯᠠ ᠭᠡᠬᠦ ᠳᠦ 200,000–450,000 ᠬᠦᠮᠦᠨ ᠦ ᠠᠮᠢ ᠦᠷᠡᠭᠳᠡᠭᠰᠡᠨ ᠭᠡᠳᠡᠭ᠃[16] ᠨᠠᠫᠣᠯᠶᠣᠨ ᠪᠤᠨᠠᠫᠠᠷᠲ 1799 ᠣᠨ ᠳᠤ ᠵᠠᠰᠠᠭ ᠤᠨ ᠡᠷᠬᠡ ᠶᠢ ᠠᠪᠴᠤ 1804 ᠣᠨ ᠳᠤ ᠹᠷᠠᠨᠼᠢ ᠶᠢᠨ ᠬᠠᠭᠠᠨ ᠪᠣᠯᠪᠠ᠃ ᠹᠷᠠᠨᠼᠢ ᠶᠢ ᠡᠰᠡᠷᠭᠦᠴᠡᠭᠰᠡᠨ ᠶᠡᠬᠡ ᠪᠷᠢᠲ᠋ᠠᠨ(ᠠᠩᠭᠯᠢ) ᠲᠡᠷᠢᠭᠦᠲᠡᠢ ᠧᠦ᠋ᠷᠣᠫᠠ ᠶᠢᠨ ᠣᠷᠣᠨ ᠨᠤᠭᠤᠳ ᠲᠠᠢ ᠹᠷᠠᠨᠼᠢ ᠬᠠᠮᠰᠠᠭᠠᠲᠠᠨ ᠨᠤᠭᠤᠳ ᠤᠨ ᠢᠶᠠᠨ ᠬᠠᠮᠲᠤ ᠪᠠᠷ ᠳᠠᠶᠢᠲᠤᠵᠤ ᠪᠦᠭᠦᠳᠡ ᠶᠢ ᠳᠡᠶᠢᠯᠵᠦ ᠬᠠᠷᠢᠶ᠎ᠠ ᠨᠤᠲᠤᠭ ᠢᠶᠠᠨ ᠲᠡᠯᠡᠨ ᠲᠣᠮᠣᠷᠠᠭᠰᠠᠨ ᠪᠣᠯᠪᠠᠴᠤ 1812 ᠣᠨ ᠳᠤ ᠣᠷᠣᠰ ᠢ ᠪᠠᠷᠤᠯ ᠦᠭᠡᠢ ᠪᠤᠴᠠᠭᠠᠳ 1815 ᠣᠨ ᠳᠤ ᠸᠠᠲ᠋ᠧᠷᠯᠠᠭᠠᠳ ᠢᠯᠠᠭᠳᠠᠭᠰᠠᠨ ᠢᠶᠠᠷ ᠤᠭ ᠨᠤᠲᠤᠭ ᠲᠤ ᠪᠠᠨ ᠡᠷᠭᠢᠨ ᠪᠠᠭᠤᠵᠤ᠂ ᠪᠤᠷᠪᠣᠨ ᠣᠪᠣᠭᠲᠠᠨ ᠸᠠᠩ ᠤᠨ ᠰᠠᠭᠤᠷᠢᠨ ᠳᠤ ᠳᠠᠬᠢᠨ (1815–1830) ᠭᠠᠷᠴᠠᠢ᠃[17] 1830 ᠣᠨ ᠤ ᠳᠣᠯᠣᠭᠠᠳᠤᠭᠠᠷ ᠰᠠᠷ᠎ᠠ ᠳᠤ ᠲᠥᠷᠥ ᠠᠬᠢᠨ ᠬᠤᠪᠢᠰᠴᠢ᠂ ᠪᠦᠭᠦᠳᠡ ᠨᠠᠶᠢᠷᠠᠮᠳᠠᠬᠤ ᠤᠯᠤᠰ ᠬᠣᠶᠠᠷ ᠳ᠋ᠡᠬᠢ ᠤᠳᠤᠭ᠎ᠠ ᠪᠠᠨ ᠪᠠᠶᠢᠭᠤᠯᠤᠭᠳᠠᠪᠠ᠃ ᠡᠭᠦᠨ ᠦ ᠵᠢᠱᠢᠭ ᠢᠶᠡᠷ 1848 ᠣᠨ ᠳᠤ ᠧᠦ᠋ᠷᠣᠫᠠ ᠳᠠᠶᠠᠭᠠᠷ ᠬᠤᠪᠢᠰᠬᠠᠯ ᠭᠠᠷᠴᠤ ᠪᠣᠭᠣᠴᠢᠯᠠᠯ ᠠᠴᠠ ᠲᠠᠲᠠᠭᠠᠯᠵᠠᠵᠤ᠂ ᠰᠣᠩᠭᠣᠭᠤᠯᠢ ᠳᠤ ᠪᠦᠬᠦ ᠠᠩᠬᠢ ᠶᠢᠨ ᠡᠷᠡᠴᠦᠳ ᠰᠠᠨᠠᠯ ᠥᠭᠳᠡᠭ ᠪᠣᠯᠤᠭᠰᠠᠨ ᠶᠤᠮ᠃

1870 ᠣᠨ ᠳᠤ ᠭᠧᠷᠮᠠᠨ ᠤᠯᠤᠰ ᠨᠢᠭᠡᠳᠦᠨ ᠪᠠᠶᠢᠭᠤᠯᠤᠭᠳᠠᠬᠤ ᠶᠢ ᠰᠥᠷᠦᠵᠦ ᠪᠠᠶᠢᠯᠳᠤᠵᠤ ᠪᠠᠶᠢᠭᠰᠠᠨ ᠪᠣᠯ ᠳᠡᠯᠡᠬᠡᠢ ᠶᠢᠨ ᠨᠢᠭᠡᠳᠦᠭᠡᠷ ᠳᠠᠶᠢᠨ ᠳᠤ ᠠᠨᠲ᠋ᠠᠨᠲ ᠤᠨ᠂ ᠬᠣᠶᠠᠳᠤᠭᠠᠷ ᠳᠠᠶᠢᠨ ᠳᠤ ᠬᠣᠯᠪᠣᠭᠠᠲᠠᠨ ᠤ ᠲᠠᠯ᠎ᠠ ᠭᠡᠳ ᠮᠥᠨ ᠭᠧᠷᠮᠠᠨ ᠤ ᠡᠰᠡᠷᠬᠦ ᠲᠠᠯ᠎ᠠ ᠳᠤ ᠪᠠᠭᠲᠠᠨ ᠳᠠᠶᠢᠲᠤᠵᠤ ᠪᠠᠶᠢᠪᠠ᠃ I ᠳᠠᠶᠢᠨ ᠳᠤ ᠬᠦᠮᠦᠨ ᠠᠮᠠ ᠶᠢᠨ ᠢᠶᠠᠨ 4% (1.2 ᠰᠠᠶ᠎ᠠ) ᠍ ᠢ ᠠᠯᠠᠳᠠᠭᠰᠠᠨ[18] ᠪᠣᠯ II ᠳᠠᠶᠢᠨ ᠳᠤ 55 ᠲᠦᠮᠡᠨ (1.35%) ᠠᠮᠢ ᠡᠷᠭᠦᠵᠡᠢ᠃ ᠳᠠᠶᠢᠨ ᠳᠤ ᠦᠨᠳᠦᠰᠦᠨ ᠣᠷᠣᠨ ᠢᠶᠠᠨ ᠡᠵᠡᠯᠡᠭᠦᠯᠵᠦ ᠪᠠᠯᠠᠷᠠᠭᠰᠠᠨ ᠹᠷᠠᠨᠼᠢ ᠳᠠᠶᠢᠨ ᠳᠠᠭᠤᠰᠬᠤ ᠳᠤ ᠤᠯᠤᠰ ᠢᠶᠠᠨ ᠪᠣᠰᠬᠠᠨ ᠺᠣᠯᠣᠨᠢ ᠷᠠᠭᠤ ᠶᠢ ᠪᠠᠨ ᠡᠷᠭᠢᠵᠦ ᠬᠠᠨᠳᠤᠭᠰᠠᠨ᠃ ᠡᠨᠡᠳᠬᠡᠭ-ᠳᠤᠮᠳᠠᠳᠤ ᠶᠢᠨ ᠬᠣᠶᠢᠭ ᠳᠠᠬᠢ ᠺᠣᠯᠣᠨᠢ ᠪᠠᠨ ᠰᠡᠷᠭᠦᠭᠡᠬᠦ ᠶᠢ ᠬᠦᠰᠡᠭᠰᠡᠨ ᠴᠤ ᠸᠢᠶᠧᠲ᠋ᠨᠠᠮᠴᠢ ᠨᠤᠭᠤᠳ ᠪᠠᠭᠤᠵᠤ ᠥᠭᠭᠦᠭᠰᠡᠨ ᠦᠭᠡᠢ 1954 ᠣᠨ ᠤ ᠵᠧᠨᠧᠪ ᠦᠨ ᠪᠠᠭ᠎ᠠ ᠬᠤᠷᠠᠯ ᠢᠶᠠᠷ ᠺᠣᠮᠮᠤᠨᠢᠰ ᠲᠤ᠂ ᠡᠪ ᠬᠠᠮᠳᠣ ᠪᠤᠰᠤ ᠬᠣᠶᠠᠷ ᠤᠯᠤᠰ ᠪᠣᠯᠤᠭᠠᠳ ᠹᠷᠠᠨᠼᠢ ᠳᠤ ᠣᠯᠳᠠᠬᠤ ᠬᠥᠭ ᠥᠩᠭᠡᠷᠡᠴᠡᠢ᠃ ᠲᠡᠷᠡ ᠵᠢᠯ ᠬᠠᠮᠤᠭ ᠤᠨ ᠴᠢᠬᠤᠯᠠ ᠺᠣᠯᠣᠨᠢ ᠠᠯᠵᠢᠷᠢᠶ ᠠ ᠹᠷᠠᠨᠼᠢ ᠶᠢᠨ ᠡᠰᠡᠷᠬᠦ ᠪᠣᠰᠤᠭᠠᠳ 1962 ᠣᠨ ᠳᠤ ᠰᠠᠨᠠᠭᠰᠠᠨ ᠳᠤ ᠪᠠᠨ ᠬᠦᠷᠡᠬᠦ ᠲᠡᠢ ᠵᠡᠷᠭᠡᠴᠡᠨ 1956 ᠣᠨ ᠳᠤ ᠲᠤᠨᠢᠰᠮᠠᠷᠣᠺᠺᠣ᠂ 1960 ᠣᠨ ᠳᠤ ᠪᠤᠰᠤᠳ ᠣᠯᠠᠨ ᠣᠷᠣᠨ ᠹᠷᠠᠨᠼᠢ ᠠᠴᠠ ᠲᠤᠰᠠᠭᠠᠷ ᠲᠣᠭᠲᠠᠨᠢᠭᠰᠠᠨ᠃ ᠹᠷᠠᠨᠼᠢ ᠶᠢᠨ ᠬᠠᠷᠢᠶᠠᠨ ᠳᠤ ᠦᠯᠡᠳᠡᠭᠰᠡᠨ ᠨᠢ ᠪᠠᠰᠠ ᠴᠥᠭᠡᠨ ᠦᠭᠡᠢ ᠪᠥᠭᠡᠳ ᠡᠳᠦᠭᠡ ᠹᠷᠠᠨᠼᠢ ᠶᠢᠨ ᠳᠠᠯᠠᠢ ᠶᠢᠨ ᠴᠢᠨᠠᠳᠤ ᠠᠶᠢᠮᠠᠭ᠂ ᠨᠤᠲᠤᠭ ᠳᠡᠪᠢᠰᠬᠡᠷ ᠭᠡᠳᠡᠭ᠃

ᠲᠠᠪᠤᠳᠤᠭᠠᠷ ᠪᠦᠭᠦᠳᠡ ᠨᠠᠶᠢᠷᠠᠮᠳᠠᠬᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1958 ᠣᠨ ᠤ 10 ᠰᠠᠷ᠎ᠠ ᠶᠢᠨ 14 ᠍ ᠳᠦ ᠹᠷᠠᠨᠼᠢ ᠳᠤ ᠰᠢᠨ᠎ᠡ ᠦᠨᠳᠦᠰᠦᠨ ᠬᠠᠤᠯᠢ ᠮᠥᠷᠳᠡᠵᠦ ᠡᠬᠢᠯᠡᠭᠰᠡᠨ ᠢᠶᠡᠷ ᠥᠨᠥᠳᠥᠷ ᠦᠷᠭᠦᠯᠵᠢᠯᠡᠵᠦ ᠪᠤᠢ «ᠲᠠᠪᠤᠳᠤᠭᠠᠷ ᠪᠦᠭᠦᠳᠡ ᠨᠠᠶᠢᠷᠠᠮᠳᠠᠬᠤ ᠤᠯᠤᠰ» ᠬᠡᠮᠡᠬᠦ ᠡᠷᠢᠨ ᠡᠬᠢᠯᠡᠵᠡᠢ᠃[19] ᠭᠣᠣᠯ ᠥᠭᠡᠷᠡᠴᠢᠯᠡᠯᠲᠡ ᠭᠡᠪᠡᠯ ᠫᠠᠷᠯᠠᠮᠧᠨᠲᠡᠶᠢᠨ ᠡᠷᠬᠡ ᠮᠡᠳᠡᠯ ᠳᠠᠪᠠᠮᠠᠭᠠᠶᠢᠯᠠᠵᠤ ᠪᠠᠶᠢᠭᠰᠠᠨ ᠢ ᠬᠠᠯᠠᠵᠤ ᠶᠡᠷᠦᠩᠬᠡᠶᠢᠯᠡᠭᠴᠢᠡᠶᠢᠨ ᠡᠷᠬᠡ ᠮᠡᠳᠡᠯ ᠳᠠᠪᠠᠮᠠᠭᠠᠢ ᠪᠣᠯᠤᠭᠰᠠᠨ ᠬᠡᠷᠡᠭ ᠶᠤᠮ᠃ ᠲᠡᠷᠡ ᠦᠶ᠎ᠡ ᠳᠦ ᠰᠢᠷᠠᠯ ᠳᠧ ᠭᠣᠣᠯᠯ (1959–1969) ᠶᠡᠷᠦᠩᠬᠡᠶᠢᠯᠡᠭᠴᠢ ᠪᠠᠶᠢᠭᠰᠠᠨ᠃ ᠳᠠᠶᠢᠨ ᠤ ᠳᠠᠷᠠᠭ᠎ᠠ ᠬᠤᠷᠳᠤᠴᠠ ᠲᠠᠢ ᠠᠵᠤ ᠦᠢᠯᠡᠳᠪᠦᠷᠢᠵᠢᠵᠦ᠂ ᠨᠡᠶᠢᠭᠡᠮ ᠤᠨ ᠪᠦᠬᠦ ᠰᠠᠯᠪᠤᠷᠢ ᠳᠡᠪᠰᠢᠪᠡ᠃ 1960 ᠣᠨ ᠳᠤ ᠴᠥᠮ᠎ᠡ ᠶᠢᠨ ᠵᠡᠪᠰᠡᠭᠲᠡᠢ ᠪᠣᠯᠤᠭᠰᠠᠨ᠃ ᠮᠥᠨ North Atlantic Treaty Organization, ᠧᠦ᠋ᠷᠣᠫᠠ ᠶᠢᠨ ᠬᠣᠯᠪᠣᠭ᠎ᠠ ᠶᠢ ᠪᠠᠶᠢᠭᠤᠯᠤᠯᠴᠠᠵᠠᠢ᠃

ᠤᠯᠤᠰ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠶᠡᠷᠦᠩᠬᠡᠶᠢᠯᠡᠭᠴᠢ ᠹᠷᠠᠨᠰᠤᠶᠠ ᠣᠯᠯᠠᠨ᠋ᠳ᠋

ᠹᠷᠠᠨᠼᠢ ᠤᠯᠤᠰ ᠨᠢᠭᠡᠳᠦᠮᠡᠯ ᠲᠥᠷᠥ ᠶᠢᠨ ᠪᠠᠶᠢᠭᠤᠯᠤᠮᠵᠢ᠂ ᠶᠡᠷᠦᠩᠬᠡᠶᠢᠯᠡᠭᠴᠢ ᠶᠢᠨ ᠡᠷᠬᠡ ᠮᠡᠳᠡᠯ ᠳᠠᠪᠠᠭᠤ ᠪᠦᠭᠦᠳᠡ ᠨᠠᠶᠢᠷᠠᠮᠳᠠᠬᠤ ᠵᠠᠰᠠᠭ ᠲᠤ ᠲᠥᠷᠥ ᠶᠢᠨ ᠬᠡᠯᠪᠡᠷᠢ᠂ ᠠᠷᠠᠳᠴᠢᠯᠠᠭᠰᠠᠨ ᠤᠯᠤᠰ ᠲᠥᠷᠥ ᠶᠢᠨ ᠳᠢᠭᠯᠢᠮ ᠲᠡᠢ᠃[20] ᠣᠳᠣ ᠦᠢᠯᠡᠴᠢᠯᠡᠵᠦ ᠪᠤᠢ ᠦᠨᠳᠦᠰᠦᠨ ᠬᠠᠤᠯᠢ ᠨᠢ 1958 ᠣᠨ ᠤ IX ᠰᠠᠷ᠎ᠠ ᠶᠢᠨ 28 ᠍ ᠳᠦ ᠪᠦᠬᠦ ᠠᠷᠠᠳ ᠤᠨ ᠰᠠᠨᠠᠯ ᠠᠰᠠᠭᠤᠯᠭ᠎ᠠ ᠪᠠᠷ ᠪᠠᠲᠤᠯᠠᠭᠳᠠᠵᠠᠢ᠃ ᠰᠢᠨ᠎ᠡ ᠦᠨᠳᠦᠰᠦᠨ ᠬᠠᠤᠯᠢ ᠶᠣᠰᠣᠭᠠᠷ ᠲᠥᠷᠥ ᠤᠯᠤᠰ ᠪᠣᠯᠤᠨ ᠵᠠᠰᠠᠭ ᠤᠨ ᠭᠠᠵᠠᠷ ᠤᠨ ᠲᠡᠷᠢᠭᠦᠨ ᠨᠢ ᠶᠡᠷᠦᠩᠬᠡᠶᠢᠯᠡᠭᠴᠢ ᠪᠥᠭᠡᠳ ᠪᠦᠬᠦ ᠨᠡᠶᠢᠲᠡ ᠶᠢᠨ ᠰᠢᠭᠤᠳ ᠰᠣᠩᠭᠣᠭᠤᠯᠢ ᠪᠠᠷ 5 ᠵᠢᠯ ᠦᠨ ᠬᠤᠭᠤᠴᠠᠭ᠎ᠠ ᠲᠠᠢ (2000 ᠣᠨ ᠤ ᠦᠨᠳᠦᠰᠦᠨ ᠬᠠᠤᠯᠢ ᠶᠢᠨ ᠥᠭᠡᠷᠡᠴᠢᠯᠡᠯᠲᠡ ᠡᠴᠡ ᠡᠮᠦᠨ᠎ᠡ 7 ᠵᠢᠯ ᠪᠠᠶᠢᠭᠰᠠᠨ) ᠰᠣᠩᠭᠣᠭᠳᠠᠳᠠᠭ᠃ ᠣᠳᠣ ᠶᠢᠨ ᠪᠤᠶᠤ ᠤᠯᠤᠰ ᠤᠨ ᠲᠡᠦᠬᠡᠨ ᠳ᠋ᠡᠬᠢ 24 ᠍ ᠳᠦᠭᠡᠷ ᠶᠡᠷᠦᠩᠬᠡᠶᠢᠯᠡᠭᠴᠢ ᠹᠷᠠᠨᠰᠤᠶᠠ ᠣᠯᠯᠠᠨ᠋ᠳ᠋ 2012 ᠣᠨ ᠤ IV ᠰᠠᠷ᠎ᠠ ᠳᠤ ᠠᠵᠢᠯ ᠢᠶᠠᠨ ᠬᠠᠷᠢᠭᠤᠴᠠᠵᠤ ᠠᠪᠤᠭᠰᠠᠨ᠃

ᠹᠷᠠᠨᠼᠢ ᠤᠯᠤᠰ ᠤᠨ ᠬᠠᠤᠯᠢ ᠴᠠᠭᠠᠵᠠ ᠪᠠᠲᠤᠯᠠᠬᠤ ᠤᠯᠤᠰ ᠤᠨ ᠬᠤᠷᠠᠯ (ᠫᠠᠷᠯᠠᠮᠧᠨᠲ) ᠬᠣᠶᠠᠷ ᠲᠠᠩᠬᠢᠮ ᠲᠠᠢ᠃ ᠡᠭᠦᠨ ᠳᠦ 348 ᠰᠠᠭᠤᠳᠠᠯ᠂ 9 ᠵᠢᠯ ᠦᠨ ᠬᠤᠭᠤᠴᠠᠭ᠎ᠠ ᠲᠠᠢ ᠳᠡᠭᠡᠳᠦ ᠲᠠᠩᠬᠢᠮ ᠰᠧᠨᠠᠲ (Sénat), 577 ᠲᠥᠯᠥᠭᠡᠯᠡᠭᠴᠢ 5 ᠵᠢᠯ ᠰᠠᠭᠤᠬᠤ ᠳ᠋ᠣᠣ ᠳᠤ ᠲᠠᠩᠬᠢᠮ ᠤᠯᠤᠰ ᠤᠨ ᠬᠤᠷᠠᠯ (Assemblée nationale) ᠬᠣᠶᠠᠷ ᠣᠷᠣᠨ᠎ᠠ᠃ ᠰᠧᠨᠠᠲ ᠵᠠᠰᠠᠭ ᠤᠨ ᠭᠠᠵᠠᠷ ᠤᠨ ᠦᠢᠯᠡ ᠠᠵᠢᠯᠯᠠᠭ᠎ᠠ ᠶᠢ ᠬᠢᠨᠠᠳᠠᠭ ᠪᠣᠯ ᠤᠯᠤᠰ ᠤᠨ ᠬᠤᠷᠠᠯ ᠬᠡᠷᠡᠭᠵᠢᠭᠦᠯᠬᠦ ᠵᠠᠰᠠᠭ ᠤᠨ ᠭᠠᠵᠠᠷ (ᠰᠠᠶᠢᠳ ᠨᠠᠷ) ᠍ ᠢ ᠲᠣᠮᠢᠯᠠᠵᠤ᠂ ᠣᠭᠴᠠᠷᠠᠭᠤᠯᠵᠤ ᠴᠢᠳᠠᠨ᠎ᠠ᠃ ᠬᠠᠷᠢᠨ ᠨᠥᠭᠥᠭᠡ ᠲᠠᠯ᠎ᠠ ᠠᠴᠠ ᠤᠯᠤᠰ ᠤᠨ ᠶᠡᠷᠦᠩᠬᠡᠶᠢᠯᠡᠭᠴᠢ ᠤᠯᠤᠰ ᠤᠨ ᠬᠤᠷᠠᠯ ᠢ ᠲᠠᠷᠠᠭᠠᠬᠤ᠂ ᠰᠢᠨ᠎ᠡ ᠰᠣᠩᠭᠣᠭᠤᠯᠢ ᠵᠠᠷᠯᠠᠨ ᠶᠠᠪᠤᠭᠤᠯᠬᠤ ᠡᠷᠬᠡ ᠲᠡᠢ᠃


1980 ᠍ ᠊ᠭᠠᠳ ᠣᠨ ᠠᠴᠠ ᠬᠣᠶᠢᠰᠢ ᠹᠷᠠᠨᠼᠢ ᠶᠢᠨ ᠨᠠᠮᠤ ᠳᠤ ᠦᠨᠳᠦᠰᠦᠨ ᠬᠣᠶᠠᠷ ᠴᠢᠭᠢ ᠲᠡᠢ ᠪᠣᠯᠵᠤ ᠲᠣᠭᠲᠠᠭᠰᠠᠨ᠃ ᠡᠨᠡ ᠨᠢ:

 • ᠰᠣᠴᠢᠶᠠᠯᠢᠰᠲᠤ ᠨᠠᠮ (ᠣᠳᠣ ᠡᠷᠬᠡ ᠪᠠᠷᠢᠵᠤ ᠪᠤᠢ) ᠮᠠᠩᠯᠠᠶᠢᠯᠠᠵᠤ᠂ ᠧᠦ᠋ᠷᠣᠫᠠ ᠡᠺᠣᠯᠣᠭᠢ ᠨᠣᠭᠣᠭᠠᠨ᠂ ᠵᠡᠭᠦᠨ ᠦ ᠨᠠᠮ᠂ ᠡᠷᠡᠰ ᠵᠡᠭᠦᠨ ᠨᠠᠮ ᠵᠡᠷᠭᠡ ᠨᠠᠮ ᠢ ᠪᠠᠭᠲᠠᠭᠠᠭᠰᠠᠨ ᠵᠡᠭᠦᠨ ᠲᠥᠪ ᠶᠢᠨ ᠪᠠᠷᠢᠮᠵᠢᠶ᠎ᠠ;
 • ᠠᠷᠠᠳ ᠤᠨ ᠬᠥᠳᠡᠯᠭᠡᠭᠡᠨ ᠦ ᠬᠣᠯᠪᠣᠭ᠎ᠠ ᠨᠠᠮ ᠲᠡᠷᠢᠭᠦᠯᠡᠵᠦ ᠪᠠᠶᠢᠭ᠎ᠠ᠂ ᠤᠷᠢᠳᠤ ᠹᠷᠠᠨᠼᠢ ᠶᠢᠨ ᠠᠷᠠᠳᠴᠢᠯᠠᠭᠰᠠᠨ ᠬᠣᠯᠪᠣᠭ᠎ᠠ ᠭᠡᠳᠡᠭ ᠨᠠᠮ ᠪᠠᠶᠢᠭᠰᠠᠨ ᠪᠠᠷᠠᠭᠤᠨ ᠲᠥᠪᠥᠶᠢᠨ ᠪᠠᠷᠢᠮᠵᠢᠶ᠎ᠠ ᠬᠣᠶᠠᠷ ᠶᠠᠭᠤᠮ᠎ᠠ᠃

ᠹᠷᠠᠨᠼᠢ ᠤᠯᠤᠰ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ (1945), ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠠᠶᠤᠯ ᠦᠭᠡᠢ ᠶᠢᠨ ᠵᠥᠪᠯᠡᠯ (1973), ᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠ (1995), ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ ᠪᠠᠨ᠂ ᠬᠥᠭᠵᠢᠯ ᠦᠨ ᠪᠠᠶᠢᠭᠤᠯᠤᠯᠭ᠎ᠠ ᠵᠡᠷᠭᠡ ᠣᠯᠠᠨ ᠤᠯᠤᠰ ᠤᠨ ᠪᠠᠶᠢᠭᠤᠯᠤᠯᠭ᠎ᠠ ᠶᠢᠨ ᠭᠡᠰᠢᠭᠦᠨ ᠶᠤᠮ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

France location map.svg
ᠹᠷᠠᠨᠼᠢ ᠶᠢᠨ ᠳᠠᠯᠠᠢ ᠶᠢᠨ ᠴᠢᠨᠠᠳᠤ ᠠᠶᠢᠮᠠᠭ᠂ ᠨᠤᠲᠤᠭ ᠳᠡᠪᠢᠰᠬᠡᠷ ᠦᠨ ᠭᠠᠵᠠᠷ ᠤᠨ ᠵᠢᠷᠤᠭ

ᠹᠷᠠᠨᠼᠢ ᠤᠯᠤᠰ ᠤᠨ ᠨᠤᠲᠤᠭ ᠳᠡᠪᠢᠰᠬᠡᠷ ᠢ ᠧᠦ᠋ᠷᠣᠫᠠ ᠳᠠᠬᠢ ᠦᠨᠳᠦᠰᠦᠨ ᠹᠷᠠᠨᠼᠢ ᠣᠷᠣᠨ᠂ ᠳᠠᠯᠠᠢ ᠶᠢᠨ ᠴᠢᠨᠠᠳᠤ ᠭᠠᠵᠠᠷ ᠭᠡᠵᠦ ᠬᠣᠶᠠᠷ ᠬᠤᠪᠢᠶᠠᠨ ᠦᠵᠡᠳᠡᠭ᠃

ᠦᠨᠳᠦᠰᠦᠨ ᠹᠷᠠᠨᠼᠢ ᠣᠷᠣᠨ 22 «ᠷᠧᠭᠢᠨ» (ᠮᠤᠵᠢ) ᠪᠣᠯᠵᠤ ᠬᠤᠪᠢᠶᠠᠭᠳᠠᠨ᠎ᠠ᠃ ᠳᠣᠲᠣᠷ᠎ᠠ ᠪᠠᠨ 96 «ᠳ᠋ᠧᠫᠠᠲ᠋ᠮᠧᠨᠲ» (ᠠᠶᠢᠮᠠᠭ) ᠍ ᠲᠠᠢ᠃ ᠳᠠᠯᠠᠢ ᠶᠢᠨ ᠴᠢᠨᠠᠳᠤ ᠶᠢᠨ ᠣᠯᠠᠨ ᠨᠤᠲᠤᠭ ᠠᠴᠠ 5 ᠨᠢ ᠮᠤᠵᠢ ᠪᠤᠶᠤ ᠠᠶᠢᠮᠠᠭ ᠪᠣᠯᠤᠨ᠎ᠠ᠃ ᠢᠩᠭᠦᠬᠦ ᠪᠡᠷ ᠹᠷᠠᠨᠼᠢ ᠤᠯᠤᠰ ᠨᠡᠶᠢᠯᠡᠭᠡᠳ 27 ᠮᠤᠵᠢ᠂ ᠲᠡᠭᠦᠨ ᠦ 101 ᠠᠶᠢᠮᠠᠭ ᠲᠠᠢ᠃ ᠠᠶᠢᠮᠠᠭ ᠤᠳ ᠴᠠᠰᠢ 342 «ᠠᠷᠷᠣᠨᠳᠢᠰᠰᠧᠮᠧᠨ» (ᠲᠣᠭᠣᠷᠢᠭ), 4058 «ᠺᠠᠨᠲᠠᠨ» (ᠰᠤᠮᠤ), 36766 «ᠺᠣᠮᠮᠤᠶᠢᠨ» (ᠰᠠᠭᠤᠷᠢᠨ ᠭᠠᠵᠠᠷ) ᠪᠣᠯᠵᠤ ᠵᠠᠳᠠᠷᠠᠳᠠᠭ᠃

ᠧᠦ᠋ᠷᠣᠫᠠ ᠳᠠᠬᠢ ᠹᠷᠠᠨᠼᠢ ᠣᠷᠣᠨ ᠤ 22 ᠮᠤᠵᠢ ᠶᠢᠨ ᠨᠡᠷ᠎ᠡ᠂ ᠳᠣᠲᠣᠷᠠᠬᠢ ᠠᠶᠢᠮᠠᠭ᠂ ᠬᠦᠮᠦᠨ ᠠᠮᠠ ᠶᠢᠨ ᠲᠣᠭ᠎ᠠ[21]
ᠳ/ᠳ ᠮᠤᠵᠢ ᠠᠶᠢᠮᠠᠭ ᠬᠦᠮᠦᠨ ᠠᠮᠠ ᠶᠢᠨ ᠲᠣᠭ᠎ᠠ ᠳ/ᠳ ᠮᠤᠵᠢ ᠠᠶᠢᠮᠠᠭ ᠬᠦᠮᠦᠨ ᠠᠮᠠ ᠶᠢᠨ ᠲᠣᠭ᠎ᠠ
1 ᠠᠺᠸᠢᠲ᠋ᠠᠨ 5 3,232,352 (2012) 12 ᠣᠸᠧᠷᠨᠢ 4 1,347,387 (2012)
2 ᠪᠷᠧᠲ᠋ᠠᠨᠢ 4 3,199,066 (2012) 13 ᠡᠮᠦᠨᠡᠲᠦ — ᠫᠢᠷᠧᠨᠧᠢ 8 2,881,756 (2012)
3 ᠪᠤᠷᠭᠤᠨ ᠳᠤ 4 1,642,734 (2012) 14 ᠫᠧᠢ ᠳᠧ ᠯᠠ-ᠯᠤ᠋ ᠍ ᠪᠠᠷ 5 3,571,495 (2012)
4 ᠳᠣᠣᠷ᠎ᠠ ᠨᠣᠷᠮᠠᠨ ᠳᠤ 3 1,473,494 (2012) 15 ᠫᠢᠺᠠᠷ ᠲᠤ 3 1,914,844 (2012)
5 ᠳᠡᠭᠡᠷ᠎ᠡ ᠨᠣᠷᠮᠠᠨ ᠳᠤ 2 1,836,954 (2012) 16 ᠫᠷᠣᠸᠠᠩᠰᠠ — ᠠᠯᠫ — ᠨᠣᠮᠢᠨ ᠡᠷᠭᠢ 6 4,899,155 (2012)
6 ᠢᠯ ᠳᠧ-ᠹᠷᠠᠨᠰ 8 11,786,234 (2012) 17 ᠫᠦ᠋ᠠᠲᠤ — ᠰᠢᠷᠠᠨᠲ᠋ᠠ 4 1,770,363 (2012)
7 ᠺᠣᠷᠰᠢᠺ 2 309,693 (2012) 18 ᠷᠤᠨᠠ — ᠠᠯᠫ 8 6,230,691 (2012)
8 ᠯᠠᠩᠭᠧᠳᠣᠺ — ᠷᠦᠰᠰᠢᠯᠢᠶᠣᠨ 5 2,636,350 (2012) 19 ᠲᠥᠪ 6 2,548,065 (2012)
9 ᠯᠢᠮᠦᠽᠧᠨ 3 742,771 (2012) 20 ᠹᠷᠠᠨᠰᠢ-ᠺᠣᠨᠲ᠋ᠧ 4 1,171,763 (2012)
10 ᠯᠣᠲ᠋ᠠᠷᠢᠨ ᠢ 4 2,350,920 (2012) 21 ᠱᠠᠮᠫᠠᠨᠢ — ᠠᠷᠠᠳᠧᠨᠢ 4 1,335,923 (2012)
11 ᠨᠣᠷ — ᠫᠠ ᠳᠧ-ᠺᠠᠯᠧ 2 4,038,157 (2012) 22 ᠡᠯᠽᠠᠰ 2 1,845,687 (2012)
ᠹᠷᠠᠨᠼᠢ ᠶᠢᠨ ᠳᠠᠯᠠᠢ ᠶᠢᠨ ᠴᠢᠨᠠᠳᠤ ᠠᠶᠢᠮᠠᠭ᠂ ᠨᠤᠲᠤᠭ ᠳᠡᠪᠢᠰᠬᠡᠷ ᠦᠨ ᠨᠡᠷ᠎ᠡ᠂ ᠬᠦᠮᠦᠨ ᠠᠮᠠ ᠶᠢᠨ ᠲᠣᠭ᠎ᠠ
ᠳ/ᠳ ᠲᠠᠪᠤᠨ ᠠᠶᠢᠮᠠᠭ ᠬᠦᠮᠦᠨ ᠠᠮᠠ ᠳ/ᠳ ᠲᠠᠪᠤᠨ ᠨᠤᠲᠤᠭ ᠳᠡᠪᠢᠰᠬᠡᠷ ᠬᠦᠮᠦᠨ ᠠᠮᠠ
1 ᠭᠪᠠᠳᠧᠯᠤᠫ 405,739 (2013) 1 ᠹᠷᠠᠨᠼᠢ ᠶᠢᠨ ᠫᠣᠯᠢᠨᠧᠽ 268,270 (2012)
2 ᠹᠷᠠᠨᠼᠢ ᠶᠢᠨ ᠭᠸᠢᠨ 250,109 (2013) 2 ᠰᠧᠨ-ᠪᠠᠷᠲ᠋ᠧᠯᠧᠮᠢ 9,035 (2011)
3 ᠮᠠᠶᠣᠲ 212,645 (2012) 3 ᠰᠧᠨ-ᠮᠠᠷᠲ᠋ᠧᠨ 36,286 (2011)
4 ᠮᠠᠷᠲ᠋ᠢᠨᠢᠺ 386,486 (2013) 4 ᠰᠧᠨ-ᠫᠢᠶᠧᠷ — ᠮᠢᠺᠧᠯᠠᠨ 6,080 (2011)
5 ᠷᠧᠠᠨᠢᠨ 840,974 (2013) 5 ᠤᠣᠯᠯᠢᠰ — ᠹᠦᠲᠤᠨ 15,289 (2009)

ᠭᠠᠵᠠᠷ ᠤᠰᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠭᠠᠵᠠᠷ ᠤᠨ ᠹᠷᠠᠨᠼᠢ ᠶᠢᠨ ᠭᠠᠵᠠᠷ ᠤᠨ ᠭᠠᠳᠠᠷᠭᠤ ᠶᠢᠨ ᠭᠤᠷᠪᠠᠨ ᠤ ᠬᠣᠶᠠᠷ ᠢ ᠲᠡᠭᠰᠢ ᠲᠠᠯ᠎ᠠ ᠡᠵᠡᠯᠡᠨ᠎ᠡ᠃ ᠦᠯᠡᠳᠡᠬᠦ ᠬᠡᠰᠡᠭ ᠲᠦ ᠨᠢ ᠠᠯᠫ ᠤᠨ ᠨᠢᠷᠤᠭᠤ (ᠪᠠᠷᠠᠭᠤᠨ ᠧᠦ᠋ᠷᠣᠫᠠ ᠶᠢᠨ ᠬᠠᠮᠤᠭ ᠤᠨ ᠲᠣᠮᠣ ᠨᠢᠷᠤᠭᠤ), ᠫᠢᠷᠧᠨᠧᠢ ᠶᠢᠨ ᠠᠤᠯᠠᠯᠠᠰ᠂ ᠶᠤᠶᠢᠷᠠ᠂ ᠲᠥᠪ ᠥᠨᠳᠥᠷᠯᠢᠭ᠂ ᠸᠣᠰᠴᠢ ᠶᠢᠨ ᠲᠣᠯᠣᠭᠠᠳ ᠵᠡᠷᠭᠡ ᠠᠭᠤᠯᠠ ᠨᠢᠷᠤᠭᠤᠳ ᠪᠠᠶᠢᠨ᠎ᠠ᠃ ᠳᠠᠯᠠᠢ ᠳᠤ 4 ᠭᠠᠷᠴᠠ ᠲᠠᠢ: ᠯᠠ ᠮᠠᠩᠰᠢᠬᠣᠶᠢᠳᠤ ᠲᠡᠩᠭᠢᠰᠠᠲ᠋ᠯᠠᠨᠲ ᠤᠨ ᠳᠠᠯᠠᠢᠭᠠᠵᠠᠷ ᠤᠨ ᠳᠤᠮᠳᠠ ᠶᠢᠨ ᠲᠡᠩᠭᠢᠰ. ᠹᠷᠠᠨᠼᠢ ᠤᠯᠤᠰ ᠤᠨ ᠡᠷᠭᠢ ᠶᠢᠨ ᠪᠥᠰᠡ ᠨᠤᠲᠤᠭ ᠨᠢ 5500 ᠺᠢᠯᠣᠮᠧᠲ᠋ᠷ᠃

ᠠᠮᠢᠲᠠᠨ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤᠨ ᠦᠵᠦᠮ ᠲᠠᠷᠢᠭᠰᠠᠨ ᠲᠠᠯᠠᠪᠠᠢ
ᠳᠠᠯᠠᠢ ᠶᠢᠨ ᠠᠭᠤᠷ ᠠᠮᠢᠰᠬᠤᠯ ᠲᠠᠢ ᠪᠤᠯᠤᠨ

ᠡᠳᠦᠭᠡ ᠠᠵᠤ ᠠᠬᠤᠢ ᠪᠠ ᠣᠢ ᠶᠢᠨ ᠦᠢᠯᠡᠳᠪᠦᠷᠢ ᠶᠢᠨ 48 ᠰᠠᠶ᠎ᠠ ᠭᠠ ᠲᠠᠯᠠᠪᠠᠢ ᠠᠴᠠ 82% ᠨᠢ ᠲᠣᠮᠣᠬᠠᠨ ᠬᠣᠲᠤ ᠨᠤᠭᠤᠳ ᠲᠤ ᠪᠤᠢ᠃

ᠹᠷᠠᠨᠼᠢ ᠤᠯᠤᠰ ᠲᠤ 136 ᠨᠡᠷ᠎ᠡ ᠲᠥᠷᠥᠯ ᠮᠣᠳᠣᠨ ᠤ ᠡᠹᠢᠷ ᠦᠨ ᠲᠣᠰᠣ ᠭᠠᠷᠭᠠᠵᠤ ᠠᠪᠴᠤ ᠪᠠᠶᠢᠭ᠎ᠠ ᠨᠢ ᠧᠦ᠋ᠷᠣᠫᠠ ᠶᠢᠨ ᠣᠷᠣᠨ ᠨᠤᠭᠤᠳ ᠤᠨ ᠬᠤᠪᠢ ᠳᠤ ᠣᠨᠴᠠᠭᠠᠢ ᠲᠣᠬᠢᠶᠠᠯᠳᠤᠯ ᠶᠤᠮ᠃ ᠹᠷᠠᠨᠼᠢᠤᠯᠤᠰ ᠪᠠᠶᠢᠭᠠᠯᠢ ᠶᠢᠨ ᠢᠶᠠᠨ ᠨᠥᠭᠡᠴᠡ ᠥᠪ ᠢ ᠬᠠᠳᠠᠭᠠᠯᠠᠨ ᠬᠠᠮᠠᠭᠠᠯᠠᠬᠤ ᠶᠢᠨ ᠲᠤᠯᠠᠳᠠ ᠲᠥᠷᠥ ᠡᠴᠡ ᠳᠠᠷᠠᠭᠠᠬᠢ ᠭᠠᠵᠠᠷ ᠤᠳ ᠢ ᠪᠤᠢ ᠪᠣᠯᠭᠠᠵᠠᠢ᠃ ᠡᠭᠦᠨ ᠳᠦ:

 • ᠪᠠᠶᠢᠭᠠᠯᠢ ᠶᠢᠨ ᠨᠥᠭᠡᠴᠡ ᠭᠠᠵᠠᠷ 132
 • ᠪᠢᠣᠯᠣᠭᠢ ᠶᠢᠨ ᠬᠠᠮᠠᠭᠠᠯᠠᠯ ᠲᠠᠢ ᠪᠥᠰᠡ ᠨᠤᠲᠤᠭ 463
 • ᠳᠠᠯᠠᠢ ᠶᠢᠨ ᠡᠷᠭᠢ ᠬᠠᠪᠤ ᠶᠢ ᠬᠠᠮᠠᠭᠠᠯᠠᠬᠤ ᠪᠠᠶᠢᠭᠤᠯᠤᠯᠭ᠎ᠠ 389 ᠭᠠᠵᠠᠷ ᠢ ᠬᠠᠮᠠᠭᠠᠯᠠᠯᠲᠠ ᠳᠤ ᠠᠪᠴᠠᠢ᠃

ᠭᠠᠵᠠᠷ ᠨᠤᠲᠤᠭ ᠤᠨ 7% ᠍ ᠲᠠᠢ ᠲᠡᠩᠴᠡᠬᠦ ᠬᠡᠮᠵᠢᠶᠡᠨ ᠦ ᠲᠠᠯᠠᠪᠠᠢ ᠪᠦᠬᠦᠢ 35 ᠳᠠᠷᠬᠠᠨ ᠴᠠᠭᠠᠵᠠ ᠲᠠᠢ ᠭᠠᠵᠠᠷ ᠪᠠᠶᠢᠭᠤᠯᠤᠭᠰᠠᠨ᠃ ᠪᠠᠶᠢᠭᠠᠯᠢ ᠣᠷᠴᠢᠨ ᠢ ᠬᠠᠮᠠᠭᠠᠯᠠᠬᠤᠠᠳᠠ 22,1 ᠲᠡᠷᠪᠤᠮ ᠧᠦ᠋ᠷᠣ ᠵᠠᠷᠤᠴᠠᠭᠤᠯᠤᠭᠰᠠᠨ ᠪᠠ ᠣᠷᠣᠰᠢᠨ ᠰᠠᠭᠤᠭᠴᠢ ᠪᠦᠷᠢ ᠡᠴᠡ 378 ᠧᠦ᠋ᠷᠣ ᠪᠤᠶᠤ 2480 ᠹᠷᠠᠨᠺ ᠭᠠᠷᠭᠠᠭᠰᠠᠨ᠃ ᠨᠡᠶᠢᠲᠡ ᠲᠥᠰᠥᠪ ᠦᠨ ᠳᠥᠷᠪᠡᠨ ᠤ ᠭᠤᠷᠪᠠ ᠶᠢ ᠪᠣᠬᠢᠷ ᠤᠰᠤ᠂ ᠬᠣᠭ ᠬᠠᠶᠠᠭᠳᠠᠯ ᠤᠨ ᠠᠰᠠᠭᠤᠳᠠᠯ ᠢ ᠰᠢᠢᠳᠪᠦᠷᠢᠯᠡᠬᠦ ᠳᠦ ᠵᠠᠷᠤᠴᠠᠭᠤᠯᠳᠠᠭ᠃ ᠣᠯᠠᠨ ᠤᠯᠤᠰ ᠤᠨ ᠬᠡᠮᠵᠢᠶᠡᠨ ᠳᠦ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠠᠴᠠ ᠭᠠᠷᠭᠠᠭᠰᠠᠨ ᠪᠠᠶᠢᠭᠠᠯᠢ ᠴᠠᠭ ᠠᠭᠤᠷ᠂ ᠴᠥᠯᠵᠢᠯᠲᠡ ᠶᠢᠨ ᠲᠤᠬᠠᠢ ᠭᠡᠷ᠎ᠡ᠂ ᠬᠡᠯᠡᠴᠡᠯ ᠳᠦ ᠹᠷᠠᠨᠼᠢ ᠤᠯᠤᠰ ᠢᠳᠡᠪᠬᠢᠲᠡᠢ ᠣᠷᠣᠯᠴᠠᠭᠰᠠᠭᠠᠷ ᠢᠷᠡᠭᠰᠡᠨ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷ ᠠᠮᠢᠰᠬᠤᠯ ᠤᠨ ᠭᠤᠷᠪᠠᠨ ᠲᠥᠯᠥᠪ ᠲᠡᠢ:

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2013 ᠣᠨ ᠤ 1 ᠍ ᠳᠦᠭᠡᠷ ᠰᠠᠷ᠎ᠠ ᠶᠢᠨ 1 ᠍ ᠤ ᠪᠠᠶᠢᠳᠠᠯ ᠢᠶᠠᠷ ᠹᠷᠠᠨᠼᠢ ᠣᠷᠣᠨ ᠳᠤ 63,702,000, ᠳᠠᠯᠠᠢ ᠶᠢᠨ ᠴᠢᠨᠠᠳᠤ ᠨᠤᠲᠤᠭ ᠳᠡᠪᠢᠰᠬᠡᠷ ᠲᠦ 2,692,000, ᠲᠡᠳᠡᠭᠡᠷ ᠦᠨ ᠨᠡᠶᠢᠯᠡᠪᠦᠷᠢ ᠹᠷᠠᠨᠼᠢ ᠤᠯᠤᠰ ᠲᠤ 66,394,000 ᠬᠦᠮᠦᠨ ᠠᠮᠢᠳᠤᠷᠠᠵᠤ ᠪᠠᠶᠢᠨ᠎ᠠ᠃[22] ᠬᠦᠮᠦᠨ ᠠᠮᠠ ᠶᠢᠨ ᠲᠣᠭ᠎ᠠ ᠵᠢᠯ ᠳᠤ ᠳᠤᠮᠳᠠᠴᠢ ᠪᠠᠷ +0.6% ᠍ ᠢ ᠪᠠᠷ ᠥᠰᠴᠢ ᠪᠠᠶᠢᠭ᠎ᠠ᠃[23] ᠬᠦᠮᠦᠨ ᠠᠮᠠ ᠶᠢᠨ ᠣᠯᠠᠨ ᠢᠶᠠᠷ ᠳᠡᠯᠡᠬᠡᠢ ᠶᠢᠨ 194 ᠤᠯᠤᠰ ᠠᠴᠠ 21 ᠍ ᠳᠦᠭᠡᠷ ᠪᠠᠶᠢᠷᠢᠨ ᠳᠤ᠂ 1 ᠺᠢᠯᠣᠮᠧᠲ᠋ᠷ2 ᠲᠠᠯᠠᠪᠠᠢ ᠳᠤ 116 ᠬᠦᠮᠦᠨ ᠨᠣᠭᠳᠠᠳᠠᠭ ᠢᠶᠠᠷ ᠢᠶᠠᠨ 89 ᠍ ᠷᠲ ᠵᠢᠭ᠌ᠰᠠᠳᠠᠭ᠃

ᠠᠷᠠᠳ ᠲᠦᠮᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠧᠯᠲᠷᠤᠮᠠᠭᠧᠷᠮᠠᠨ ᠤᠭᠰᠠᠭᠠᠨ ᠤ ᠣᠪᠤᠭ ᠠᠶᠢᠮᠠᠭ ᠠᠴᠠ ᠡᠷᠲᠡ ᠳᠡᠭᠡᠷ᠎ᠡ ᠪᠦᠷᠢᠯᠳᠦᠭᠰᠡᠨ ᠹᠷᠠᠨᠼᠢ ᠦᠨᠳᠦᠰᠦᠲᠡᠨ ᠪᠣᠯ ᠹᠷᠠᠨᠼᠢ ᠤᠯᠤᠰ ᠤᠨ ᠦᠨᠳᠦᠰᠦᠨ ᠬᠦᠮᠦᠨ ᠠᠮᠠ᠃ ᠺᠣᠯᠣᠨᠢ ᠳᠤ ᠣᠷᠣᠨ ᠤ ᠣᠨᠴᠠᠯᠢᠭ ᠢᠶᠠᠷ ᠹᠷᠠᠨᠼᠢ ᠳᠣᠲᠣᠭᠰᠢ ᠭᠠᠳᠠᠭᠰᠢ ᠶᠡᠬᠡ ᠨᠡᠭᠦᠳᠡᠯ ᠳᠦ ᠥᠷᠲᠦᠭᠰᠡᠨ᠃ ᠴᠠᠭᠠᠴᠢᠳ ᠹᠷᠠᠨᠼᠢ ᠷᠤ ᠢᠷᠡᠵᠦ᠂ ᠹᠷᠠᠨᠽᠢᠴᠤᠳᠠ ᠠᠴᠠ ᠠᠮᠧᠷᠢᠺᠠ ᠲᠢᠪ ᠭᠡᠬᠦ ᠮᠡᠲᠦ ᠣᠷᠣᠨ ᠢᠶᠠᠨ ᠰᠠᠭᠤᠭᠰᠠᠨ ᠨᠢ ᠲᠣᠶᠢᠮᠣ ᠦᠭᠡᠢ ᠪᠣᠯᠤᠭᠰᠠᠨ ᠲᠤᠯᠠ 1872 ᠣᠨ ᠠᠴᠠ ᠡᠬᠢᠯᠡᠨ ᠬᠦᠮᠦᠨ ᠠᠷᠠᠳ ᠤᠨ ᠶᠠᠰᠤ ᠦᠨᠳᠦᠰᠦ ᠶᠢ ᠪᠦᠷᠢᠳᠬᠡᠬᠦ ᠪᠡᠨ ᠪᠠᠶᠢᠴᠠᠢ᠃ 2004 ᠣᠨ ᠤ ᠰᠤᠳᠤᠯᠭᠠᠨ ᠳᠤ ᠹᠷᠠᠨᠼᠢ ᠣᠷᠣᠨ ᠤ ᠬᠢᠨ ᠤ 85 ᠬᠤᠪᠢ ᠨᠢ ᠴᠠᠭᠠᠨ ᠠᠷᠠᠰᠤᠲᠠᠨ᠂ 10 ᠬᠤᠪᠢ ᠨᠢ ᠤᠮᠠᠷ᠎ᠠ ᠠᠹᠷᠢᠺᠠᠡᠶᠢᠨ ᠴᠠᠭᠠᠴᠢ᠂ 3.5 ᠬᠤᠪᠢ ᠨᠢ ᠬᠠᠷ᠎ᠠ ᠠᠷᠠᠰᠤᠲᠠᠨ᠂ 1.5 ᠬᠤᠪᠢ ᠨᠢ ᠠᠽᠢᠶ᠎ᠠ ᠍ ᠶᠢᠨ ᠴᠠᠭᠠᠴᠢ ᠪᠠᠶᠢᠨ᠎ᠠ ᠭᠡᠵᠡᠢ᠃ ᠣᠨᠴᠠᠯᠠᠪᠠᠯ 19 ᠵᠠᠭᠤᠨ ᠠᠴᠠ ᠢᠲ᠋ᠠᠯᠢ᠂ ᠮᠥᠨ ᠡᠷᠭᠢᠨ ᠲᠣᠭᠣᠷᠢᠨ ᠤ ᠢᠰᠫᠠᠨᠢᠫᠣᠷᠲ᠋ᠤᠭᠠᠯᠭᠷᠧᠺᠫᠣᠯᠢᠰᠢᠲᠦᠷᠺᠡ ᠡᠴᠡ ᠲᠦᠮᠡ ᠪᠤᠮ ᠢᠶᠠᠷ ᠢᠷᠡᠵᠦ ᠪᠠᠶᠢᠪᠠ᠃ 1950 ᠍ ᠊ᠭᠠᠳ ᠣᠨ ᠠᠴᠠ ᠬᠣᠶᠢᠰᠢ ᠮᠠᠭᠷᠧᠪ (ᠠᠯᠵᠢᠷᠢᠶ ᠠᠮᠠᠷᠣᠺᠺᠣᠲᠤᠨᠢᠰᠠ ᠠᠴᠠ) ᠬᠦᠮᠦᠰ ᠢᠷᠡᠭᠰᠡᠨ ᠨᠢ ᠪᠦᠷᠢᠨ᠎ᠡ ᠹᠷᠠᠨᠼᠢ ᠰᠣᠶᠣᠯᠲᠠᠨ ᠪᠣᠯᠵᠠᠢ᠃

ᠬᠣᠲᠠ ᠰᠠᠭᠤᠷᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠤᠯᠤᠰ ᠤᠨ 16 ᠲᠣᠮᠣ ᠬᠣᠲᠠ᠂ ᠪᠥᠭᠡᠭᠡᠨᠡᠷᠡᠯ ᠦᠨ ᠬᠦᠰᠦᠨᠦᠭᠲᠦ

ᠬᠠᠪᠰᠤᠷᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠹᠷᠠᠨᠼᠢ»
ᠶᠡᠷᠦᠩᠬᠡᠢ
 • France, from the BBC
 • France, from the Encyclopᠵdia Britannica
 • France at UCB Libraries GovPubs
ᠡᠳ᠋ ᠍ ᠦᠨ ᠵᠠᠰᠠᠭ
ᠵᠠᠰᠠᠭ ᠤᠨ ᠭᠠᠵᠠᠷ
 • (ᠹᠷᠠᠨᠼᠢ) ᠢlysᠢe.fr - Official site of the French Presidency
ᠰᠤᠶᠤᠯ ᠤᠷᠠᠯᠢᠭ
ᠠᠶᠠᠯᠠᠯ ᠵᠢᠭᠤᠯᠴᠢᠯᠠᠯ
 1. ᠮᠣᠩᠭᠣᠯ ᠤᠯᠤᠰ ᠤᠨ ᠶᠡᠬᠡ ᠰᠤᠷᠭᠠᠭᠤᠯᠢ-ᠮᠣᠩᠭᠣᠯ ᠬᠡᠯᠡ᠂ ᠰᠤᠶᠤᠯ ᠤᠨ ᠰᠤᠷᠭᠠᠭᠤᠯᠢ᠃ «ᠮᠣᠩᠭᠣᠯ ᠬᠡᠯᠡᠨ ᠦ ᠬᠠᠳᠠᠮᠠᠯ ᠲᠣᠯᠢ»᠃ 2011 ᠍ ᠳᠦ ᠹᠷᠠᠨ᠋᠋ᠼ(ᠹᠷᠠᠨᠼᠢ) ᠭᠡᠰᠡᠨ ᠢ ᠪᠠᠷᠢᠮᠲᠠᠯᠠᠪᠠ᠃ ᠬᠠᠷᠢᠨ ᠰ ᠲᠤᠪᠢᠯᠢᠭ ᠤᠨ ᠨᠠᠶᠢᠷᠠᠭᠤᠯᠤᠭᠰᠠᠨ ᠮᠣᠩᠭᠣᠯ ᠠᠩᠭᠯᠢ ᠬᠢᠲᠠᠳ ᠲᠣᠯᠢ ᠠᠴᠠ ᠦᠵᠡᠪᠡᠯ ᠬᠢᠲᠠᠳ ᠲᠤ ᠮᠣᠩᠭᠣᠯ ᠢᠶᠠᠷ ᠹᠷᠠᠨᠼᠢ (ᠹᠷᠠᠨᠼᠢ) ᠭᠡᠵᠦ ᠪᠢᠴᠢᠵᠦ ᠪᠠᠶᠢᠭ᠎ᠠ᠃
 2. (2010) "Demographic Yearbook—Table 3: Population by sex, rate of population increase, surface area and density" (PDF). http://unstats.un.org/unsd/demographic/products/dyb/dyb2.htm Area calculated by adding area of Metropolitan France with those of overseas departments
 3. 3.0 3.1 3.2 3.3 France. International Monetary Fund.
 4. CIA World Factbook. CIA.
 5. Human Development Report 2013. UN (2013).
 6. "Early human marks are 'symbols'".
 7. 7.0 7.1 Jean Carpentier (dir.), François Lebrun (dir.), Alain Tranoy, Élisabeth Carpentier et Jean-Marie Mayeur (préface de Jacques Le Goff), Histoire de France, Points Seuil, coll. « Histoire »᠂ Paris, 2000 (1re éd. 1987), p. 17 ISBN 2-02-010879-8
 8. The Cambridge ancient history.
 9. http://books.google.com/?id=ZEIEAAAAMBAJ&pg=PA76
 10. Carpentier et al 2000, p.44-45
 11. Carpentier et al 2000, pp. 53–55
 12. Carpentier et al 2000, p. 84
 13. Carpentier et al 2000, pp. 84–88
 14. "Treaty of Verdun".
 15. Censer, Jack R. and Hunt, Lynn. Liberty, Equality, Fraternity: Exploring the French Revolution. University Park, Pennsylvania: Pennsylvania State University Press, 2004
 16. "The Terror in the French Revolution"
 17. Blanning, Tim (April 1998). "Napoleon and German identity
 18. "France's oldest WWI veteran dies"
 19. Loi constitutionnelle du 3 juin 1958 portant dérogation transitoire aux dispositions de l'article 90 de la Constitution
 20. "Comparative studies in Freedom – France".
 21. Décret n° 2012-1479 du 27 décembre 2012 authentifiant les chiffres des populations de métropole, des départements d'outre-mer de la Guadeloupe, de la Guyane, de la Martinique et de La Réunion, de Saint-Barthélemy, de Saint-Martin et de Saint-Pierre-et-Miquelon.
 22. Population of Metropolitan France and the 4 old overseas departments ([1]), plus the new overseas department of Mayotte ([2]), plus the overseas collectivities of French Polynesia ([3]), New Caledonia ([4]), Wallis and Futuna ([5]), and St Martin, St Barth, and St Pierre and Miquelon ([6])].
 23. "Évolution générale de la situation démographique, France"
http://wiki.uhaan.com/index.php?title=ᠹᠷᠠᠨᠼᠢ&oldid=469390》 ᠍  ᠡᠴᠡ ᠠᠪᠤᠭᠰᠠᠨ

ᠪᠢᠴᠢᠭᠡᠰᠦ