ᠹᠦᠵᠢ ᠠᠭᠤᠯᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠦᠵᠢ ᠠᠭᠤᠯᠠ

ᠹᠦᠵᠢ ᠠᠭᠤᠯᠠ (ᠶᠠᠫᠣᠨ ᠶᠢᠡᠷ 富士山) ᠨᠢ ᠶᠠᠫᠣᠨ ᠤ ᠱᠢᠰᠣᠺᠠᠶᠠᠮᠠᠨᠤᠰᠢ ᠠᠶᠢᠮᠠᠭ ᠤᠳ ᠤᠨ ᠨᠤᠲᠤᠭ ᠲᠤ ᠤᠷᠤᠰᠢᠬᠤ ᠢᠳᠡᠪᠬᠢᠲᠡᠢ ᠭᠠᠯᠲᠤ ᠠᠭᠤᠯᠠ ᠶᠤᠮ᠃ ᠳᠠᠯᠠᠢ ᠶᠢᠨ ᠲᠦᠪᠰᠢᠨ ᠡᠴᠡ ᠳᠡᠭᠡᠭᠰᠢ 3,776 m ᠥᠨᠳᠥᠷ ᠲᠤᠰ ᠠᠭᠤᠯᠠ ᠨᠢ ᠶᠠᠫᠣᠨ ᠤ ᠬᠠᠮᠤᠭ ᠤᠨ ᠥᠨᠳᠥᠷ ᠴᠡᠭ ᠪᠣᠯᠤᠨ᠎ᠠ᠃ᠹᠦᠵᠢ-ᠬᠠᠺᠦᠨ᠎ᠡ-ᠢᠰᠦ ᠦᠨᠳᠦᠰᠦᠨ ᠦ ᠴᠡᠴᠡᠷᠯᠢᠭ ᠲᠦ ᠬᠦᠷᠢᠶᠡᠯᠡᠩ ᠳᠤ ᠪᠠᠭᠳᠠᠵᠣ ᠬᠠᠮᠠᠭᠠᠯᠠᠭᠳᠠᠳᠠᠭ᠃ ᠹᠦᠵᠢ ᠠᠭᠤᠯᠠ ᠨᠢ ᠬᠠᠮᠢᠭ᠎ᠠ ᠠᠴᠠ ᠨᠢ ᠴᠤ ᠬᠠᠷᠠᠭᠰᠠᠨ ᠲᠡᠭᠰᠢ ᠬᠡᠮᠲᠡᠢ᠂ ᠦᠵᠡᠰᠬᠦᠯᠡᠩ ᠲᠡᠢ ᠬᠠᠷᠠᠭᠳᠠᠳᠠᠭ ᠲᠤᠯᠠ ᠶᠠᠫᠣᠨ ᠲᠡᠳᠦᠢ ᠦᠭᠡᠢ ᠳᠡᠯᠡᠬᠡᠢ ᠶᠢᠨ ᠪᠤᠰᠤᠳ ᠤᠯᠤᠰ ᠤᠳ ᠲᠤ ᠶᠠᠫᠣᠨ ᠤ ᠪᠡᠯᠭᠡ ᠲᠡᠮᠳᠡᠭ ᠬᠡᠮᠡᠨ ᠠᠯᠳᠠᠷᠰᠢᠭᠰᠠᠨ᠃

ᠹᠦᠵᠢ ᠤᠤᠯ ᠤᠨ 8 ᠣᠷᠭᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠦᠵᠢ ᠠᠭᠤᠯᠠ ᠪᠠ ᠲᠣᠤᠺᠢᠣ᠋

ᠹᠦᠵᠢ ᠤᠤᠯ ᠤᠨ 800 ᠮ ᠣᠷᠴᠢᠮ ᠷᠠᠳᠢᠦ᠋ᠰ ᠲᠠᠢ ᠲᠣᠭᠣᠭ᠎ᠠ ᠶᠢ ᠲᠣᠭᠣᠷᠢᠭᠠᠳ 8 ᠣᠷᠭᠢᠯ ᠪᠤᠢ᠃

  • ᠺᠢᠩᠭᠠᠮᠢᠨ᠎ᠡ - 3,776 m ᠶᠠᠫᠣᠨ ᠤ ᠬᠠᠮᠤᠭ ᠤᠨ ᠥᠨᠳᠥᠷ ᠴᠡᠭ
  • ᠬᠠᠺᠥᠭᠰᠠᠨᠳᠠᠺᠡ - 3,756 m
  • ᠢᠰᠤᠭᠤᠳᠠᠺᠡ - 3,740 m
  • ᠠᠰᠠᠬᠢᠳᠠᠺᠡ- 3,730 m
  • ᠰᠡᠶᠢᠴᠢᠭᠠᠳᠠᠺᠡ - 3,730 m
  • ᠮᠢᠰᠢᠮᠠᠳᠠᠺᠡ - 3,730 m
  • ᠺᠡᠰᠦᠰᠢᠳᠠᠺᠡ - 3,720 m
  • ᠺᠣᠮᠠᠭᠠᠳᠠᠺᠡ - 3,710 m

ᠹᠦᠵᠢ ᠠᠭᠤᠯᠠᠨ ᠳᠠᠬᠢ ᠴᠠᠭ ᠠᠭᠤᠷ ᠤᠨ ᠠᠵᠢᠭᠡᠯᠡᠯᠲᠠ ᠶᠢᠨ ᠰᠲ᠋ᠠᠨᠼ[ᠵᠠᠰᠠᠪᠤᠷᠢᠯᠠᠬᠤ | ᠺᠣᠳ᠋ ᠢᠶᠠᠷ ᠵᠠᠰᠠᠬᠣ]

Satta yukei.jpg

1880 ᠤᠨ ᠠᠴᠠ ᠹᠦᠵᠢ ᠤᠤᠯ ᠤᠨ ᠥᠨᠳᠥᠷᠯᠢᠭ ᠰᠢᠨᠵᠢ ᠴᠢᠨᠠᠷ ᠢ ᠠᠰᠢᠭᠯᠠᠨ ᠴᠠᠭ ᠠᠭᠤᠷ ᠤᠨ ᠠᠵᠢᠭᠡᠯᠡᠯᠲᠠ ᠶᠠᠪᠤᠭᠤᠯᠵᠤ ᠡᠬᠢᠯᠡᠵᠡᠢ᠃ ᠤᠯᠠᠮ ᠢᠶᠠᠷ 1932 ᠣᠨᠣᠯ ᠴᠠᠭ ᠠᠭᠤᠷ ᠤᠨ ᠠᠵᠢᠭᠡᠯᠡᠯᠲᠠ ᠶᠢᠨ ᠰᠲ᠋ᠠᠨᠼ ᠪᠠᠶᠢᠭᠤᠯᠤᠭᠳᠠᠭᠰᠠᠨ ᠪᠠᠶᠢᠨ᠎ᠠ᠃ ᠡᠨᠡ ᠨᠢ ᠨᠢᠭᠡ ᠬᠡᠰᠡᠭ ᠳᠡᠯᠡᠬᠡᠢ ᠶᠢᠨ ᠬᠠᠮᠤᠭ ᠤᠨ ᠥᠨᠳᠥᠷ ᠴᠡᠭ ᠳ᠋ᠡᠬᠢ ᠴᠠᠭ ᠠᠭᠤᠷ ᠤᠨ ᠠᠵᠢᠭᠡᠯᠡᠯᠲᠠ ᠶᠢᠨ ᠰᠲ᠋ᠠᠨᠼ ᠲᠤ ᠲᠣᠭᠠᠴᠠᠭᠳᠠᠵᠤ ᠪᠠᠶᠢᠪᠠ᠃ 1964 ᠤᠨ ᠤ 9 ᠰᠠᠷ᠎ᠠ ᠶᠢᠨ 10 ᠍ ᠳᠦ ᠷᠠᠳᠠᠷ ᠰᠠᠭᠤᠷᠢᠯᠠᠭᠤᠯᠤᠭᠳᠠᠵᠠᠢ᠃ ᠭᠡᠪᠡᠴᠦ ᠬᠢᠮᠡᠯ ᠳᠠᠭᠠᠭᠤᠯᠢ ᠵᠡᠷᠭᠡ ᠰᠢᠨᠵᠢᠯᠡᠬᠦ ᠤᠬᠠᠭᠠᠨ ᠲᠧᠭᠨᠣᠯᠣᠭᠢ ᠶᠢᠨ ᠳᠡᠪᠰᠢᠯ ᠦᠨ ᠦᠷ᠎ᠡ ᠪᠡᠷ ᠷᠠᠳᠠᠷ ᠤᠨ ᠠᠵᠢᠭᠡᠯᠡᠯᠲᠠ ᠬᠢᠬᠦ ᠱᠠᠭᠠᠷᠳᠠᠯᠭ᠎ᠠ ᠦᠭᠡᠢ ᠪᠣᠯᠵᠤ᠂ 1999 ᠤᠨ ᠠᠴᠠ ᠷᠠᠳᠠᠷ ᠠᠰᠢᠭᠯᠠᠬᠤ ᠶᠢ ᠪᠣᠯᠢᠵᠤ᠂ 2004 ᠤᠨ ᠠᠴᠠ ᠬᠦᠮᠦᠨ ᠠᠵᠢᠯᠯᠠᠬᠤ ᠪᠠᠨ ᠪᠣᠯᠢᠭᠰᠠᠨ ᠪᠠᠶᠢᠨ᠎ᠠ᠃

ᠹᠦᠵᠢ ᠠᠭᠤᠯᠠᠨ ᠳᠤ ᠠᠪᠠᠷᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠦᠵᠢ ᠠᠭᠤᠯᠠᠨ ᠳᠤ ᠠᠪᠠᠷᠢᠬᠤ ᠵᠠᠮ ᠵᠢᠯ ᠪᠦᠷᠢ ᠶᠢᠨ 7 ᠰᠠᠷ᠎ᠠ ᠶᠢᠨ 1-8 ᠰᠠᠷ᠎ᠠ ᠶᠢᠨ 27 ᠍ ᠤ ᠬᠣᠭᠣᠷᠣᠨᠳᠣ ᠨᠡᠭᠡᠭᠡᠭᠳᠡᠨ᠎ᠡ᠃ ᠵᠠᠷᠢᠮ ᠠᠪᠠᠷᠢᠭᠴᠢ ᠳᠤ ᠥᠷᠯᠥᠭᠡᠨ ᠦ ᠮᠠᠨᠳᠤᠬᠤ ᠨᠠᠷ ᠢ ᠠᠭᠤᠯᠠ ᠶᠢᠨ ᠣᠷᠭᠢᠯ ᠳᠡᠭᠡᠷ᠎ᠡ ᠡᠴᠡ ᠬᠠᠷᠠᠬᠤ ᠶᠢᠨ ᠲᠤᠯᠠᠳᠠ ᠰᠥᠨᠢ ᠠᠪᠠᠷᠢᠵᠤ ᠡᠬᠢᠯᠡᠳᠡᠭ᠃ ᠲᠣᠭᠠᠴᠠᠭ᠎ᠠ ᠪᠠᠷ᠂ ᠵᠢᠯ ᠪᠦᠷᠢ 200,000 ᠬᠦᠮᠦᠨ ᠠᠪᠠᠷᠢᠳᠠᠭ ᠠᠴᠠ 30 ᠬᠤᠪᠢ ᠨᠢ ᠭᠠᠳᠠᠭᠠᠳᠤ ᠬᠦᠮᠦᠰ ᠠᠵᠤ᠃

2300 ᠮ ᠥᠨᠳᠥᠷ ᠲᠦ ᠤᠷᠤᠰᠢᠬᠤ 5 ᠍ ᠳᠦᠭᠡᠷ ᠵᠣᠭᠰᠣᠭᠠᠯ ᠠᠴᠠ ᠣᠷᠭᠢᠯ ᠬᠦᠷᠲᠡᠯ᠎ᠡ 3-8 ᠴᠠᠭ᠂ ᠪᠠᠭᠤᠬᠤ ᠳᠤ 2-5 ᠴᠠᠭ ᠲᠤᠰ ᠲᠤᠰ ᠵᠠᠷᠤᠴᠠᠭᠤᠯᠤᠨ᠎ᠠ᠃ ᠠᠭᠤᠯᠠᠨ ᠳᠤ ᠨᠡᠶᠢᠲᠡ 10 ᠵᠣᠭᠰᠣᠭᠠᠯ ᠪᠠᠶᠢᠬᠤ ᠪᠥᠭᠡᠳ 5 ᠳᠠᠬᠤ ᠵᠣᠭᠰᠣᠭᠠᠯ ᠬᠦᠷᠲᠡᠯ᠎ᠡ ᠮᠠᠰᠢᠨ ᠲᠠᠢ ᠶᠠᠪᠤᠵᠤ ᠪᠣᠯᠬᠤ ᠪᠠ ᠲᠡᠭᠦᠨ ᠡᠴᠡ ᠳᠡᠭᠡᠭᠰᠢ ᠶᠠᠪᠠᠭᠠᠨ ᠶᠠᠪᠤᠨ᠎ᠠ᠃ 5 ᠍ ᠳᠦᠭᠡᠷ ᠵᠣᠭᠰᠣᠭᠠᠯ ᠨᠢ ᠬᠠᠮᠤᠭ ᠤᠨ ᠲᠣᠮᠣ ᠪᠠ ᠵᠣᠴᠢᠳ ᠪᠠᠭᠤᠳᠠᠯ᠂ ᠷᠧᠰᠲ᠋ᠣᠷᠠᠨ᠂ ᠴᠠᠶᠢᠨ ᠤ ᠭᠠᠵᠠᠷ᠂ ᠪᠡᠯᠡᠭ ᠳᠤᠷᠠᠰᠬᠠᠯ ᠤᠨ ᠳᠡᠯᠭᠡᠭᠦᠷ᠂ ᠬᠠᠯᠠᠭᠤᠨ ᠷᠠᠰᠢᠶᠠᠨ᠂ ᠲᠣᠮᠣ ᠲᠠᠯᠠᠪᠠᠢ ᠲᠠᠢ ᠮᠠᠰᠢᠨ ᠵᠣᠭᠰᠣᠭᠠᠯᠲᠠᠢ ᠲᠤᠯᠠ ᠵᠢᠭᠤᠯᠴᠢᠳ ᠲᠣᠮᠣ ᠣᠪᠣᠷ ᠤᠨ ᠠᠦ᠋ᠲ᠋ᠣᠪᠦ᠋ᠰ ᠪᠣᠯᠤᠨ ᠮᠠᠰᠢᠨ ᠤᠨᠤᠭ᠎ ᠠ ᠲᠠᠢ ᠣᠯᠠᠨ ᠢᠶᠠᠷ ᠢᠷᠡᠳᠡᠭ᠃

ᠵᠣᠭᠰᠣᠭᠠᠯ ᠪᠦᠷᠢ ᠳᠦ ᠵᠢᠵᠢᠭ ᠪᠠᠭᠤᠳᠠᠯ ᠪᠠᠶᠢᠨ᠎ᠠ ,ᠮᠥᠨ ᠪᠡᠯᠡᠭ ᠳᠤᠷᠠᠰᠬᠠᠯ ᠤᠨ ᠵᠦᠢᠯ ᠪᠣᠯᠤᠨ ᠤᠮᠳᠠᠭ᠎ᠠ᠂ ᠣᠶᠢᠷ᠎ᠠ ᠵᠠᠭᠤᠷ᠎ᠠ ᠶᠢᠨ ᠬᠦᠨᠡᠰᠦ ᠵᠠᠷᠤᠳᠠᠭ ᠮᠤᠬᠤᠯᠠᠭ ᠪᠤᠢ᠃

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1984-2004 ᠤᠨ ᠳᠤ 5000 ᠍ ᠲ ᠤᠨ᠂ 2004 ᠤᠨ ᠠᠴᠠ 1000 ᠍ ᠲ ᠤᠨ ᠢᠶᠡᠩᠡᠶᠢᠨ ᠳᠡᠪᠢᠰᠬᠡᠷᠲᠦ ᠶᠢᠨ ᠠᠷᠤ ᠲᠠᠯ᠎ᠠ ᠳᠤ ᠹᠦᠵᠢ ᠠᠭᠤᠯᠠ ᠶᠢ ᠳᠦᠷᠰᠦᠯᠡᠭᠰᠡᠨ ᠪᠠᠶᠢᠳᠠᠭ᠃
  • ᠹᠦᠵᠢ ᠠᠭᠤᠯᠠ ᠶᠢᠨ ᠨᠡᠷ᠎ᠡ ᠶᠠᠫᠣᠨ ᠤ ᠣᠯᠠᠨ ᠬᠣᠲᠠ᠂ ᠲᠣᠰᠬᠣᠨ᠂ ᠳᠡᠭᠦᠷᠭᠡ᠂ ᠺᠣᠮᠫᠠᠨᠢ᠂ ᠰᠦᠮᠣᠴᠢᠳ ᠤᠨ ᠱᠢᠺᠣᠨᠠᠳ ᠣᠷᠣᠭᠰᠠᠨ ᠪᠠᠶᠢᠳᠠᠭ᠃ ᠮᠥᠨ 《ᠹᠦᠵᠢ ᠠᠭᠤᠯᠠ ᠬᠠᠷᠠᠭᠳᠠᠳᠠᠭ》 ᠭᠡᠰᠡᠨ ᠤᠳᠬ᠎ᠠ ᠪᠦᠬᠦᠢ ᠹᠦᠵᠢᠮᠢ ᠭᠡᠰᠡᠨ ᠨᠡᠷ᠎ᠡ ᠲᠡᠢ ᠭᠠᠵᠠᠷ ᠴᠤ ᠲᠤᠩ ᠣᠯᠠᠨ ᠪᠤᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠹᠦᠵᠢ ᠠᠭᠤᠯᠠ»

ᠪᠢᠴᠢᠭᠡᠰᠦ