ᠹᠡᠶᠴᠧᠷᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠹᠡᠶᠴᠧᠷᠰ ᠭᠡᠷ᠎ᠡ ᠭᠡᠳᠡᠭ ᠨᠢ ᠲᠣᠳᠣᠷᠬᠠᠢ ᠨᠡᠷ᠎ᠡ ᠲᠥᠷᠥᠯ ᠦᠨ ᠰᠲ᠋ᠠᠨᠳᠠᠷᠲᠴᠢᠯᠠᠭᠳᠠᠭᠰᠠᠨ ᠪᠠᠷᠠᠭ᠎ᠠ ᠲᠠᠸᠠᠷ ᠢ ᠢᠷᠡᠭᠡᠳᠦᠢ ᠳᠦ ᠲᠣᠳᠣᠷᠬᠠᠢ ᠦᠨ᠎ᠡᠡᠷ᠎ᠡ ᠬᠤᠳᠠᠯᠳᠤᠬᠤ ᠪᠤᠶᠤ ᠬᠤᠳᠠᠯᠳᠤᠨ ᠠᠪᠬᠤ ᠭᠡᠷ᠎ᠡ ᠶᠤᠮ᠃

ᠹᠡᠶᠴᠧᠷᠰ ᠦᠨ ᠭᠡᠷ᠎ᠡ ᠨᠢ ᠰᠲ᠋ᠠᠨᠳᠠᠷᠲᠴᠢᠯᠠᠭᠳᠠᠭᠰᠠᠨ ᠪᠠᠶᠢᠳᠠᠭ ᠪᠥᠭᠡᠳ ᠦᠨ᠎ᠡ ᠡᠴᠡ ᠬᠠᠮᠢᠶᠠᠷᠳᠠᠭ᠃ ᠭᠡᠷ᠎ᠡ ᠨᠢ ᠬᠤᠳᠠᠯᠳᠤᠨ ᠠᠪᠤᠭᠴᠢ ᠪᠣᠯᠤᠨ ᠬᠤᠳᠠᠯᠳᠤᠭᠴᠢᠡᠶᠢᠨ ᠬᠣᠭᠣᠷᠣᠨᠳᠣ ᠪᠠᠶᠢᠭᠤᠯᠤᠭᠳᠠᠬᠤ ᠪᠥᠭᠡᠳ ᠬᠤᠳᠠᠯᠳᠤᠨ ᠠᠪᠬᠤ ᠭᠡᠷ᠎ᠡ ᠶᠢ ᠯᠣᠩ ᠫᠣᠽᠢᠰᠢᠨ, ᠬᠤᠳᠠᠯᠳᠤᠬᠤ ᠭᠡᠷ᠎ᠡ ᠶᠢ ᠱᠣᠷᠣ ᠳᠤ ᠫᠣᠽᠢᠰᠢᠨ ᠭᠡᠨ᠎ᠡ᠃ ᠮᠥᠨ ᠬᠠᠮᠲᠤ ᠳᠤ ᠨᠢ ᠬᠡᠳᠦᠵᠧᠷ ᠴᠤ ᠭᠡᠵᠦ ᠨᠡᠷᠡᠯᠡᠵᠦ ᠪᠣᠯᠳᠠᠭ᠃

ᠹᠡᠶᠴᠧᠷᠰ ᠭᠡᠷ ᠢᠶᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠩᠬᠦᠦ ᠳᠦ᠂ ᠹᠡᠶᠴᠧᠷᠰ ᠭᠡᠷ᠎ᠡ ᠭᠡᠳᠡᠭ ᠨᠢ ᠬᠣᠶᠠᠷ ᠲᠠᠯ᠎ᠠ ᠰᠲ᠋ᠠᠨᠳᠠᠷᠲᠴᠢᠯᠠᠭᠳᠠᠭᠰᠠᠨ ᠲᠣᠳᠣᠷᠬᠠᠢ ᠬᠥᠷᠥᠩᠭᠡ ᠶᠢ ᠢᠷᠡᠭᠡᠳᠦᠢ ᠳᠦ ᠲᠣᠳᠣᠷᠬᠠᠢ ᠦᠨ᠎ᠡ ᠪᠡᠷ ᠲᠣᠳᠣᠷᠬᠠᠢ ᠬᠤᠭᠤᠴᠠᠭᠠᠨ ᠳᠤ ᠬᠤᠳᠠᠯᠳᠤᠬᠤ ᠪᠠ ᠬᠤᠳᠠᠯᠳᠤᠨ ᠠᠪᠬᠤ ᠪᠠᠷ ᠥᠨᠥᠳᠥᠷ ᠲᠣᠬᠢᠷᠠᠯᠴᠠᠵᠤ ᠪᠤᠢ ᠰᠲ᠋ᠠᠨᠳᠠᠷᠲᠴᠢᠯᠠᠭᠳᠠᠭᠰᠠᠨ ᠭᠡᠷ᠎ᠡ ᠶᠤᠮ᠃ ᠤᠭ ᠭᠡᠷ᠎ᠡ ᠨᠢ ᠹᠡᠶᠴᠧᠷᠰ ᠦᠨ ᠪᠢᠷᠵᠢ ᠳᠡᠭᠡᠷ᠎ᠡ ᠬᠤᠳᠠᠯᠳᠤᠭᠳᠠᠳᠠᠭ᠃ ᠭᠡᠷ᠎ᠡ ᠶᠢ ᠬᠤᠳᠠᠯᠳᠤᠨ ᠠᠪᠤᠭᠴᠢ ᠲᠠᠯ᠎ᠠ ᠶᠢ long, ᠬᠤᠳᠠᠯᠳᠤᠭᠴᠢ ᠲᠠᠯ᠎ᠠ ᠶᠢ short ᠭᠡᠵᠦ ᠨᠡᠷᠡᠯᠡᠳᠡᠭ᠃ ᠬᠤᠳᠠᠯᠳᠤᠭᠴᠢ ᠲᠠᠯ᠎ᠠ ᠢᠷᠡᠭᠡᠳᠦᠢ ᠳᠦ ᠲᠤᠬᠠᠢ ᠶᠢᠨ ᠬᠥᠷᠥᠩᠭᠡ ᠶᠢᠨ ᠦᠨ᠎ᠡ ᠪᠠᠭᠤᠷᠠᠨ᠎ᠠ ᠭᠡᠵᠦ ᠬᠦᠯᠢᠶᠡᠳᠡᠭ ᠪᠣᠯ ᠬᠤᠳᠠᠯᠳᠤᠨ ᠠᠪᠤᠭᠴᠢ ᠲᠠᠯ᠎ᠠ ᠬᠥᠷᠥᠩᠭᠡ ᠶᠢᠨ ᠦᠨ᠎ᠡ ᠶᠢ ᠢᠷᠡᠭᠡᠳᠦᠢ ᠳᠦ ᠥᠰᠥᠨ᠎ᠡ ᠭᠡᠵᠦ ᠬᠦᠯᠢᠶᠡᠳᠡᠭ᠃ ᠭᠡᠷ᠎ᠡ ᠶᠢ ᠬᠢᠬᠦ ᠳᠦ ᠶᠠᠮᠠᠷ ᠨᠢᠭᠡᠨ ᠵᠠᠷᠤᠳᠠᠯ ᠭᠠᠷᠬᠤ ᠦᠭᠡᠢ᠃ ᠬᠤᠳᠠᠯᠳᠤᠬᠤ᠂ ᠬᠤᠳᠠᠯᠳᠤᠨ ᠠᠪᠬᠤ ᠭᠡᠳᠡᠭ ᠨᠡᠷ᠎ᠡ ᠲᠣᠮᠢᠶ᠎ᠠ ᠨᠢ ᠲᠠᠯ ᠤᠳ ᠤᠨ ᠪᠠᠶᠢᠷᠢ ᠰᠠᠭᠤᠷᠢ ᠶᠢ ᠢᠯᠡᠷᠬᠡᠶᠢᠯᠡᠳᠡᠭ᠃ ᠶᠡᠬᠡᠩᠬᠢ ᠲᠣᠬᠢᠶᠠᠯᠳᠤᠯ ᠳᠤ ᠹᠡᠶᠴᠧᠷᠰ ᠭᠡᠷ᠎ᠡ ᠪᠡᠷ ᠬᠢᠭᠳᠡᠵᠦ ᠪᠤᠢ ᠬᠥᠷᠥᠩᠭᠡ ᠨᠢ ᠤᠯᠠᠮᠵᠢᠯᠠᠯᠲᠤ ᠪᠠᠷᠠᠭ᠎ᠠ ᠪᠦᠲᠦᠭᠡᠭᠳᠡᠬᠦᠨ ᠪᠤᠰᠤ ᠪᠠᠶᠢᠵᠤ ᠮᠠᠭᠠᠳ ᠦᠭᠡᠢ᠃ ᠡᠨᠡ ᠨᠢ ᠶᠡᠬᠡᠪᠴᠢᠯᠡᠨ ᠸᠠᠯᠶᠦ᠋ᠲ (ᠮᠥᠩᠭᠥᠨ ᠲᠡᠮᠳᠡᠭᠲᠦ), ᠦᠨᠡᠲᠦ ᠴᠠᠭᠠᠰᠤ ᠭᠡᠬᠦ ᠮᠡᠲᠦ ᠰᠠᠩᠬᠦᠦ ᠶᠢᠨ ᠬᠡᠷᠡᠭᠰᠡᠯ᠂ ᠪᠡᠶᠡᠲᠦ ᠪᠤᠰᠤ ᠬᠥᠷᠥᠩᠭᠡ᠂ ᠬᠥᠷᠥᠩᠭᠡ ᠶᠢᠨ ᠢᠨᠳᠧᠺᠰ᠂ ᠬᠦᠦ ᠶᠢᠨ ᠲᠦᠪᠰᠢᠨ ᠵᠡᠷᠭᠡ ᠰᠠᠩᠬᠦᠦ ᠶᠢᠨ ᠹᠡᠶᠴᠧᠷᠰ ᠪᠠᠶᠢᠳᠠᠭ᠃ ᠹᠡᠶᠴᠧᠷᠰ ᠭᠡᠷ᠎ᠡ ᠨᠢ ᠢᠷᠡᠭᠡᠳᠦᠢ ᠳᠦ ᠭᠡᠷ᠎ᠡ ᠪᠡᠨ ᠭᠦᠢᠴᠡᠳᠬᠡᠭᠦᠯᠬᠦ ᠪᠢᠷᠵᠢ ᠪᠡᠨ ᠲᠣᠳᠣᠷᠬᠠᠢ ᠵᠢᠭᠠᠭᠠᠳᠠᠭ᠃ ᠹᠡᠶᠴᠧᠷᠰ ᠦᠨ ᠪᠢᠷᠵᠢ ᠶᠢᠨ ᠵᠣᠷᠢᠯᠭ᠎ᠠ ᠨᠢ ᠭᠡᠷᠢᠶᠡᠨ ᠳᠦ ᠣᠷᠣᠯᠴᠠᠭᠴᠢ ᠠᠯᠢ ᠠᠯᠢ ᠲᠠᠯ᠎ᠠ ᠶᠢᠨ ᠲᠥᠯᠥᠪᠦᠷᠢ ᠪᠡᠨ ᠬᠣᠴᠣᠷᠤᠭᠠᠬᠤ ᠡᠷᠦᠰᠳᠡᠯ ᠢ ᠬᠠᠮᠤᠭ ᠤᠨ ᠪᠠᠭ᠎ᠠ ᠪᠠᠶᠢᠯᠭᠠᠬᠤ ᠶᠠᠪᠤᠳᠠᠯ ᠶᠤᠮ᠃ ᠲᠡᠭᠡᠬᠦ ᠪᠡᠷ ᠪᠢᠷᠵᠢ ᠨᠢ ᠬᠣᠶᠠᠷ ᠲᠠᠯ᠎ᠠ ᠺᠠᠰᠰ ᠲᠤ ᠪᠠᠷᠢᠴᠠ ᠪᠠᠨ ᠪᠠᠶᠢᠷᠢᠰᠢᠭᠤᠯᠬᠤ ᠶᠢ ᠱᠠᠭᠠᠷᠳᠠᠳᠠᠭ᠃ ᠹᠡᠶᠴᠧᠷᠰ ᠦᠨ ᠦᠨ᠎ᠡ ᠶᠡᠷᠦᠩᠬᠡᠢ ᠳᠤ ᠪᠡᠨ ᠡᠳᠦᠷ ᠪᠦᠷᠢ ᠥᠭᠡᠷᠡᠴᠢᠯᠡᠭᠳᠡᠵᠦ ᠪᠠᠶᠢᠳᠠᠭ᠂ ᠡᠳᠦᠷ ᠪᠦᠷᠢ ᠶᠢᠨ ᠹᠡᠶᠴᠧᠷᠰ ᠦᠨ ᠦᠨ᠎ᠡ ᠪᠣᠯᠤᠨ ᠬᠡᠯᠡᠴᠡᠯ ᠬᠢᠬᠦ ᠡᠴᠡ ᠡᠮᠦᠨᠡᠬᠢ ᠦᠶ᠎ᠡ ᠶᠢᠨ ᠦᠨ᠎ᠡ ᠶᠢᠨ ᠵᠥᠷᠢᠭᠦᠦ ᠪᠠᠰᠠ ᠡᠳᠦᠷ ᠪᠦᠷᠢ ᠲᠣᠬᠢᠷᠠᠭᠤᠯᠤᠭᠳᠠᠳᠠᠭ᠃ ᠪᠢᠷᠵᠢ ᠨᠢᠭᠡ ᠲᠠᠯ᠎ᠠ ᠶᠢᠨ ᠪᠠᠷᠢᠴᠠᠭᠠᠨ ᠤ ᠳᠠᠩᠰᠠᠨ ᠠᠴᠠ ᠮᠥᠩᠭᠥ ᠠᠪᠴᠤ ᠨᠥᠭᠥᠭᠡ ᠲᠠᠯ᠎ᠠ ᠶᠢᠨ ᠳᠠᠩᠰᠠ ᠷᠤ ᠰᠢᠯᠵᠢᠭᠦᠯᠳᠡᠭ᠂ ᠲᠡᠬᠡ ᠪᠡᠷ ᠲᠠᠯ᠎ᠠ ᠨᠤᠭᠤᠳ ᠡᠳᠦᠷ ᠪᠦᠷᠢ ᠲᠣᠬᠢᠷᠠᠬᠤ ᠠᠰᠢᠭ ᠡᠰᠡᠪᠡᠯ ᠠᠯᠳᠠᠭᠳᠠᠯ ᠲᠠᠢ ᠪᠠᠶᠢᠨ᠎ᠠ᠃ ᠬᠡᠷᠪᠡ ᠪᠠᠷᠢᠴᠠᠭᠠᠨ ᠤ ᠳᠠᠩᠰᠠ ᠲᠣᠳᠣᠷᠬᠠᠢ ᠤᠳᠬ᠎ᠠ ᠠᠴᠠ ᠳᠣᠭᠣᠭᠰᠢ ᠣᠷᠣᠪᠠᠯ ᠪᠠᠷᠢᠴᠠᠭᠠᠨ ᠤ ᠨᠡᠬᠡᠮᠵᠢᠯᠡᠯ ᠬᠢᠭᠳᠡᠵᠦ ᠳᠠᠩᠰᠠ ᠡᠵᠡᠮᠰᠢᠭᠴᠢ ᠳᠠᠩᠰᠠᠨ ᠳᠤ ᠪᠠᠨ ᠨᠡᠮᠡᠵᠦ ᠪᠠᠷᠢᠴᠠ ᠪᠠᠨ ᠪᠠᠶᠢᠷᠢᠰᠢᠭᠤᠯᠬᠤ ᠶᠣᠰᠣᠲᠠᠢ᠃ ᠡᠨᠡ ᠶᠠᠪᠤᠴᠠ ᠨᠢ marking to market ᠭᠡᠳᠡᠭ ᠢᠶᠡᠷ ᠢᠶᠡᠨ ᠣᠯᠣᠩ ᠳᠤ ᠲᠠᠨᠢᠭᠳᠠᠭᠰᠠᠨ᠃ ᠲᠡᠶᠢᠮᠦ ᠡᠴᠡ ᠭᠡᠷ ᠢᠶᠡᠨ ᠬᠢᠭᠳᠡᠵᠦ ᠳᠠᠭᠤᠰᠬᠤ ᠡᠳᠦᠷ ᠰᠣᠯᠢᠯᠴᠠᠭᠳᠠᠭᠰᠠᠨ ᠨᠡᠶᠢᠲᠡ ᠳᠦᠩ ᠨᠢ ᠭᠡᠷᠢᠶᠡᠨ ᠳᠦ ᠵᠢᠭᠠᠭᠰᠠᠨ ᠲᠣᠳᠣᠷᠬᠠᠢ ᠦᠨ᠎ᠡ ᠪᠢᠰᠢ᠂ ᠬᠠᠷᠢᠨ ᠰᠫᠣᠲ ᠥᠷᠲᠡᠭ ᠶᠤᠮ᠃ (ᠠᠯᠢᠪᠠ ᠠᠰᠢᠭ ᠪᠠ ᠭᠠᠷᠤᠵᠠ ᠨᠢ ᠠᠯᠢ ᠬᠡᠳᠦᠶᠢᠨ marking to market ᠍ ᠪᠠᠷ ᠲᠣᠬᠢᠷᠠᠭᠤᠯᠤᠭᠳᠠᠭᠰᠠᠨ) ᠹᠡᠶᠴᠧᠷᠰ ᠲᠡᠢ ᠨᠡᠯᠢᠶᠡᠳ ᠣᠶᠢᠷᠠᠯᠴᠠᠭ᠎ᠠ ᠭᠡᠷ᠎ᠡ ᠨᠢ ᠹᠣᠷᠠᠪᠤᠷ ᠲᠤ ᠭᠡᠷ᠎ᠡ᠃ ᠹᠣᠷᠠᠪᠤᠷ ᠲᠤ ᠨᠢ ᠹᠡᠶᠴᠧᠷᠰ ᠲᠡᠢ ᠠᠳᠠᠯᠢ ᠲᠣᠳᠣᠷᠬᠠᠢ ᠪᠠᠷ᠎ᠠ ᠶᠢ ᠲᠣᠳᠣᠷᠬᠠᠢ ᠦᠨ᠎ᠡ ᠪᠡᠷ ᠢᠷᠡᠭᠡᠳᠦᠢ ᠳᠦ (ᠲᠣᠳᠣᠷᠬᠠᠢ ᠬᠤᠭᠤᠴᠠᠭᠠᠨ ᠳᠤ) ᠰᠤᠯᠢᠯᠴᠠᠬᠤ ᠭᠡᠷ ᠢᠶᠡᠨ᠃ ᠭᠡᠬᠦ ᠳᠦ ᠪᠡᠨ ᠹᠣᠷᠠᠪᠤᠷ ᠲᠤ ᠨᠢ ᠪᠢᠷᠵᠢ ᠳᠡᠭᠡᠷ᠎ᠡ ᠬᠤᠳᠠᠯᠳᠤᠭᠳᠠᠳᠠᠭ ᠦᠭᠡᠢ ᠪᠣᠯᠬᠣᠷ marking to market ᠍ ᠪᠠᠷ ᠬᠢᠭᠳᠡᠳᠡᠭ ᠵᠠᠪᠰᠠᠷ ᠤᠨ ᠲᠥᠯᠥᠪᠦᠷᠢ ᠪᠠᠶᠢᠬᠤ ᠦᠭᠡᠢ᠃ ᠮᠥᠨ ᠪᠢᠷᠵᠢ ᠳᠡᠭᠡᠷ᠎ᠡ ᠬᠢᠭᠳᠡᠳᠡᠭ ᠭᠡᠷ ᠢᠶᠡᠨ ᠰᠢᠭ ᠰᠲ᠋ᠠᠨᠳᠠᠷᠲᠴᠢᠯᠠᠭᠳᠠᠳᠠᠭ ᠦᠭᠡᠢ᠃ ᠣᠫᠼᠢᠶᠣᠨ ᠠᠴᠠ ᠢᠯᠭᠠᠭ᠎ᠠ ᠲᠠᠢ ᠨᠢ ᠹᠡᠶᠴᠧᠷᠰ ᠭᠡᠷ᠎ᠡ ᠶᠢ ᠪᠠᠶᠢᠭᠤᠯᠤᠭᠴᠢ ᠬᠣᠶᠠᠷ ᠲᠠᠯ᠎ᠠ ᠭᠡᠷ᠎ᠡ ᠶᠢᠨ ᠳᠠᠭᠤᠰᠬᠤ ᠡᠳᠦᠷ ᠭᠡᠷ᠎ᠡ ᠶᠢ ᠭᠦᠢᠴᠡᠳᠭᠡᠳᠡᠭ᠃ ᠬᠥᠷᠥᠩᠭᠡ ᠶᠢ ᠬᠤᠳᠠᠯᠳᠤᠭᠴᠢ ᠬᠤᠳᠠᠯᠳᠤᠨ ᠠᠪᠤᠭᠴᠢᠳ ᠬᠦᠷᠭᠡᠵᠦ ᠥᠭᠳᠡᠭ᠂ ᠬᠡᠷᠪᠡ ᠹᠡᠶᠴᠧᠷᠰ ᠭᠡᠷ᠎ᠡ ᠶᠢ ᠺᠠᠰᠰ ᠢᠶᠠᠷ ᠬᠢᠬᠦ ᠪᠡᠷ ᠲᠣᠬᠢᠷᠠᠯᠴᠠᠭᠰᠠᠨ ᠪᠣᠯ ᠠᠯᠳᠠᠭᠳᠠᠯ ᠲᠠᠢ ᠪᠠᠶᠢᠭ᠎ᠠ ᠹᠡᠶᠴᠧᠷᠰ ᠠᠷᠠᠯᠵᠢᠶᠠᠯᠠᠭᠴᠢ ᠠᠴᠠ ᠠᠰᠢᠭᠲᠠᠢ ᠪᠠᠶᠢᠭ᠎ᠠ ᠷᠤ ᠺᠠᠰᠰ ᠰᠢᠯᠵᠢᠭᠳᠡᠨ᠎ᠡ᠃ ᠭᠡᠷ᠎ᠡ ᠬᠢᠭᠳᠡᠬᠦ ᠡᠳᠦᠷ ᠡᠴᠡ ᠡᠮᠦᠨ᠎ᠡ ᠡᠭᠦᠷᠭᠡ ᠠᠮᠠᠯᠠᠯᠲᠠ ᠪᠠᠨ ᠪᠤᠴᠠᠭᠠᠬᠤ ᠪᠠᠷ ᠪᠣᠯᠪᠠᠯ ᠲᠤᠬᠠᠢ ᠶᠢᠨ ᠬᠥᠷᠥᠩᠭᠡ ᠲᠡᠢ ᠢᠵᠢᠯ ᠬᠥᠷᠥᠩᠭᠡ ᠶᠢ ᠲᠤᠬᠠᠢ ᠶᠢᠨ (ᠳᠡᠭᠡᠷᠡᠬᠢ) ᠬᠤᠭᠤᠴᠠᠭᠠᠨ ᠳᠤ ᠰᠤᠯᠢᠯᠴᠠᠬᠤ ᠥᠭᠡᠷ᠎ᠡ ᠹᠡᠶᠴᠧᠷᠰ ᠭᠡᠷ᠎ᠡ ᠬᠢᠬᠦ ᠪᠡᠷ ᠠᠮᠠᠯᠠᠯᠲᠠ ᠥᠭᠭᠦᠭᠰᠡᠨ ᠢᠶᠡᠷ ᠹᠡᠶᠴᠧᠷᠰ ᠭᠡᠷ᠎ᠡ ᠬᠢᠬᠦ ᠡᠭᠦᠷᠭᠡ ᠠᠪᠤᠭᠰᠠᠨ ᠲᠠᠯ᠎ᠠ ᠭᠡᠷ᠎ᠡ ᠶᠢᠨ ᠡᠭᠦᠷᠭᠡ ᠪᠡᠨ ᠬᠠᠭᠠᠵᠤ ᠪᠣᠯᠤᠨ᠎ᠠ᠃ ᠹᠡᠶᠴᠧᠷᠰ ᠦᠨ ᠦᠨ᠎ᠡ ᠶᠢᠨ ᠵᠥᠷᠢᠭᠦᠦ ᠪᠡᠷ ᠠᠰᠢᠭ (ᠠᠯᠳᠠᠭᠳᠠᠯ) ᠬᠦᠯᠢᠶᠡᠨ᠎ᠡ᠃

ᠭᠠᠷᠤᠯ (ᠲᠡᠦᠬᠡ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠢᠰᠲ᠋ᠣᠲ᠋ᠧᠯ 《ᠨᠡᠶᠢᠲᠡᠯᠢᠭ ᠬᠡᠷᠡᠭᠯᠡᠭᠡᠨ ᠦ ᠵᠠᠷᠴᠢᠮ ᠳᠤ ᠬᠠᠮᠢᠶᠠᠲᠠᠢ ᠰᠠᠩᠬᠦᠦ ᠶᠢᠨ ᠬᠡᠷᠡᠭᠰᠡᠯ》 ᠍ ᠢ ᠬᠥᠭᠵᠢᠭᠦᠯᠦᠭᠰᠡᠨ ᠮᠢᠯᠧᠲᠤᠰ ᠤᠨ ᠶᠠᠳᠠᠭᠤ ᠹᠢᠯᠣᠰᠣᠹᠢᠴᠢ ᠹᠠᠯᠧᠰ ᠦᠨ ᠲᠡᠦᠬᠡ ᠶᠢ ᠪᠢᠴᠢᠭᠰᠡᠨ᠃ ᠹᠠᠯᠧᠰ ᠲᠠᠭᠠᠮᠠᠭᠯᠠᠬᠤ ᠴᠢᠳᠠᠪᠤᠷᠢ ᠪᠠᠨ ᠬᠡᠷᠡᠭᠯᠡᠨ ᠢᠷᠡᠬᠦ ᠨᠠᠮᠤᠷ 《ᠣᠯᠢᠪᠠ》 ᠍ ᠦᠨ ᠤᠷᠭᠤᠴᠠ ᠬᠤᠷᠢᠶᠠᠯᠲᠠ ᠮᠠᠰᠢ ᠰᠠᠶᠢᠨ ᠪᠠᠶᠢᠨ᠎ᠠ ᠭᠡᠵᠦ ᠲᠠᠭᠠᠮᠠᠭᠯᠠᠭᠰᠠᠨ᠃ ᠲᠡᠷᠡ ᠲᠠᠭᠠᠮᠠᠭᠯᠠᠯ ᠳᠤ ᠪᠠᠨ ᠢᠲᠡᠭᠡᠯ ᠲᠡᠢ ᠪᠠᠶᠢᠭᠰᠠᠨ ᠤᠴᠢᠷ ᠨᠤᠲᠤᠭ ᠤᠨ 《ᠣᠯᠢᠪᠠ》 ᠍ ᠦᠨ ᠰᠢᠬᠠᠭᠤᠷᠭ᠎ᠠ ᠡᠵᠡᠮᠰᠢᠭᠴᠢᠳ ᠲᠡᠢ ᠵᠥᠪᠰᠢᠯᠴᠡᠯ ᠬᠢᠵᠦ᠂ ᠲᠡᠳᠡᠨ ᠳᠦ ᠮᠥᠩᠭᠥ ᠪᠡᠨ ᠬᠠᠳᠠᠭᠠᠯᠠᠭᠤᠯᠤᠨ ᠣᠷᠣᠨ ᠳᠤ ᠨᠢ ᠤᠷᠭᠤᠴᠠ ᠪᠡᠯᠡᠨ ᠪᠣᠯᠬᠤ ᠳᠤ ᠳᠡᠭᠡᠳᠦ ᠵᠡᠷᠭᠡ ᠶᠢᠨ 《ᠣᠯᠢᠪᠠ》 ᠍ ᠦᠨ ᠰᠢᠬᠠᠭᠤᠷᠭ᠎ᠠ ᠪᠠᠨ ᠬᠡᠷᠡᠭᠯᠡᠭᠦᠯᠬᠦ ᠪᠠᠲᠤᠯᠠᠭ᠎ᠠ ᠭᠠᠷᠭᠠᠭᠤᠯᠤᠭᠰᠠᠨ ᠪᠠᠶᠢᠨ᠎ᠠ᠃ ᠹᠠᠯᠧᠰ ᠪᠠᠭ᠎ᠠ ᠦᠨ᠎ᠡ ᠪᠡᠷ ᠠᠮᠵᠢᠯᠲᠠ ᠲᠠᠢ ᠲᠣᠬᠢᠷᠠᠯᠴᠠᠵᠤ ᠴᠢᠳᠠᠭᠰᠠᠨ᠂ ᠤᠴᠢᠷ ᠨᠢ ᠤᠷᠭᠤᠴᠠ ᠬᠤᠷᠢᠶᠠᠯᠲᠠ ᠢᠷᠡᠭᠡᠳᠦᠢ ᠳᠦ ᠪᠣᠯᠤᠨ᠎ᠠ᠂ ᠲᠡᠶᠢᠮᠦ ᠡᠴᠡ ᠤᠷᠭᠤᠴᠠ ᠠᠷᠪᠢᠨ ᠡᠰᠡᠪᠡᠯ ᠮᠠᠭᠤ ᠪᠠᠶᠢᠬᠤ ᠶᠢ ᠬᠡᠨ ᠴᠤ ᠮᠡᠳᠡᠬᠦ ᠦᠭᠡᠢ ᠤᠴᠢᠷ ᠠᠴᠠ 《ᠣᠯᠢᠪᠠ》 ᠍ ᠦᠨ ᠰᠢᠬᠠᠭᠤᠷᠭ᠎ᠠ ᠡᠵᠡᠮᠰᠢᠭᠴᠢᠳ ᠤᠷᠭᠤᠴᠠ ᠮᠠᠭᠤ ᠪᠠᠶᠢᠬᠤ ᠡᠷᠦᠰᠳᠡᠯ ᠡᠴᠡ ᠵᠠᠶᠢᠯᠠᠰᠬᠢᠵᠤ ᠵᠥᠪᠰᠢᠯᠴᠡᠭᠰᠡᠨ᠃ ᠤᠷᠭᠤᠴᠠ ᠬᠤᠷᠢᠶᠠᠬᠤ ᠴᠠᠭ ᠢᠷᠡᠬᠦ ᠳᠦ ᠣᠯᠠᠨ ᠰᠢᠬᠠᠭᠤᠷᠭ᠎ᠠ ᠲᠡᠭᠦᠨ ᠦ ᠮᠡᠳᠡᠯ ᠳᠦ ᠣᠷᠣᠭᠰᠠᠨ ᠪᠠ ᠲᠡᠷᠡ ᠬᠦᠰᠡᠭᠰᠡᠨ ᠲᠦᠪᠰᠢᠨ ᠢᠶᠡᠷ ᠢᠶᠡᠨ ᠰᠢᠬᠠᠭᠤᠷᠭ᠎ᠠ ᠨᠤᠭᠤᠳ ᠢᠶᠠᠨ ᠬᠥᠯᠦᠰᠦᠯᠡᠭᠦᠯᠵᠦ ᠮᠠᠰᠢ ᠶᠡᠬᠡ ᠮᠥᠩᠭᠥ ᠣᠯᠵᠠᠢ᠃ ᠠᠩᠬᠠᠨ ᠤ ᠹᠡᠶᠴᠧᠷᠰ ᠦᠨ ᠠᠷᠠᠯᠵᠢᠶᠠᠨ ᠤ ᠵᠠᠬ᠎ᠠ ᠵᠡᠭᠡᠯᠢ ᠨᠢ 1730 ᠣᠨ ᠤ ᠦᠶ᠎ᠡ ᠳᠦ ᠶᠠᠫᠣᠨ ᠳᠤ Dojima ᠴᠠᠭᠠᠨ ᠪᠤᠳᠠᠭ᠎ᠠ ᠶᠢᠨ ᠪᠢᠷᠵᠢ ᠪᠠᠶᠢᠭᠰᠠᠨ᠃ ᠡᠨᠳᠡᠰᠠᠮᠤᠷᠠᠢ ᠶᠢᠨ ᠬᠡᠷᠡᠭᠴᠡᠭᠡᠨ ᠡᠴᠡ ᠠᠭᠤᠯᠵᠠᠳᠠᠭ ᠪᠠᠶᠢᠭᠰᠠᠨ (ᠰᠠᠮᠤᠷᠠᠢ ᠳᠤ ᠴᠠᠭᠠᠨ ᠪᠤᠳᠠᠭᠠᠨ ᠤ ᠲᠥᠯᠦᠳᠡᠭ ᠪᠠᠶᠢᠭᠰᠠᠨ). ᠴᠢᠭ ᠢᠶ᠎ᠠ ᠶᠢᠨ ᠬᠤᠳᠠᠯᠳᠤᠭᠠᠨ ᠤ ᠵᠥᠪᠯᠡᠯ (CBOT) ᠠᠩᠬᠠᠨ ᠤ ᠰᠲ᠋ᠠᠨᠳᠠᠷᠲᠴᠢᠯᠠᠭᠳᠠᠭᠰᠠᠨ 《ᠪᠢᠷᠵᠢ ᠪᠡᠷ ᠬᠤᠳᠠᠯᠳᠤᠭᠳᠠᠳᠠᠭ》 ᠹᠣᠷᠠᠪᠤᠷ ᠲᠤ ᠭᠡᠷ᠎ᠡ ᠶᠢ 1864 ᠣᠨ ᠳᠤ ᠪᠦᠷᠢᠳᠬᠡᠭᠰᠡᠨ ᠪᠠ ᠡᠨᠡ ᠨᠢ ᠹᠡᠶᠴᠧᠷᠰ ᠭᠡᠷ᠎ᠡ ᠭᠡᠵᠦ ᠨᠡᠷᠡᠯᠡᠭᠳᠡᠵᠦ ᠪᠠᠶᠢᠭᠰᠠᠨ᠃ ᠡᠨᠡ ᠭᠡᠷ᠎ᠡ ᠨᠢ ᠦᠷ᠎ᠡ ᠲᠠᠷᠢᠶᠠᠨ ᠤ ᠬᠤᠳᠠᠯᠳᠤᠭᠠᠨ ᠳᠡᠭᠡᠷ᠎ᠡ ᠦᠨᠳᠦᠰᠦᠯᠡᠭᠳᠡᠭᠰᠡᠨ ᠪᠠ ᠣᠳᠣ ᠳᠡᠯᠡᠬᠡᠢ ᠶᠢᠨ ᠤᠯᠤᠰ ᠣᠷᠣᠨ ᠨᠤᠭᠤᠳ ᠲᠤ ᠬᠢᠭᠳᠡᠵᠦ ᠪᠤᠢ ᠹᠡᠶᠴᠧᠷᠰ ᠦᠨ ᠠᠷᠠᠯᠵᠢᠶᠠᠨ ᠤ ᠲᠣᠭ᠎ᠠ ᠰᠢᠭ ᠪᠠᠷᠠᠭ᠎ᠠ ᠪᠦᠲᠦᠭᠡᠭᠳᠡᠬᠦᠨ ᠦ ᠣᠯᠠᠨ ᠲᠥᠷᠥᠯ᠂ ᠲᠣᠭᠠᠨ ᠤ ᠰᠢᠨ᠎ᠡ ᠬᠡᠯᠪᠡᠷᠢ ᠪᠡᠷ ᠬᠥᠭᠵᠢᠵᠦ ᠡᠬᠢᠯᠡᠵᠡᠢ᠃ 1875 ᠣᠨ ᠤ ᠦᠶ᠎ᠡ ᠪᠡᠷ ᠡᠨᠡᠳᠬᠡᠭ ᠦᠨ ᠮᠤᠮᠪᠠᠶᠢᠳ ᠬᠥᠪᠥᠩ ᠦᠨ ᠹᠡᠶᠴᠧᠷᠰ ᠠᠷᠠᠯᠵᠢᠭᠳᠠᠵᠤ ᠪᠠᠶᠢᠭᠰᠠᠨ ᠪᠠ ᠬᠡᠳᠦᠬᠡᠨ ᠵᠢᠯ ᠦᠨ ᠳᠣᠲᠣᠷ᠎ᠠ ᠡᠨᠡ ᠨᠢ ᠬᠦᠨᠡᠰᠦᠨ ᠦ ᠲᠣᠰ᠂ ᠲᠦᠭᠦᠬᠡᠢ ᠵᠤᠤ ᠳᠤ ᠪᠣᠯᠤᠨ ᠵᠤᠤ ᠳᠤ ᠪᠠᠷ᠎ᠠ᠂ ᠭᠤᠯᠳᠤᠮᠠᠢ ᠶᠢᠨ ᠹᠡᠶᠴᠧᠷᠰ ᠪᠣᠯᠵᠤ ᠥᠷᠭᠡᠵᠢᠵᠡᠢ᠃

ᠰᠲ᠋ᠠᠨᠳᠠᠷᠲᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠡᠶᠴᠧᠷᠰ ᠭᠡᠷ᠎ᠡ ᠨᠢ ᠶᠡᠬᠡᠩᠬᠢ ᠳᠦ ᠪᠡᠨ ᠳᠣᠣᠷᠠᠬᠢ ᠶᠢ ᠲᠣᠳᠣᠷᠬᠠᠢ ᠵᠢᠭᠠᠭᠰᠠᠨ ᠢᠶᠠᠷ ᠥᠨᠳᠥᠷ ᠰᠲ᠋ᠠᠨᠳᠠᠷᠲᠴᠢᠯᠠᠭᠳᠠᠭᠰᠠᠨ ᠪᠠᠶᠢᠬᠤ ᠪᠠᠷ ᠬᠦᠷᠪᠡᠬᠦ ᠴᠢᠳᠠᠪᠤᠷᠢ ᠶᠢᠨ ᠪᠠᠲᠤᠯᠠᠭ᠎ᠠ ᠭᠠᠷᠭᠠᠳᠠᠭ:

  • ᠹᠡᠶᠴᠧᠷᠰ ᠭᠡᠷ᠎ᠡ ᠪᠡᠷ ᠬᠤᠳᠠᠯᠳᠤᠭᠳᠠᠬᠤ ᠭᠣᠣᠯ ᠬᠥᠷᠥᠩᠭᠡ ᠡᠰᠡᠪᠡᠯ ᠬᠡᠷᠡᠭᠰᠡᠯ᠃ ᠡᠨᠡ ᠨᠢ ᠲᠦᠭᠦᠬᠡᠢ ᠨᠧᠹᠲ ᠦᠨ ᠪᠠᠷᠷᠧᠯ ᠠᠴᠠ ᠪᠣᠭᠣᠨᠢ ᠬᠤᠭᠤᠴᠠᠭᠠᠨ ᠤ ᠬᠦ ᠶᠢᠨ ᠲᠦᠪᠰᠢᠨ ᠵᠡᠷᠭᠡ ᠶᠠᠮᠠᠷ ᠨᠢᠭᠡ ᠵᠦᠢᠯ ᠪᠠᠶᠢᠨ᠎ᠠ᠃
  • ᠲᠥᠯᠥᠪᠦᠷᠢ ᠬᠢᠬᠦ ᠬᠡᠯᠪᠡᠷᠢ ᠨᠢ ᠺᠠᠰᠰ ᠢᠶᠠᠷ ᠡᠰᠡᠪᠡᠯ ᠪᠡᠶ᠎ᠡ ᠪᠡᠷ ᠪᠠᠶᠢᠵᠤ ᠪᠣᠯᠤᠨ᠎ᠠ᠃
  • ᠭᠡᠷ᠎ᠡ ᠪᠦᠷᠢ ᠶᠢᠨ ᠬᠤᠳᠠᠯᠳᠤᠭᠳᠠᠵᠤ ᠪᠤᠢ ᠭᠣᠣᠯ ᠬᠥᠷᠥᠩᠭᠡ ᠶᠢᠨ ᠳᠦᠩ ᠪᠠ ᠨᠢᠭᠡᠴᠡ᠃ ᠡᠨᠡ ᠨᠢ ᠪᠦᠩᠳᠠ ᠶᠢᠨ ᠨᠡᠷᠡᠯᠡᠭᠰᠡᠨ ᠳᠦᠩ᠂ ᠨᠧᠹᠲ ᠦᠨ ᠪᠠᠷᠷᠧᠯ ᠦᠨ ᠲᠣᠭᠲᠠᠭᠰᠠᠨ ᠲᠣᠭ᠎ᠠ᠂ ᠭᠠᠳᠠᠭᠠᠳᠤ ᠮᠥᠩᠭᠥᠨ ᠲᠡᠮᠳᠡᠭᠲᠦ ᠶᠢᠨ ᠨᠢᠭᠡᠴᠡ ᠵᠡᠷᠭᠡ ᠪᠠᠶᠢᠵᠤ ᠪᠣᠯᠤᠨ᠎ᠠ᠃
  • ᠹᠡᠶᠴᠧᠷᠰ ᠭᠡᠷ᠎ᠡ ᠶᠢ ᠬᠢᠬᠦ ᠪᠡᠷ ᠲᠣᠭᠲᠠᠭᠰᠠᠨ ᠸᠠᠯᠦᠲ᠋ᠠ
  • ᠬᠦᠷᠭᠡᠵᠦ ᠥᠭᠬᠦ ᠪᠣᠯᠤᠮᠵᠢ᠃ ᠪᠦᠩᠳᠠ ᠶᠢᠨ ᠲᠣᠬᠢᠶᠠᠯᠳᠤᠯ ᠳᠤ ᠡᠨᠡ ᠨᠢ ᠠᠯᠢ ᠪᠣᠩ ᠳᠤ ᠬᠦᠷᠭᠡᠭᠳᠡᠬᠦ ᠶᠣᠰᠣᠲᠠᠢ ᠶᠢ ᠵᠢᠭᠠᠭᠠᠳᠠᠭ᠃ ᠪᠡᠶ᠎ᠡ ᠳᠦ ᠪᠠᠷᠠᠭᠠᠨ ᠤ ᠲᠣᠬᠢᠶᠠᠯᠳᠤᠯ ᠳᠤ᠂ ᠡᠨᠡ ᠨᠢ ᠲᠤᠬᠠᠢ ᠶᠢᠨ ᠪᠠᠷᠠᠭᠠᠨ ᠤ ᠴᠢᠨᠠᠷ ᠲᠡᠳᠦᠢ ᠦᠭᠡᠢ ᠬᠦᠷᠭᠡᠵᠦ ᠥᠭᠬᠦ ᠠᠷᠭ᠎ᠠ᠂ ᠭᠠᠵᠠᠷ ᠢ ᠲᠣᠳᠣᠷᠬᠠᠢ ᠵᠢᠭᠠᠵᠤ ᠥᠭᠳᠡᠭ᠃
  • ᠬᠦᠷᠭᠡᠵᠦ ᠥᠭᠬᠦ ᠰᠠᠷ᠎ᠠ
  • ᠬᠠᠮᠤᠭ ᠤᠨ ᠰᠡᠭᠦᠯ ᠦᠨ ᠬᠤᠳᠠᠯᠳᠤᠭᠳᠠᠬᠤ ᠡᠳᠦᠷ
  • ᠪᠤᠰᠤᠳ ᠨᠠᠷᠢᠨ ᠵᠦᠢᠯ᠂ ᠪᠠᠷᠠᠭᠠᠨ ᠤ ᠦᠨ᠎ᠡ ᠶᠢᠨ ᠬᠡᠯᠪᠡᠯᠵᠡᠯ(ᠸᠠᠷᠶᠠᠴᠠ), ᠬᠠᠮᠤᠭ ᠤᠨ ᠪᠠᠭ᠎ᠠ ᠵᠥᠪᠰᠢᠶᠡᠷᠡᠭᠳᠡᠭᠰᠡᠨ ᠦᠨ᠎ᠡ ᠶᠢᠨ ᠬᠡᠯᠪᠡᠯᠵᠡᠯ ᠭᠡᠬᠦ ᠮᠡᠲᠦ

ᠪᠠᠷᠢᠴᠠ ᠪᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠷᠵᠢ ᠶᠢᠨ ᠡᠷᠦᠰᠳᠡᠯ ᠢ ᠬᠠᠮᠤᠭ ᠤᠨ ᠪᠠᠭ᠎ᠠ ᠪᠠᠶᠢᠯᠭᠠᠬᠤ ᠶᠢᠨ ᠲᠤᠯᠠᠳᠠ ᠠᠷᠠᠯᠵᠢᠶᠠᠯᠠᠭᠴᠢᠳ ᠪᠠᠷᠢᠴᠠ ᠪᠠᠨ ᠡᠰᠡᠪᠡᠯ ᠭᠦᠢᠴᠡᠳᠬᠡᠯ ᠦᠨ ᠪᠣᠩ ᠳᠤ (performance bond) ᠭᠠᠷᠭᠠᠬᠤ ᠶᠣᠰᠣᠲᠠᠢ᠃ ᠡᠨᠡ ᠨᠢ ᠶᠡᠷᠦᠩᠬᠡᠢ ᠳᠤ ᠪᠡᠨ ᠭᠡᠷ᠎ᠡ ᠶᠢᠨ ᠥᠷᠲᠡᠭ ᠦᠨ 5-15% ᠪᠠᠶᠢᠳᠠᠭ᠃ ᠠᠷᠠᠯᠵᠢᠶᠠᠨ ᠳᠤ ᠣᠷᠣᠯᠴᠠᠭᠴᠢ ᠲᠠᠯ ᠤᠳ ᠤᠨ ᠡᠷᠦᠰᠳᠡᠯ ᠢ ᠪᠠᠭᠤᠷᠠᠭᠤᠯᠬᠤ ᠶᠢᠨ ᠲᠤᠯᠠᠳᠠ ᠬᠤᠳᠠᠯᠳᠤᠭ᠎ᠠ ᠨᠢ ᠺᠯᠢᠷᠢᠩ ᠬᠠᠦ᠋ᠰ(ᠲᠣᠭᠠᠴᠠᠭᠠᠨ ᠤ ᠭᠠᠵᠠᠷ) ᠍ ᠪᠠᠷ ᠪᠠᠲᠤᠯᠠᠭᠠᠵᠢᠭ᠌ᠰᠠᠨ 《ᠵᠣᠬᠢᠴᠠᠭᠤᠯᠤᠭᠳᠠᠭᠰᠠᠨ》 ᠹᠡᠶᠴᠧᠷᠰ ᠦᠨ ᠪᠢᠷᠵᠢ ᠳᠡᠭᠡᠷ᠎ᠡ ᠬᠢᠭᠳᠡᠳᠡᠭ᠃ ᠺᠯᠢᠷᠢᠩ ᠬᠠᠦ᠋ᠰ ᠨᠢ ᠬᠤᠳᠠᠯᠳᠤᠭᠴᠢᠳ ᠢ ᠬᠤᠳᠠᠯᠳᠤᠨ ᠠᠪᠤᠭᠴᠢ ᠪᠦᠷᠢ ᠲᠡᠢ᠂ ᠬᠤᠳᠠᠯᠳᠤᠨ ᠠᠪᠤᠭᠴᠢᠳ ᠢ ᠬᠤᠳᠠᠯᠳᠤᠭᠴᠢ ᠪᠦᠷᠢ ᠲᠡᠢ ᠠᠭᠤᠯᠵᠠᠭᠤᠯᠬᠤ ᠭᠠᠵᠠᠷ ᠪᠣᠯᠳᠠᠭ᠂ ᠲᠡᠭᠡᠬᠦ ᠪᠡᠷ ᠲᠦᠩᠰᠢ ᠨᠢ ᠡᠭᠦᠷᠭᠡ ᠪᠡᠨ ᠪᠡᠶᠡᠯᠡᠭᠦᠯᠦᠭᠡ ᠦᠭᠡᠢ ᠲᠣᠬᠢᠶᠠᠯᠳᠤᠯ ᠳᠤ clearer ᠨᠢ ᠠᠯᠳᠠᠭᠳᠠᠯ ᠤᠨ ᠡᠷᠦᠰᠳᠡᠯ ᠢᠶᠡᠨ ᠲᠠᠭᠠᠮᠠᠭᠯᠠᠳᠠᠭ᠃ ᠡᠨᠡ ᠨᠢ ᠠᠷᠠᠯᠵᠢᠶᠠᠯᠠᠭᠴᠢᠳ ᠲᠦᠩᠱᠢ ᠶᠢᠨ ᠢᠶᠡᠨ ᠬᠥᠷᠥᠩᠭᠡ ᠶᠢ ᠪᠢᠲᠡᠭᠦᠮᠵᠢᠯᠡᠬᠦ ᠦᠭᠡᠢ ᠪᠡᠷ ᠰᠢᠯᠵᠢᠭᠦᠯᠬᠦ ᠪᠣᠯᠤᠮᠵᠢ ᠣᠯᠭᠤᠳᠠᠭ᠃ ᠵᠠᠷᠢᠮ ᠲᠣᠬᠢᠶᠠᠯᠳᠤᠯ ᠳᠤ ᠬᠡᠳᠦᠵᠧᠷ ᠦᠳ ᠦᠨ ᠬᠥᠷᠥᠩᠭᠡ ᠪᠠᠲᠤᠯᠠᠭᠠᠵᠢᠭ᠌ᠰᠠᠨ (ᠳᠠᠭᠠᠳᠬᠠᠭᠤᠯᠤᠭᠰᠠᠨ) ᠡᠰᠡᠪᠡᠯ ᠨᠢᠭᠡ ᠦᠨᠡᠲᠦ ᠴᠠᠭᠠᠰᠤ ᠶᠢ ᠨᠢᠭᠡᠨ ᠵᠡᠷᠭᠡ ᠬᠤᠳᠠᠯᠳᠤᠨ ᠠᠪᠤᠭᠴᠢᠳ ᠭᠡᠷ᠎ᠡ ᠪᠡᠨ ᠡᠭᠦᠷᠭᠡ ᠪᠡᠷ ᠨᠢ ᠲᠡᠩᠴᠡᠪᠦᠷᠢᠵᠢᠭᠦᠯᠦᠭᠰᠡᠨ ᠦᠶ᠎ᠡ ᠳᠦ ᠪᠠᠲᠤᠯᠠᠭ᠎ᠠ ᠱᠠᠭᠠᠷᠳᠠᠬᠤ ᠦᠭᠡᠢ ᠡᠰᠡᠪᠡᠯ ᠪᠠᠲᠤᠯᠠᠭ᠎ᠠ ᠶᠢ ᠰᠤᠯᠠᠷᠠᠭᠤᠯᠵᠤ ᠪᠣᠯᠳᠠᠭ᠃

  • ᠺᠯᠢᠷᠢᠩ ᠦᠨ ᠪᠠᠷᠢᠴᠠ ᠪᠠᠨ – ᠨᠢ ᠺᠣᠮᠫᠠᠨᠢ ᠨᠤᠭᠤᠳ ᠪᠣᠯᠤᠨ ᠺᠣᠷᠫᠣᠷᠠᠼᠢ ᠨᠤᠭᠤᠳ ᠢ ᠬᠠᠷᠢᠯᠴᠠᠭᠴᠢᠳ ᠤᠨ ᠢᠶᠠᠨ ᠨᠡᠭᠡᠭᠡᠯᠲᠡ ᠲᠡᠢ ᠹᠡᠶᠴᠧᠷᠰ ᠪᠣᠯᠤᠨ ᠣᠫᠼᠢᠣᠨ ᠭᠡᠷ᠎ᠡ ᠶᠢ ᠬᠢᠵᠦ ᠭᠦᠢᠴᠡᠳᠬᠡᠭᠦᠯᠬᠦ ᠶᠢ ᠪᠠᠲᠤᠯᠠᠳᠠᠭ ᠰᠠᠩᠬᠦᠦ ᠶᠢᠨ ᠬᠠᠮᠠᠭᠠᠯᠠᠯᠲᠠ ᠶᠤᠮ᠃ ᠺᠯᠢᠷᠢᠩ ᠦᠨ ᠪᠠᠷᠢᠴᠠ ᠪᠠᠨ ᠨᠢ ᠹᠡᠶᠴᠧᠷᠰ ᠪᠣᠯᠤᠨ ᠣᠫᠼᠢᠣᠨ ᠭᠡᠷ᠎ᠡ ᠶᠢ ᠬᠤᠪᠢ ᠬᠦᠮᠦᠰ ᠬᠤᠳᠠᠯᠳᠤᠨ ᠠᠪᠤᠭᠴᠢ ᠪᠣᠯᠤᠨ ᠬᠤᠳᠠᠯᠳᠤᠭᠴᠢᠳ ᠤᠨ ᠪᠷᠣᠺᠧᠷ ᠲᠤ ᠬᠠᠳᠠᠭᠠᠯᠠᠭᠤᠯᠬᠤ ᠶᠢ ᠱᠠᠭᠠᠷᠳᠠᠳᠠᠭ ᠬᠠᠷᠢᠯᠴᠠᠭᠴᠢ ᠶᠢᠨ ᠪᠠᠷᠢᠴᠠᠭᠠᠨ ᠠᠴᠠ ᠢᠯᠭᠠᠭ᠎ᠠ ᠲᠠᠢ᠃
  • ᠬᠠᠷᠢᠯᠴᠠᠭᠴᠢ ᠶᠢᠨ ᠪᠠᠷᠢᠴᠠ ᠪᠠᠨ – ᠹᠡᠶᠴᠧᠷᠰ ᠭᠡᠷᠢᠶᠡᠨ ᠳᠦ᠂ ᠹᠡᠶᠴᠧᠷᠰ ᠭᠡᠷ᠎ᠡ ᠶᠢ ᠬᠤᠳᠠᠯᠳᠤᠭᠴᠢ ᠪᠣᠯᠤᠨ ᠬᠤᠳᠠᠯᠳᠤᠨ ᠠᠪᠤᠭᠴᠢ ᠶᠢᠨ ᠠᠯᠢ ᠠᠯᠢᠨ ᠢ᠂ᠣᠫᠼᠢᠣᠨ ᠭᠡᠷᠢᠶᠡᠨ ᠳᠦ ᠣᠫᠼᠢᠣᠨ ᠭᠡᠷ᠎ᠡ ᠶᠢ ᠬᠤᠳᠠᠯᠳᠤᠭᠴᠢ ᠲᠠᠯ᠎ᠠ ᠶᠢᠨ ᠭᠡᠷ᠎ᠡ ᠶᠢᠨ ᠡᠭᠦᠷᠭᠡ ᠪᠡᠨ ᠪᠡᠶᠡᠯᠡᠭᠦᠯᠡᠭᠦᠯᠬᠦ ᠰᠠᠩᠬᠦᠦ ᠶᠢᠨ ᠪᠠᠲᠤᠯᠠᠭ᠎ᠠ ᠱᠠᠭᠠᠷᠳᠠᠳᠠᠭ᠃ ᠹᠡᠶᠴᠧᠷᠰ ᠦᠨ ᠺᠣᠮᠢᠰ ᠤᠨ ᠬᠤᠳᠠᠯᠳᠤᠭᠠᠴᠢᠳ ᠬᠠᠷᠢᠯᠴᠠᠭᠴᠢᠳ ᠤᠨ ᠪᠠᠷᠢᠴᠠᠭᠠᠨ ᠤ ᠳᠠᠩᠰᠠ ᠶᠢ ᠤᠳᠤᠷᠢᠳᠬᠤ ᠬᠠᠷᠢᠭᠤᠴᠠᠯᠭ᠎ᠠ ᠬᠦᠯᠢᠶᠡᠳᠡᠭ᠃ ᠪᠠᠷᠢᠴᠠ ᠪᠠᠨ ᠨᠢ ᠵᠠᠬ᠎ᠠ ᠵᠡᠭᠡᠯᠢ ᠶᠢᠨ ᠡᠷᠦᠰᠳᠡᠯ ᠦᠨ ᠪᠣᠯᠤᠨ ᠭᠡᠷ᠎ᠡ ᠶᠢᠨ ᠥᠷᠲᠡᠭ ᠦᠨ ᠰᠠᠭᠤᠷᠢ ᠪᠠᠷ ᠲᠣᠳᠣᠷᠬᠠᠶᠢᠯᠠᠭᠳᠠᠳᠠᠭ᠃ ᠮᠥᠨ ᠡᠨᠡ ᠨᠢ ᠭᠦᠢᠴᠡᠳᠬᠡᠯ ᠦᠨ ᠪᠦᠩᠳᠠ ᠶᠢᠨ ᠪᠠᠷᠢᠴᠠ ᠪᠠᠨ ᠭᠡᠵᠦ ᠨᠡᠷᠡᠯᠡᠭᠳᠡᠳᠡᠭ᠃
  • ᠠᠩᠬᠠᠨ ᠤ ᠪᠠᠷᠢᠴᠠ ᠪᠠᠨ – ᠨᠢ ᠹᠡᠶᠴᠧᠷᠰ ᠭᠡᠷ᠎ᠡ ᠶᠢ ᠬᠤᠳᠠᠯᠳᠤᠬᠤ/ᠬᠤᠳᠠᠯᠳᠤᠨ ᠠᠪᠬᠤ ᠠᠮᠠᠯᠠᠯᠲᠠ ᠪᠠᠨ ᠡᠬᠢᠯᠡᠭᠦᠯᠬᠦ ᠶᠢ ᠱᠠᠭᠠᠷᠳᠠᠭᠰᠠᠨ ᠺᠠᠫᠢᠲ᠋ᠠᠯ(equity). ᠡᠨᠡ ᠨᠢ ᠭᠦᠢᠴᠡᠳᠬᠡᠯ ᠦᠨ ᠪᠦᠩᠳᠠ ᠶᠢᠨ ᠨᠢᠭᠡ ᠲᠥᠷᠥᠯ᠃ ᠬᠠᠮᠤᠭ ᠤᠨ ᠶᠡᠬᠡ ᠢᠯᠡᠴᠢᠯᠡᠯᠲᠡ ᠨᠢ ᠠᠩᠬᠠᠨ ᠤ ᠪᠠᠷᠢᠴᠠᠭᠠᠨ ᠤ ᠳᠦᠩᠭᠡ ᠪᠡᠷ ᠬᠢᠵᠠᠭᠠᠷᠯᠠᠭᠳᠠᠬᠤ ᠦᠭᠡᠢ᠂ ᠭᠡᠬᠦ ᠳᠦ ᠪᠡᠨ ᠠᠩᠬᠠᠨ ᠤ ᠪᠠᠷᠢᠴᠠᠭᠠᠨ ᠤ ᠱᠠᠭᠠᠷᠳᠠᠯᠭ᠎ᠠ ᠨᠢ ᠬᠤᠳᠠᠯᠳᠤᠭᠳᠠᠬᠤ ᠡᠳᠦᠷ ᠦᠨ ᠳᠣᠲᠣᠷ᠎ᠠ ᠭᠡᠷ᠎ᠡ ᠶᠢᠨ ᠥᠷᠲᠡᠭ ᠦᠨ ᠬᠠᠮᠤᠭ ᠤᠨ ᠶᠡᠬᠡ ᠦᠨᠡᠯᠡᠭᠳᠡᠭᠰᠡᠨ ᠥᠭᠡᠷᠡᠴᠢᠯᠡᠯᠲᠡᠳ ᠰᠠᠭᠤᠷᠢᠯᠠᠨ ᠲᠣᠭᠠᠴᠠᠭᠳᠠᠳᠠᠭ᠃ ᠠᠩᠬᠠᠨ ᠤ ᠪᠠᠷᠢᠴᠠᠭ᠎ᠠ ᠶᠢ ᠪᠢᠷᠵᠢ ᠲᠣᠭᠲᠠᠭᠠᠳᠠᠭ᠃ ᠬᠡᠷᠪᠡ ᠠᠮᠠᠯᠠᠯᠲᠠ ᠨᠢ ᠪᠢᠷᠵᠢ ᠳᠡᠭᠡᠷ᠎ᠡ ᠬᠤᠳᠠᠯᠳᠤᠭᠳᠠᠵᠤ ᠪᠤᠢ ᠪᠦᠲᠦᠭᠡᠭᠳᠡᠬᠦᠨ ᠲᠡᠢ ᠬᠠᠮᠢᠶᠠᠷᠤᠯ ᠲᠠᠢ ᠪᠣᠯ ᠠᠩᠬᠠᠨ ᠤ ᠪᠠᠷᠢᠴᠠᠭᠠᠨ ᠤ ᠳᠦᠩ ᠪᠠ ᠬᠤᠪᠢ ᠨᠢ ᠪᠢᠷᠵᠢ ᠪᠡᠷ ᠲᠣᠭᠲᠠᠭᠠᠭᠳᠠᠳᠠᠭ᠃ ᠠᠯᠳᠠᠭᠳᠠᠯ ᠲᠠᠢ ᠡᠰᠡᠪᠡᠯ ᠠᠩᠬᠠᠨ ᠤ ᠪᠠᠷᠢᠴᠠ ᠪᠠᠨ ᠨᠢ ᠡᠯᠡᠭᠳᠡᠳᠡᠭ ᠲᠣᠬᠢᠶᠠᠯᠳᠤᠯ ᠳᠤ ᠪᠷᠣᠺᠧᠷ ᠪᠣᠯᠤᠮᠵᠢ ᠲᠠᠢ ᠠᠩᠬᠠᠨ ᠤ ᠪᠠᠷᠢᠴᠠᠭᠠᠨ ᠤ ᠳᠦᠩᠭᠡ ᠪᠤᠴᠠᠭᠠᠨ ᠣᠯᠭᠤᠬᠤ ᠶᠢᠨ ᠲᠤᠯᠠᠳᠠ ᠠᠩᠬᠠᠨ ᠤ ᠪᠠᠷᠢᠴᠠᠭᠠᠨ ᠤ ᠳᠠᠭᠤᠳᠠᠯᠭ᠎ᠠ ᠬᠢᠳᠡᠭ᠃ ᠵᠠᠷᠢᠮ ᠳᠤ ᠪᠠᠨ variation ᠪᠠᠷᠢᠴᠠ ᠪᠠᠨ ᠭᠡᠵᠦ ᠳᠠᠭᠤᠳᠠᠭᠳᠠᠳᠠᠭ᠂ ᠡᠨᠡ ᠰᠢᠯᠲᠠᠭᠠᠨ ᠢᠶᠠᠷ ᠳᠠᠭᠤᠳᠠᠭᠳᠠᠭᠰᠠᠨ ᠪᠠᠷᠢᠴᠠ ᠪᠠᠨ ᠶᠡᠬᠡᠪᠴᠢᠯᠡᠨ ᠡᠳᠦᠷ ᠲᠤᠲᠤᠮ ᠤᠨ ᠰᠠᠭᠤᠷᠢ ᠪᠠᠷ ᠬᠢᠭᠳᠡᠳᠡᠭ᠂ ᠭᠡᠬᠦ ᠳᠦ ᠪᠡᠨ ᠲᠣᠭᠲᠠᠪᠤᠷᠢ ᠦᠭᠡᠢ ᠪᠠᠶᠢᠳᠠᠯ ᠥᠨᠳᠥᠷ ᠦᠶ᠎ᠡ ᠳᠦ ᠪᠷᠣᠺᠧᠷ ᠪᠠᠷᠢᠴᠠᠭᠠᠨ ᠤ ᠳᠠᠭᠤᠳᠠᠯᠭ᠎ᠠ ᠡᠰᠡᠪᠡᠯ ᠨᠢᠭᠡ ᠡᠳᠦᠷ ᠦᠨ ᠳᠣᠲᠣᠷᠠᠬᠢ ᠳᠠᠭᠤᠳᠠᠯᠭ᠎ᠠ ᠬᠢᠳᠡᠭ᠃ ᠪᠠᠷᠢᠴᠠᠭᠠᠨ ᠤ ᠳᠠᠭᠤᠳᠠᠯᠭ᠎ᠠ ᠨᠢ ᠶᠡᠬᠡᠪᠴᠢᠯᠡᠨᠨᠢᠭᠡ ᠡᠳᠦᠷ ᠲᠥᠯᠦᠭᠳᠡᠵᠦ᠂ ᠬᠦᠯᠢᠶᠡᠨ ᠠᠪᠬᠤ ᠪᠠᠷ ᠬᠦᠯᠢᠶᠡᠭᠳᠡᠳᠡᠭ᠃ ᠬᠡᠷᠪᠡ ᠲᠡᠶᠢᠮᠦ ᠪᠢᠰᠢ ᠪᠣᠯ ᠪᠷᠣᠺᠧᠷ ᠪᠠᠷᠢᠴᠠᠭᠠᠨ ᠤ ᠠᠷᠭ᠎ᠠ ᠪᠠᠷ ᠳᠠᠭᠤᠳᠠᠭᠳᠠᠭᠰᠠᠨ ᠳᠦᠩᠭᠡ ᠲᠥᠯᠥᠬᠦ ᠶᠢᠨ ᠲᠤᠯᠠᠳᠠ ᠬᠠᠩᠭᠠᠯᠲᠠ ᠲᠠᠢ ᠠᠮᠠᠯᠠᠯᠲᠠ ᠶᠢ ᠬᠠᠭᠠᠬᠤ ᠡᠷᠬᠡ ᠲᠡᠢ᠃ ᠠᠮᠠᠯᠠᠯᠲᠠ ᠬᠠᠭᠠᠭᠳᠠᠭᠰᠠᠨ ᠤ ᠳᠠᠷᠠᠭ᠎ᠠ ᠬᠠᠷᠢᠯᠴᠠᠭᠴᠢ ᠶᠢᠨ ᠳᠠᠩᠰᠠᠨ ᠤ ᠠᠯᠳᠠᠭᠳᠠᠯ ᠤᠨ ᠦᠷ᠎ᠡ ᠳ᠋ᠦᠩ ᠢ ᠬᠠᠷᠢᠯᠴᠠᠭᠴᠢ ᠬᠦᠯᠢᠶᠡᠬᠦ ᠡᠭᠦᠷᠭᠡ ᠲᠡᠢ᠃ ᠵᠠᠷᠢᠮ ᠠᠮᠧᠷᠢᠺᠠ ᠶᠢᠨ ᠨᠢᠭᠡᠳᠦᠭᠰᠡᠨ ᠤᠯᠤᠰ ᠤᠨ ᠪᠢᠷᠵᠢ ᠪᠠᠰᠠ 《maintenance》 ᠪᠠᠷᠢᠴᠠᠭ᠎ᠠ ᠶᠢ ᠬᠡᠷᠡᠭᠯᠡᠳᠡᠭ᠂ ᠡᠨᠡ ᠨᠢ ᠪᠠᠷᠢᠴᠠᠭᠠᠨ ᠤ ᠳᠠᠭᠤᠳᠠᠯᠭ᠎ᠠ ᠬᠢᠭᠳᠡᠬᠦ ᠡᠴᠡ ᠡᠮᠦᠨ᠎ᠡ ᠠᠩᠬᠠᠨ ᠤ ᠪᠠᠷᠢᠴᠠᠭᠠᠨ ᠤ ᠥᠷᠲᠡᠭ ᠢ ᠬᠢᠷᠢ ᠵᠡᠷᠭᠡ ᠪᠠᠭᠤᠷᠠᠭᠤᠯᠵᠤ ᠪᠣᠯᠬᠤ ᠠᠴᠠ ᠬᠠᠮᠢᠶᠠᠷᠴᠢ ᠲᠣᠳᠣᠷᠬᠠᠶᠢᠯᠠᠭᠳᠠᠳᠠᠭ᠃ ᠭᠡᠬᠦ ᠳᠦ ᠪᠡᠨ ᠠᠮᠧᠷᠢᠺᠠ ᠶᠢᠨ ᠨᠢᠭᠡᠳᠦᠭᠰᠡᠨ ᠤᠯᠤᠰ ᠤᠨ ᠪᠢᠰᠢ ᠶᠡᠬᠡᠩᠬᠢ ᠪᠷᠣᠺᠧᠷ ᠤᠳ ᠵᠥᠪᠬᠡᠨ 《ᠠᠩᠬᠠᠨ ᠤ ᠪᠠᠷᠢᠴᠠ ᠪᠠᠨ》 ᠪᠠ 《variation》 ᠪᠠᠷᠢᠴᠠᠭ᠎ᠠ ᠶᠢ ᠬᠡᠷᠡᠭᠯᠡᠳᠡᠭ᠃.

ᠹᠡᠶᠴᠧᠷᠰ ᠦᠨ ᠳᠠᠩᠰᠠ ᠨᠢ ᠡᠳᠦᠷ ᠪᠦᠷᠢ mark to market –ᠯᠠᠭᠳᠠᠳᠠᠭ᠃ ᠬᠡᠷᠪᠡ ᠪᠠᠷᠢᠴᠠ ᠪᠠᠨ ᠨᠢ ᠪᠢᠷᠵᠢ ᠹᠡᠶᠴᠧᠷᠰ ᠢ ᠪᠦᠷᠢᠳᠬᠡᠭᠰᠡᠨ ᠢᠶᠡᠷ ᠪᠤᠢ ᠪᠣᠯᠤᠭᠰᠠᠨ ᠪᠠᠷᠢᠴᠠᠭ᠎ᠠ ᠶᠢ ᠬᠠᠳᠠᠭᠠᠯᠠᠵᠤ ᠦᠯᠦ ᠳᠦ ᠬᠢ ᠱᠠᠭᠠᠷᠳᠠᠯᠭ᠎ᠠ ᠠᠴᠠ ᠳᠣᠭᠣᠭᠰᠢ ᠣᠷᠣᠪᠠᠯ ᠪᠠᠷᠢᠴᠠᠭᠠᠨ ᠤ ᠳᠠᠭᠤᠳᠠᠯᠭ᠎ᠠ ᠨᠢ ᠳᠠᠩᠰᠠ ᠶᠢ ᠡᠷᠭᠢᠭᠦᠯᠵᠦ ᠱᠠᠭᠠᠷᠳᠠᠯᠭ᠎ᠠ ᠲᠠᠢ ᠲᠦᠪᠰᠢᠨ ᠳᠦ ᠨᠢ ᠠᠪᠴᠢᠷᠠᠬᠤ ᠪᠠᠷ ᠬᠢᠭᠳᠡᠳᠡᠭ᠃

  • Maintenance ᠪᠠᠷᠢᠴᠠ ᠪᠠᠨ – ᠬᠠᠷᠢᠯᠴᠠᠭᠴᠢᠳ ᠪᠠᠷᠢᠴᠠᠭᠠᠨ ᠤ ᠳᠠᠩᠰᠠ ᠪᠠᠨ ᠲᠣᠭᠲᠠᠪᠤᠷᠢᠲᠠᠢ ᠪᠠᠶᠢᠯᠭᠠᠬᠤ ᠶᠣᠰᠣᠲᠠᠢ ᠬᠢᠭᠳᠡᠭᠡ ᠦᠭᠡᠢ ᠹᠡᠶᠴᠧᠷᠰ ᠭᠡᠷ ᠢᠶᠡᠨ ᠪᠦᠷᠢ ᠶᠢᠨ ᠬᠠᠮᠤᠭ ᠤᠨ ᠪᠠᠭ᠎ᠠ ᠪᠠᠷᠢᠴᠠᠭᠠᠨ ᠤ ᠪᠠᠭᠴᠠ᠃
  • Margin – equity ᠬᠠᠷᠢᠴᠠᠭ᠎ᠠ – ᠡᠨᠡ ᠨᠢ ᠡᠷᠦᠰᠳᠡᠯ ᠲᠡᠢ ᠬᠥᠷᠥᠩᠭᠡ ᠣᠷᠣᠭᠤᠯᠤᠭᠴᠢᠳ ᠤᠨ ᠬᠡᠷᠡᠭᠯᠡᠳᠡᠭ ᠨᠡᠷ᠎ᠡ ᠲᠣᠮᠢᠶ᠎ᠠ᠂ ᠲᠣᠳᠣᠷᠬᠠᠢ ᠬᠤᠭᠤᠴᠠᠭᠠᠨ ᠳᠤ ᠪᠠᠷᠢᠴᠠᠭ᠎ᠠ ᠪᠠᠷ ᠲᠣᠳᠣᠷᠬᠠᠶᠢᠯᠠᠭᠳᠠᠳᠠᠭ ᠬᠤᠳᠠᠯᠳᠤᠭᠳᠠᠵᠤ ᠪᠤᠢ ᠬᠥᠷᠥᠩᠭᠡ ᠶᠢᠨ ᠳᠦᠩᠭᠡ ᠲᠥᠯᠦᠭᠡᠯᠡᠳᠡᠭ᠃ ᠹᠡᠶᠴᠧᠷᠰ ᠦᠨ ᠪᠠᠷᠢᠴᠠᠭᠠᠨ ᠤ ᠱᠠᠭᠠᠷᠳᠠᠯᠭ᠎ᠠ ᠪᠠᠭ᠎ᠠ ᠪᠠᠶᠢᠬᠤ ᠨᠢ ᠬᠥᠷᠥᠩᠭᠡ ᠣᠷᠣᠭᠤᠯᠤᠯᠲᠠ ᠶᠢᠨ ᠦᠯᠡᠮᠵᠢ ᠶᠡᠬᠡ ᠬᠥᠰᠢᠭᠦᠷᠭᠡ ᠳᠦ ᠬᠦᠷᠭᠡᠳᠡᠭ᠃ ᠭᠡᠬᠦ ᠳᠦ ᠪᠡᠨ ᠪᠢᠷᠵᠢ ᠭᠡᠷ᠎ᠡ ᠪᠣᠯᠤᠨ ᠬᠤᠳᠠᠯᠳᠤᠭᠠᠯᠠᠭᠴᠢᠳ ᠠᠴᠠ ᠬᠠᠮᠢᠶᠠᠷᠤᠨ ᠥᠭᠡᠷ᠎ᠡ ᠥᠭᠡᠷ᠎ᠡ ᠪᠠᠶᠢᠳᠠᠭ ᠬᠠᠮᠤᠭ ᠤᠨ ᠪᠠᠭ᠎ᠠ ᠳᠦᠩᠭᠡ ᠱᠠᠭᠠᠷᠳᠠᠳᠠᠭ᠃ ᠪᠷᠣᠺᠧᠷ ᠱᠠᠭᠠᠷᠳᠠᠯᠭ᠎ᠠ ᠪᠠᠨ ᠠᠷᠠᠢ ᠥᠨᠳᠥᠷ ᠲᠣᠭᠲᠠᠭᠠᠵᠤ ᠮᠠᠭᠠᠳ ᠦᠭᠡᠢ ᠭᠡᠬᠦ ᠳᠦ ᠪᠡᠨ ᠡᠭᠦᠨ ᠢ ᠠᠷᠠᠢ ᠪᠠᠭ᠎ᠠ ᠲᠣᠭᠲᠠᠭᠠᠬᠤ ᠦᠭᠡᠢ ᠪᠠᠶᠢᠵᠤ ᠮᠠᠭᠠᠳ ᠦᠭᠡᠢ᠃ ᠬᠡᠷᠪᠡ ᠬᠤᠳᠠᠯᠳᠤᠭᠠᠯᠠᠭᠴᠢ ᠪᠠᠷᠢᠴᠠᠭᠠᠨ ᠤ ᠳᠠᠭᠤᠳᠠᠯᠭ᠎ᠠ ᠶᠢᠨ ᠰᠦᠪᠢᠶᠧᠺᠲ ᠪᠠᠶᠢᠬᠤ ᠶᠢ ᠬᠦᠰᠡᠬᠦ ᠦᠭᠡᠢ ᠪᠣᠯ ᠮᠡᠳᠡᠭᠡᠵᠢ ᠳᠡᠭᠡᠷᠡᠬᠢ ᠶᠢ ᠲᠣᠬᠢᠷᠠᠭᠤᠯᠵᠤ ᠴᠢᠳᠠᠨ᠎ᠠ᠃
  • ᠭᠦᠢᠴᠡᠳᠬᠡᠯ ᠦᠨ ᠪᠦᠩᠳᠠ ᠶᠢᠨ ᠪᠠᠷᠢᠴᠠ ᠪᠠᠨ – ᠭᠡᠷ᠎ᠡ ᠶᠢᠨ ᠨᠥᠬᠥᠴᠡᠯ ᠢ ᠪᠠᠲᠤ ᠲᠠᠢ ᠭᠦᠢᠴᠡᠳᠬᠡᠭᠦᠯᠬᠦ ᠪᠡᠷ ᠣᠫᠼᠢᠶᠣᠨ ᠢ ᠬᠤᠳᠠᠯᠳᠤᠭᠴᠢ᠂ ᠡᠰᠡᠪᠡᠯ ᠹᠡᠶᠴᠧᠷᠰ ᠢ ᠬᠤᠳᠠᠯᠳᠤᠭᠴᠢ ᠪᠠ ᠬᠤᠳᠠᠯᠳᠤᠨ ᠠᠪᠤᠭᠴᠢ ᠶᠢᠨ ᠠᠯᠢ ᠠᠯᠢᠨ ᠤ ᠬᠢ ᠨᠢ ᠬᠠᠳᠠᠭᠠᠯᠠᠭᠤᠯᠤᠭᠰᠠᠨ ᠮᠥᠩᠭᠥᠨ ᠦ ᠳᠦᠩ᠃ ᠪᠡᠶ᠎ᠡ ᠳᠦ ᠪᠠᠷᠠᠭᠠᠨ ᠤ ᠬᠤᠪᠢ ᠳᠤ ᠪᠠᠷᠢᠴᠠ ᠪᠠᠨ ᠨᠢ ᠡᠩ ᠦᠨ ᠬᠤᠪᠢᠴᠠᠭᠠᠨ ᠤ ᠲᠥᠯᠥᠪᠦᠷᠢ ᠡᠰᠡᠪᠡᠯ ᠲᠤᠬᠠᠢ ᠶᠢᠨ ᠪᠠᠷᠠᠭᠠᠨ ᠤ ᠥᠪᠡᠷ ᠦᠨ ᠬᠢ ᠨᠢ ᠤᠷᠢᠳᠴᠢᠯᠠᠭᠰᠠᠨ ᠲᠥᠯᠥᠪᠦᠷᠢ ᠪᠢᠰᠢ᠂ ᠭᠡᠬᠦ ᠳᠦ ᠪᠡᠨ ᠡᠨᠡ ᠨᠢ ᠪᠠᠲᠤᠯᠠᠭᠠᠨ ᠤ ᠬᠠᠳᠠᠭᠠᠯᠠᠮᠵᠢ᠃
  • ᠪᠠᠷᠢᠴᠠᠭᠠᠨ ᠤ ᠥᠭᠭᠦᠭᠡᠴᠢ (ROM) – ᠨᠢ ᠵᠠᠷᠢᠮ ᠳᠤ ᠪᠠᠨ ᠭᠦᠢᠴᠡᠳᠬᠡᠯ ᠢ ᠦᠨᠡᠯᠡᠬᠦ ᠳᠦ ᠬᠡᠷᠡᠭᠯᠡᠭᠳᠡᠳᠡᠭ᠂ ᠤᠴᠢᠷ ᠨᠢ ᠡᠨᠡ ᠨᠢ ᠱᠠᠭᠠᠷᠳᠠᠭᠰᠠᠨ ᠪᠠᠷᠢᠴᠠᠭᠠᠨ ᠳᠤ ᠲᠤᠰᠬᠠᠭᠳᠠᠭᠰᠠᠨ ᠪᠢᠷᠵᠢ ᠶᠢᠨ ᠵᠠᠶᠢᠯᠠᠰᠢ ᠦᠭᠡᠢ ᠭᠠᠷᠴᠤ ᠢᠷᠡᠭᠰᠡᠨ ᠡᠷᠦᠰᠳᠡᠯ ᠳᠦ ᠬᠠᠷᠢᠴᠠᠭᠤᠯᠤᠭᠰᠠᠨ ᠠᠰᠢᠭ ᠡᠰᠡᠪᠡᠯ ᠠᠯᠳᠠᠭᠳᠠᠯ ᠢ ᠲᠥᠯᠦᠭᠡᠯᠡᠳᠡᠭ᠃ ROM ᠨᠢ ᠪᠣᠳᠠᠲᠤ ᠥᠭᠭᠦᠭᠡᠴᠢ/ ᠠᠩᠬᠠᠨ ᠤ ᠪᠠᠷᠢᠴᠠ ᠪᠠᠨ ᠭᠡᠵᠦ ᠲᠣᠮᠢᠶᠠᠯᠠᠭᠳᠠᠳᠠᠭ᠃ ᠵᠢᠯ ᠪᠦᠷᠢ ᠶᠢᠨ ROM ᠨᠢ [(ROM+1)ᠵᠢᠯ/ᠬᠤᠳᠠᠯᠳᠤᠭᠠᠨ ᠤ ᠦᠷᠭᠦᠯᠵᠢᠯᠡᠬᠦ ᠬᠤᠭᠤᠴᠠᠭ᠎ᠠ -1] ᠍ ᠲᠡᠢ ᠲᠡᠩᠴᠡᠭᠦᠦ᠃ ᠵᠢᠱᠢᠶ᠎ᠡ ᠨᠢ: 2 ᠰᠠᠷ᠎ᠠ ᠶᠢᠨ ᠪᠠᠷᠢᠴᠠᠭᠠᠨ ᠤ ᠬᠤᠳᠠᠯᠳᠤᠭᠠᠯᠠᠭᠴᠢ ᠶᠢᠨ ᠣᠷᠣᠯᠭ᠎ᠠ 10% ᠪᠣᠯ ᠵᠢᠯ ᠦᠨ ᠬᠢ ᠣᠶᠢᠷᠠᠯᠴᠠᠭ᠎ᠠ ᠪᠠᠷ 77% ᠪᠠᠶᠢᠨ᠎ᠠ᠃

ᠲᠥᠯᠥᠪᠦᠷᠢ ᠬᠢᠬᠦ- ᠪᠡᠶ᠎ᠡ ᠪᠡᠷ ᠪᠣᠯᠤᠨ ᠺᠠᠰᠰ ᠢᠶᠠᠷ ᠬᠢᠬᠦ ᠹᠡᠶᠴᠧᠷᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠯᠥᠪᠦᠷᠢ ᠬᠢᠬᠦ ᠨᠢ ᠭᠡᠷ᠎ᠡ ᠶᠢ ᠪᠠᠲᠤᠯᠠᠭᠠᠵᠢᠭᠤᠯᠬᠤ ᠦᠢᠯᠡ ᠠᠵᠢᠯᠯᠠᠭ᠎ᠠ᠂ ᠹᠡᠶᠴᠧᠷᠰ ᠭᠡᠷ᠎ᠡ ᠶᠢᠨ ᠲᠥᠷᠥᠯ ᠪᠦᠷᠢ ᠳᠦ ᠲᠣᠳᠣᠷᠬᠠᠢ ᠵᠢᠭᠠᠭᠰᠠᠨ ᠢᠶᠠᠷ ᠳᠣᠣᠷᠠᠬᠢ ᠬᠣᠶᠠᠷ ᠠᠷᠭ᠎ᠠ ᠶᠢᠨ ᠠᠯᠢ ᠨᠢᠭᠡ ᠪᠡᠷ ᠬᠢᠭᠳᠡᠵᠦ ᠪᠣᠯᠤᠨ᠎ᠠ᠃

  • ᠪᠡᠶ᠎ᠡ ᠪᠡᠷ ᠬᠦᠷᠭᠡᠵᠦ ᠥᠭᠬᠦ – ᠭᠡᠷ᠎ᠡ ᠶᠢᠨ ᠭᠣᠣᠯ ᠬᠥᠷᠥᠩᠭᠡ ᠶᠢᠨ ᠲᠣᠳᠣᠷᠬᠠᠢ ᠵᠢᠭᠠᠭᠳᠠᠭᠰᠠᠨ ᠳᠦᠩᠭᠡ ᠭᠡᠷ᠎ᠡ ᠶᠢ ᠬᠤᠳᠠᠯᠳᠤᠭᠴᠢ ᠲᠠᠯ᠎ᠠ ᠪᠢᠷᠵᠢ ᠳᠡᠭᠡᠷ᠎ᠡ ᠬᠦᠷᠭᠡᠵᠦ ᠥᠭᠳᠡᠭ ᠪᠠ ᠪᠢᠷᠵᠢ ᠭᠡᠷ᠎ᠡ ᠶᠢ ᠬᠤᠳᠠᠯᠳᠤᠨ ᠠᠪᠤᠭᠴᠢᠳ ᠬᠦᠷᠭᠡᠵᠦ ᠥᠭᠳᠡᠭ᠃ ᠪᠡᠶ᠎ᠡ ᠪᠡᠷ ᠬᠦᠷᠭᠡᠵᠦ ᠥᠭᠬᠦ ᠨᠢ ᠪᠠᠷᠠᠭ᠎ᠠ ᠲᠠᠸᠠᠷ ᠪᠣᠯᠤᠨ ᠪᠣᠨᠲᠣᠳ ᠢᠯᠡᠭᠦᠦ ᠨᠡᠶᠢᠲᠡᠯᠢᠭ ᠪᠠᠶᠢᠳᠠᠭ᠃ ᠫᠷᠠᠺᠲ᠋ᠢᠭ ᠲᠤ ᠡᠨᠡ ᠠᠷᠭ᠎ᠠ ᠶᠢ ᠴᠥᠭᠡᠬᠡᠨ ᠭᠡᠷ ᠢᠶᠡᠨ ᠬᠡᠷᠡᠭᠯᠡᠳᠡᠭ᠃ NYMEX ᠲᠦᠭᠦᠬᠡᠢ ᠨᠧᠹᠲ ᠦᠨ ᠹᠡᠶᠴᠧᠷᠰ ᠭᠡᠷ ᠢᠶᠡᠨ ᠲᠥᠯᠥᠪᠦᠷᠢ ᠬᠢᠬᠦ ᠡᠨᠡ ᠠᠷᠭ᠎ᠠ ᠶᠢ ᠬᠡᠷᠡᠭᠯᠡᠳᠡᠭ᠃
  • ᠺᠠᠰᠰ ᠢᠶᠠᠷ ᠲᠥᠯᠥᠪᠦᠷᠢ ᠬᠢᠬᠦ – ᠺᠠᠰᠰ ᠤᠨ ᠲᠥᠯᠥᠪᠦᠷᠢ ᠨᠢ Euribor ᠵᠡᠷᠭᠡ ᠪᠣᠭᠣᠨᠢ ᠬᠤᠭᠤᠴᠠᠭ᠎ᠠ ᠳᠤ ᠬᠦᠦ ᠶᠢᠨ ᠲᠦᠪᠰᠢᠨ ᠦ ᠢᠨᠳᠧᠺᠰ᠂ ᠬᠥᠷᠥᠩᠭᠡ ᠶᠢᠨ ᠵᠠᠬ᠎ᠠ ᠵᠡᠭᠡᠯᠢ ᠶᠢᠨ ᠢᠨᠳᠧᠺᠰ ᠦᠨ ᠬᠠᠭᠠᠯᠲᠠ ᠶᠢᠨ ᠥᠷᠲᠡᠭ ᠭᠡᠬᠦ ᠮᠡᠲᠦ ᠭᠣᠣᠯ reference rate ᠍ ᠳᠦ ᠰᠠᠭᠤᠷᠢᠯᠠᠨ ᠬᠢᠭᠳᠡᠳᠡᠭ᠃ ᠲᠠᠯ᠎ᠠ ᠨᠤᠭᠤᠳ ᠭᠡᠷ᠎ᠡ ᠶᠢᠨ ᠬᠤᠭᠤᠴᠠᠭ᠎ᠠ ᠳᠠᠭᠤᠰᠬᠤ ᠳᠤ ᠺᠠᠰᠰ ᠲᠤ ᠭᠡᠷ᠎ᠡ ᠲᠡᠢ ᠬᠠᠮᠢᠶᠠᠷᠤᠯ ᠲᠠᠢ ᠠᠯᠳᠠᠭᠳᠠᠯ(ᠠᠰᠢᠭ) ᠍ ᠪᠠᠨ ᠲᠥᠯᠦᠳᠡᠭ(ᠬᠦᠯᠢᠶᠡᠨ ᠠᠪᠳᠠᠭ). ᠺᠠᠰᠰ ᠢᠶᠠᠷ ᠲᠥᠯᠦᠭᠳᠡᠬᠦ ᠹᠡᠶᠴᠧᠷᠰ ᠨᠢ ᠫᠷᠠᠺᠲ᠋ᠢᠭ ᠲᠤ reference item ᠍ ᠦᠨ ᠬᠦᠷᠭᠡᠵᠦ ᠥᠭᠭᠦᠯᠲᠡ ᠪᠡᠷ ᠲᠣᠭᠠᠴᠠᠭ᠎ᠠ ᠬᠢᠭᠳᠡᠵᠦ ᠪᠣᠯᠳᠠᠭ ᠦᠭᠡᠢ᠃ ᠲᠤᠬᠠᠶᠢᠯᠠᠪᠠᠯ᠂ ᠢᠨᠳᠧᠺᠰ ᠢ ᠶᠠᠭᠠᠬᠢᠵᠤ ᠬᠦᠷᠭᠡᠵᠦ ᠥᠭᠬᠦ ᠪᠤᠢ?. ᠹᠡᠶᠴᠧᠷᠰ ᠭᠡᠷ᠎ᠡ ᠨᠢ ᠬᠣᠯᠪᠣᠭ᠎ᠠ ᠲᠠᠢ ᠰᠫᠣᠲ ᠤᠨ ᠵᠠᠬ᠎ᠠ ᠵᠡᠭᠡᠯᠢ ᠳ᠋ᠡᠬᠢ ᠬᠤᠳᠠᠯᠳᠤᠭᠠᠨ ᠳᠤ ᠰᠠᠭᠤᠷᠢᠯᠠᠭᠰᠠᠨ ᠢᠨᠳᠧᠺᠰ ᠢ ᠲᠣᠭᠠᠴᠠᠬᠤ ᠶᠢ ᠰᠣᠩᠭᠣᠳᠠᠭ ᠪᠠᠶᠢᠵᠤ ᠮᠠᠭᠠᠳ ᠦᠭᠡᠢ᠃ Ice Brent ᠹᠡᠶᠴᠧᠷᠰ ᠡᠨᠡ ᠠᠷᠭ᠎ᠠ ᠶᠢ ᠬᠡᠷᠡᠭᠯᠡᠳᠡᠭ᠃
  • ᠳᠠᠭᠤᠰᠬᠤ ᠬᠤᠭᠤᠴᠠᠭ᠎ᠠ - ᠨᠢ ᠤᠭ ᠭᠡᠷ᠎ᠡ ᠶᠢᠨ ᠡᠴᠦᠰ ᠦᠨ ᠦᠨ᠎ᠡ ᠲᠥᠯᠦᠯᠲᠡ ᠪᠡᠷ ᠹᠡᠶᠴᠧᠷᠰ ᠭᠡᠷ᠎ᠡ ᠶᠢᠨ ᠬᠤᠳᠠᠯᠳᠤᠭ᠎ᠠ ᠵᠣᠭᠰᠣᠬᠤ ᠲᠣᠳᠣᠷᠬᠠᠢ ᠬᠦᠷᠭᠡᠵᠦ ᠥᠭᠬᠦ ᠰᠠᠷ᠎ᠠ ᠶᠢ ᠵᠢᠭᠠᠬᠤ ᠬᠤᠭᠤᠴᠠᠭ᠎ᠠ ᠪᠤᠶᠤ ᠡᠳᠦᠷ᠃ ᠶᠡᠬᠡᠩᠬᠢ ᠬᠤᠪᠢᠴᠠᠭᠠᠨ ᠤ ᠢᠨᠳᠧᠺᠰ ᠪᠣᠯᠤᠨ ᠬᠦ ᠶᠢᠨ ᠲᠦᠪᠰᠢᠨ ᠦ ᠹᠡᠶᠴᠧᠷᠰ ᠭᠡᠷᠢᠶᠡᠨ ᠳᠦ (ᠶᠡᠬᠡᠩᠬᠢ ᠬᠤᠪᠢᠴᠠᠭᠠᠨ ᠤ ᠣᠫᠼᠢᠣᠨ ᠰᠢᠭ) ᠳᠠᠭᠤᠰᠬᠤ ᠬᠤᠭᠤᠴᠠᠭ᠎ᠠ ᠨᠢ ᠲᠣᠳᠣᠷᠬᠠᠢ ᠬᠤᠳᠠᠯᠳᠤᠭᠳᠠᠬᠤ ᠰᠠᠷ᠎ᠠ ᠶᠢᠨ ᠭᠤᠷᠪᠠᠳᠤᠭᠠᠷ ᠪᠠᠰᠠᠩ ᠭᠠᠷᠠᠭ ᠪᠠᠶᠢᠳᠠᠭ᠃ ᠡᠨᠡ ᠡᠳᠦᠷ t+1 ᠹᠡᠶᠴᠧᠷᠰ ᠭᠡᠷ᠎ᠡ t ᠪᠣᠯᠤᠨ᠎ᠠ᠃ ᠲᠤᠬᠠᠶᠢᠯᠠᠪᠠᠯ᠂ CME ᠪᠠ CBOT ᠭᠡᠷ᠎ᠡ ᠶᠢᠨ ᠬᠤᠪᠢ ᠳᠤ 12 ᠍ ᠳᠦᠭᠡᠷ ᠰᠠᠷ᠎ᠠ ᠶᠢᠨ ᠭᠡᠷ᠎ᠡ ᠶᠢᠨ ᠳᠠᠭᠤᠰᠬᠤ ᠬᠤᠭᠤᠴᠠᠭᠠᠨ ᠳᠤ 3 ᠍ ᠳᠦᠭᠡᠷ ᠰᠠᠷ᠎ᠠ ᠶᠢᠨ ᠹᠡᠶᠴᠧᠷᠰ ᠬᠠᠮᠤᠭ ᠤᠨ ᠣᠶᠢᠷ᠎ᠠ ᠶᠢᠨ ᠭᠡᠷ ᠢᠶᠡᠨ ᠪᠣᠯᠳᠠᠭ᠃ ᠡᠨᠡ ᠨᠢ ᠠᠷᠪᠢᠲ᠋ᠧᠷᠠᠵᠤ ᠶᠢᠨ ᠬᠡᠯᠲᠡᠰ ᠦᠨ ᠬᠤᠪᠢ ᠳᠤ ᠰᠡᠳᠬᠢᠯ ᠬᠥᠳᠡᠯᠦᠮ᠎ᠡ ᠴᠠᠭ᠂ ᠭᠣᠣᠯ ᠺᠠᠰᠰ ᠤᠨ ᠦᠨ᠎ᠡ ᠪᠠ ᠹᠡᠶᠴᠧᠷᠰ ᠦᠨ ᠦᠨ᠎ᠡ ᠵᠠᠷᠢᠮ ᠳᠤ ᠪᠠᠨ ᠨᠡᠶᠢᠯᠡᠬᠦ ᠭᠡᠵᠦ ᠮᠡᠷᠡᠶᠢᠵᠦ ᠪᠠᠶᠢᠬᠤ ᠬᠣᠭᠣᠷᠣᠨᠳᠣ ᠪᠣᠭᠣᠨᠢ ᠬᠤᠭᠤᠴᠠᠭᠠᠨ ᠳᠤ (ᠮᠠᠭᠠᠳ ᠦᠭᠡᠢ 30 ᠮᠢᠨᠦ᠋ᠲ) ᠬᠤᠷᠳᠤᠨ ᠠᠰᠢᠭ ᠣᠯᠬᠤ ᠶᠢ ᠣᠷᠣᠯᠳᠤᠳᠠᠭ᠃ ᠶᠠᠭ ᠡᠨᠡ ᠮᠥᠴᠡ ᠳᠦ ᠹᠡᠶᠴᠧᠷᠰ ᠪᠠ ᠭᠣᠣᠯ ᠬᠥᠷᠥᠩᠭᠡ ᠨᠢ ᠲᠤᠶᠢᠯ ᠤᠨ ᠬᠦᠷᠪᠡᠬᠦ ᠴᠢᠳᠠᠪᠤᠷᠢ ᠲᠠᠢ ᠪᠣᠯᠳᠠᠭ ᠪᠠ ᠢᠨᠳᠧᠺᠰ ᠪᠣᠯᠤᠨ ᠴᠠᠭᠠᠳᠤ ᠬᠥᠷᠥᠩᠭᠡ ᠶᠢᠨ ᠬᠣᠭᠣᠷᠣᠨᠳᠣ ᠶᠢᠨ ᠢᠯᠭᠠᠭ᠎ᠠ (disparity) ᠮᠠᠰᠢ ᠬᠤᠷᠳᠤᠨ ᠢᠶᠠᠷ arbitrageur ᠍ ᠪᠠᠷ ᠬᠤᠳᠠᠯᠳᠤᠭᠳᠠᠳᠠᠭ᠃ ᠮᠥᠨ ᠡᠨᠡ ᠮᠥᠴᠡ ᠳᠦ ᠬᠡᠮᠵᠢᠶᠡᠨ ᠦ ᠥᠰᠦᠯᠲᠡ ᠨᠢ ᠬᠤᠳᠠᠯᠳᠤᠭᠠᠯᠠᠭᠴᠢᠳ ᠠᠮᠠᠯᠠᠯᠲᠠ ᠪᠠᠨ ᠳᠠᠷᠤᠭ᠎ᠠ ᠶᠢᠨ ᠭᠡᠷ ᠢᠶᠡᠨ ᠷᠦᠦ ᠰᠢᠯᠵᠢᠭᠦᠯᠦᠭᠰᠡᠨ ᠡᠰᠡᠪᠡᠯ ᠬᠤᠪᠢᠴᠠᠭᠠᠨ ᠤ ᠢᠨᠳᠧᠺᠰ ᠦᠨ ᠹᠡᠶᠴᠧᠷᠰ ᠲᠣᠬᠢᠶᠠᠯᠳᠤᠯ ᠳᠤ ᠣᠳᠣ ᠶᠢᠨ ᠢᠨᠳᠧᠺᠰ ᠦᠨ ᠠᠮᠠᠯᠠᠯᠲᠠ ᠠᠴᠠ ᠵᠠᠶᠢᠯᠬᠢᠬᠦ ᠶᠢᠨ ᠲᠤᠯᠠᠳᠠ ᠬᠢᠭᠰᠡᠨ ᠲᠡᠳᠡᠭᠡᠷ ᠢᠨᠳᠧᠺᠰ ᠦᠳ ᠦᠨ ᠴᠠᠭᠠᠳᠤ ᠪᠦᠷᠢᠳᠦᠯ ᠬᠡᠰᠡᠭ ᠦᠳ ᠦᠨ ᠬᠤᠳᠠᠯᠳᠤᠭᠠᠨ ᠠᠴᠠ ᠰᠢᠯᠲᠠᠭᠠᠯᠠᠳᠠᠭ᠃ ᠭᠡᠷ ᠢᠶᠡᠨ ᠳᠠᠭᠤᠰᠬᠤ ᠡᠳᠦᠷ᠂ ᠯᠣᠨᠳᠣᠨ ᠡᠰᠡᠪᠡᠯ ᠹᠷᠠᠨᠺᠹᠦ᠋ᠷ ᠲᠦ ᠳᠠᠬᠢ ᠧᠦ᠋ᠷᠣᠫᠠ ᠶᠢᠨ ᠬᠤᠪᠢᠴᠠᠭᠠᠨ ᠤ ᠠᠷᠪᠢᠲ᠋ᠧᠷᠠᠵᠤ ᠶᠢᠨ ᠬᠤᠳᠠᠯᠳᠤᠭᠠᠨ ᠤ ᠬᠡᠯᠲᠡᠰ ᠲᠦ ᠪᠠᠷᠤᠭ ᠬᠠᠭᠠᠰ ᠴᠠᠭ ᠲᠤ 8 ᠭᠣᠣᠯ ᠵᠠᠬ᠎ᠠ ᠵᠡᠭᠡᠯᠢ ᠳᠦ ᠠᠮᠠᠯᠠᠯᠲᠠ(position) ᠳᠠᠭᠤᠰᠬᠤ ᠶᠢ ᠬᠠᠷᠠᠨ᠎ᠠ᠃

ᠦᠨ᠎ᠡ ᠲᠣᠭᠲᠠᠭᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠷᠭᠡᠵᠦ ᠥᠭᠴᠦ ᠪᠣᠯᠬᠤᠶᠢᠴᠠ ᠬᠥᠷᠥᠩᠭᠡ ᠶᠢᠨ ᠨᠡᠶᠢᠯᠡᠭᠦᠯᠦᠯᠲᠡ ᠬᠠᠩᠭᠠᠯᠲᠠ ᠲᠠᠢ ᠪᠠᠶᠢᠭ᠎ᠠ ᠦᠶ᠎ᠡ ᠳᠦ᠂ ᠡᠰᠡᠪᠡᠯ ᠴᠢᠯᠦᠭᠡᠲᠡᠢ ᠪᠤᠢ ᠪᠣᠯᠤᠭᠰᠠᠨ ᠪᠠᠶᠢᠵᠤ ᠮᠠᠭᠠᠳ ᠦᠭᠡᠢ ᠦᠶ᠎ᠡ ᠳᠦ ᠹᠡᠶᠴᠧᠷᠰ ᠭᠡᠷ᠎ᠡ ᠶᠢᠨ ᠦᠨ᠎ᠡ ᠠᠷᠪᠢᠲ᠋ᠧᠷᠠᠵᠤ ᠶᠢᠨ ᠪᠠᠲᠤᠯᠠᠭ᠎ᠠ ᠪᠠᠷ ᠲᠣᠳᠣᠷᠬᠠᠶᠢᠯᠠᠭᠳᠠᠳᠠᠭ᠃ ᠡᠨᠡ ᠨᠢ ᠬᠥᠷᠥᠩᠭᠡ ᠶᠢᠨ ᠢᠨᠳᠧᠺᠰ ᠦᠨ ᠹᠡᠶᠴᠧᠷᠰ᠂ treasury ᠪᠦᠩᠳᠠ ᠶᠢᠨ ᠹᠡᠶᠴᠧᠷᠰ᠂ ᠪᠡᠶ᠎ᠡ ᠳᠦ ᠪᠠᠷᠠᠭᠠᠨ ᠤ ᠹᠡᠶᠴᠧᠷᠰ ᠦᠨ ᠬᠤᠪᠢ ᠳᠤ ᠲᠡᠳᠡᠭᠡᠷ ᠦᠨ ᠨᠥᠭᠡᠴᠡ ᠶᠡᠬᠡ ᠪᠠᠶᠢᠭ᠎ᠠ ᠦᠶ᠎ᠡ ᠳᠦ ᠨᠡᠶᠢᠲᠡᠯᠢᠭ ᠪᠠᠶᠢᠳᠠᠭ(ᠵᠢᠱᠢᠶ᠎ᠡ ᠨᠢ᠂ ᠤᠷᠭᠤᠴᠠ ᠬᠤᠷᠢᠶᠠᠯᠲᠠ ᠶᠢᠨ ᠳᠠᠷᠠᠭ᠎ᠠ ХАА ᠍ ᠦᠨ ᠦᠷ᠎ᠡ ᠲᠠᠷᠢᠶ᠎ᠠ). ᠭᠡᠬᠦ ᠳᠦ ᠪᠡᠨ ᠬᠦᠷᠭᠡᠵᠦ ᠥᠭᠴᠦ ᠪᠣᠯᠬᠤᠶᠢᠴᠠ ᠪᠠᠷᠠᠭᠠᠨ ᠤ ᠨᠥᠭᠡᠴᠡ ᠬᠣᠮᠰᠠ ᠪᠠᠶᠢᠭ᠎ᠠ ᠦᠶ᠎ᠡ ᠳᠦ ᠡᠰᠡᠪᠡᠯ ᠪᠠᠶᠢᠬᠤ ᠦᠭᠡᠢ ᠪᠠᠶᠢᠭ᠎ᠠ ᠦᠶ᠎ᠡ ᠳᠦ , ᠲᠤᠬᠠᠶᠢᠯᠠᠪᠠᠯ ᠤᠷᠭᠤᠴᠠ ᠬᠤᠷᠢᠶᠠᠯᠲᠠ ᠶᠢᠨ ᠡᠮᠦᠨᠡᠬᠢ ᠦᠷ᠎ᠡ ᠲᠠᠷᠢᠶ᠎ᠠ᠂ ᠡᠰᠡᠪᠡᠯ ᠧᠦ᠋ᠷᠣᠳ᠋ᠣᠯᠯᠠᠷ ᠤᠨ ᠹᠡᠶᠴᠧᠷᠰ᠂ Federal funds rate ᠹᠡᠶᠴᠧᠷᠰ ᠲᠦ (ᠴᠠᠭᠠᠳᠤ ᠬᠡᠷᠡᠭᠰᠡᠯ ᠨᠢ ᠬᠦᠷᠭᠡᠵᠦ ᠥᠭᠬᠦ ᠡᠳᠦᠷ ᠪᠤᠢ ᠪᠣᠯᠳᠠᠭ ᠦᠶ᠎ᠡ ᠳᠦ) ᠹᠡᠶᠴᠧᠷᠰ ᠦᠨ ᠦᠨ᠎ᠡ ᠠᠷᠪᠢᠲ᠋ᠧᠷᠠᠵᠢ ᠪᠠᠷ ᠲᠣᠭᠲᠠᠭᠠᠭᠳᠠᠳᠠᠭ ᠦᠭᠡᠢ᠃ ᠡᠨᠡ ᠲᠣᠬᠢᠶᠠᠯᠳᠤᠯ ᠳᠤ ᠵᠥᠪᠬᠡᠨ ᠨᠢᠭᠡ ᠬᠦᠴᠦ ᠦᠨ᠎ᠡ ᠶᠢ ᠲᠣᠬᠢᠷᠠᠭᠤᠯᠳᠠᠭ᠂ ᠡᠨᠡ ᠨᠢ ᠹᠡᠶᠴᠧᠷᠰ ᠭᠡᠷ᠎ᠡ ᠶᠢᠨ ᠡᠷᠢᠯ ᠳᠦ ᠨᠡᠶᠢᠯᠡᠭᠦᠯᠦᠯᠲᠡ ᠪᠡᠷ ᠢᠯᠡᠷᠬᠡᠶᠢᠯᠡᠭᠳᠡᠭᠰᠡᠨ ᠢᠷᠡᠭᠡᠳᠦᠢ ᠶᠢᠨ ᠲᠤᠬᠠᠢ ᠶᠢᠨ ᠬᠥᠷᠥᠩᠭᠡ ᠶᠢᠨ ᠡᠷᠢᠯᠲᠡ ᠪᠠ ᠨᠡᠶᠢᠯᠡᠭᠦᠯᠦᠯᠲᠡ᠃

ᠠᠷᠪᠢᠲ᠋ᠧᠷᠠᠵᠤ ᠶᠢᠨ ᠪᠠᠲᠤᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠢᠲ᠋ᠧᠷᠠᠵᠤ ᠶᠢᠨ ᠪᠠᠲᠤᠯᠠᠭ᠎ᠠ ᠨᠢ (ᠷᠠᠼᠢᠣᠨᠠᠯᠢ ᠦᠨ᠎ᠡ ᠲᠣᠭᠲᠠᠭᠠᠬᠤ) ᠬᠦᠷᠭᠡᠵᠦ ᠥᠭᠴᠦ ᠪᠣᠯᠬᠤᠶᠢᠴᠠ ᠬᠥᠷᠥᠩᠭᠡ ᠶᠢᠨ ᠨᠡᠶᠢᠯᠡᠭᠦᠯᠦᠯᠲᠡ ᠶᠡᠬᠡ ᠪᠠᠶᠢᠭ᠎ᠠ ᠡᠰᠡᠪᠡᠯ ᠴᠢᠯᠦᠭᠡᠲᠡᠢ ᠪᠤᠢ ᠪᠣᠯᠤᠭᠰᠠᠨ ᠦᠶ᠎ᠡ ᠳᠦ ᠬᠡᠷᠡᠭᠯᠡᠭᠳᠡᠳᠡᠭ᠃ ᠡᠨᠳᠡ ᠹᠣᠷᠸᠠᠷᠳ᠋ ᠍ ᠤᠨ ᠦᠨ᠎ᠡ ᠡᠷᠡᠰᠳᠡᠯ ᠦᠭᠡᠢ ᠲᠦᠪᠰᠢᠨ ᠳᠦ ᠳ᠋ᠢᠰᠺᠠᠦ᠋ᠨ᠋ᠲᠴᠢᠯᠠᠭᠳᠠᠭᠰᠠᠨ ᠴᠠᠭᠠᠳᠤ ᠬᠦᠯᠢᠶᠡᠭᠳᠡᠵᠦ ᠪᠤᠢ ᠹᠡᠶᠴᠧᠷᠰ ᠦᠨ ᠥᠷᠲᠡᠭ ᠢ ᠲᠥᠯᠦᠭᠡᠯᠡᠳᠡᠭ- ᠬᠥᠷᠥᠩᠭᠡ ᠣᠷᠣᠭᠤᠯᠤᠭᠴᠢᠳ ᠡᠷᠡᠰᠳᠡᠯ ᠦᠭᠡᠢ ᠠᠰᠢᠭ ᠤᠯᠬᠤ ᠪᠣᠯᠤᠮᠵᠢ ᠲᠠᠢ ᠪᠠ ᠠᠷᠪᠢᠲ᠋ᠧᠷᠠᠵᠤᠴᠢᠯᠠᠭᠳᠠᠭᠰᠠᠨ ᠪᠠᠶᠢᠬᠤ ᠬᠡᠷᠡᠭᠲᠡᠢ ᠣᠨᠣᠯ ᠤᠨ ᠦᠨ᠎ᠡ ᠡᠴᠡ ᠬᠠᠵᠠᠶᠢᠬᠤ ᠬᠠᠵᠠᠶᠢᠯᠲᠠ ᠪᠠᠷ ᠲᠡᠭᠡᠬᠦ ᠪᠡᠷ ᠡᠩ ᠦᠨ ᠢᠶᠡᠷ᠂ ᠨᠣᠭᠳᠠᠯ ᠠᠰᠢᠭ ᠲᠥᠯᠦᠳᠡᠭ ᠦᠭᠡᠢ ᠬᠥᠷᠥᠩᠭᠡ (ᠹᠣᠷᠠᠪᠤᠷ ᠲᠤ) ᠍ ᠦᠨ ᠥᠷᠲᠡᠭ F(t), ᠨᠢ t ᠬᠤᠭᠤᠴᠠᠭᠠᠨ ᠳᠠᠬᠤ ᠥᠨᠥ ᠶᠢᠨ ᠥᠷᠲᠡᠭ S(t), ᠲᠤᠬᠠᠢ ᠶᠢᠨ ᠭᠡᠷ᠎ᠡ ᠶᠢᠨ ᠦᠷᠭᠦᠯᠵᠢᠯᠡᠬᠦ ᠬᠤᠭᠤᠴᠠᠭ᠎ᠠ T, ᠡᠷᠡᠰᠳᠡᠯ ᠦᠭᠡᠢ ᠥᠭᠭᠦᠭᠡᠴᠢ ᠶᠢᠨ ᠲᠦᠪᠰᠢᠨ r ᠍ ᠡᠴᠡ ᠳᠠᠷᠠᠭᠠᠬᠢ ᠪᠠᠶᠢᠳᠠᠯ ᠢᠶᠠᠷ ᠬᠠᠮᠢᠶᠠᠷᠤᠨ᠎ᠠ᠃

F(t)=S(t)(1+r)(T-t)

ᠡᠨᠡ ᠨᠢ ᠲᠠᠰᠤᠷᠠᠯᠲᠠ ᠦᠭᠡᠢ ᠦᠶ᠎ᠡ ᠳᠦ

F(t)=S(t)er(T-t)

ᠡᠨᠡ ᠬᠠᠷᠢᠴᠠᠭ᠎ᠠ ᠨᠢ ᠠᠭᠤᠯᠬᠤ ᠶᠢᠨ ᠵᠠᠷᠤᠳᠠᠯ᠂ ᠨᠣᠭᠳᠠᠯ ᠠᠰᠢᠭ᠂ ᠨᠣᠭᠳᠠᠯ ᠠᠰᠢᠭ ᠤᠨ ᠬᠤᠪᠢ᠂ ᠲᠠᠭᠠᠷᠠᠮᠵᠢ ᠶᠢᠨ ᠠᠰᠢᠭ ᠵᠡᠷᠭᠡ ᠶᠢᠨ ᠬᠤᠪᠢ ᠳᠤ ᠥᠭᠡᠷᠡᠴᠢᠯᠡᠨ ᠰᠠᠶᠢᠵᠢᠷᠠᠭᠤᠯᠤᠭᠳᠠᠭᠰᠠᠨ ᠪᠠᠶᠢᠵᠤ ᠮᠠᠭᠠᠳ ᠦᠭᠡᠢ᠃ ᠲᠡᠭᠦᠰ ᠵᠠᠬ᠎ᠠ ᠵᠡᠭᠡᠯᠢ ᠳᠦ ᠹᠡᠶᠴᠧᠷᠰ ᠪᠠ ᠰᠫᠣᠲ ᠦᠨ᠎ᠡ ᠶᠢᠨ ᠬᠣᠭᠣᠷᠣᠨᠳᠣ ᠶᠢᠨ ᠬᠠᠮᠢᠶᠠᠷᠤᠯ ᠵᠥᠪᠬᠡᠨ ᠳᠡᠭᠡᠷᠡᠬᠢ ᠬᠤᠪᠢᠰᠤᠭᠴᠢᠳ ᠠᠴᠠ ᠬᠠᠮᠢᠶᠠᠷᠤᠨ᠎ᠠ᠃ ᠫᠷᠠᠺᠲ᠋ᠢᠭ ᠲᠤ ᠶᠡᠬᠡᠩᠬᠢ ᠵᠠᠬ᠎ᠠ ᠵᠡᠭᠡᠯᠢ ᠲᠡᠭᠦᠰ ᠪᠤᠰᠤ(ᠲᠷᠠᠨᠰᠠᠺᠼ ᠤᠨ ᠵᠠᠷᠤᠳᠠᠯ᠂ ᠵᠢᠭᠡᠯᠡᠬᠦ ᠪᠣᠯᠤᠨ ᠵᠢᠭᠡᠯᠡᠳᠦᠭᠦᠯᠬᠦ ᠲᠦᠪᠰᠢᠩ ᠦᠨ ᠵᠥᠷᠢᠭᠦᠦ᠂ ᠪᠣᠭᠣᠨᠢ ᠬᠤᠭᠤᠴᠠᠭᠠᠨ ᠤ ᠪᠣᠷᠣᠯᠠᠭᠤᠯᠤᠯᠲᠠ ᠶᠢᠨ ᠬᠢᠵᠠᠭᠠᠷᠯᠠᠯ ᠳᠤ) ᠪᠠᠶᠢᠳᠠᠭ ᠤᠴᠢᠷ ᠠᠴᠠ ᠪᠦᠷᠢᠨ ᠠᠷᠪᠢᠲ᠋ᠧᠷᠠᠵᠤ ᠠᠴᠠ ᠵᠠᠶᠢᠯᠠᠰᠬᠢᠳᠡᠭ᠃ ᠲᠡᠶᠢᠮᠦ ᠡᠴᠡ ᠦᠨᠡᠨ ᠳᠦ ᠪᠡᠨ ᠹᠡᠶᠴᠧᠷᠰ ᠦᠨ ᠦᠨ᠎ᠡ ᠨᠢ ᠠᠷᠪᠢᠲ᠋ᠧᠷᠠᠵᠤ ᠶᠢᠨ ᠬᠦᠷᠢᠶᠡᠨ ᠳᠦ ᠣᠨᠣᠯ ᠤᠨ ᠦᠨ᠎ᠡ ᠶᠢᠨ ᠣᠷᠴᠢᠮ ᠳᠤ ᠥᠭᠡᠷ᠎ᠡ ᠥᠭᠡᠷ᠎ᠡ ᠪᠠᠶᠢᠳᠠᠭ᠃

ᠬᠦᠯᠢᠶᠡᠯᠲᠡ ᠪᠡᠷ ᠦᠨ᠎ᠡ ᠲᠣᠭᠲᠠᠭᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠷᠭᠡᠵᠦ ᠥᠭᠴᠦ ᠪᠣᠯᠬᠤᠶᠢᠴᠠ ᠪᠠᠷᠠᠭᠠᠨ ᠤ ᠪᠠᠷᠠᠭᠠᠨ ᠤ ᠨᠡᠶᠢᠯᠡᠭᠦᠯᠦᠯᠲᠡ ᠬᠠᠩᠭᠠᠯᠲᠠ ᠲᠠᠢ ᠪᠢᠰᠢ ᠦᠶ᠎ᠡ ᠳᠦ ᠠᠷᠪᠢᠲ᠋ᠧᠷᠠᠵᠤ ᠶᠢᠨ ᠮᠧᠬᠠᠨᠢᠰᠮ ᠬᠡᠷᠡᠭᠵᠢᠵᠦ ᠪᠣᠯᠬᠤᠶᠢᠴᠠ ᠪᠢᠰᠢ ᠤᠴᠢᠷ ᠠᠴᠠ ᠷᠠᠼᠢᠣᠨᠠᠯᠢ ᠦᠨ᠎ᠡ ᠲᠣᠭᠲᠠᠭᠠᠯᠲᠠ ᠨᠢ ᠬᠡᠷᠡᠭᠯᠡᠭᠳᠡᠵᠦ ᠴᠢᠳᠠᠳᠠᠭ ᠦᠭᠡᠢ᠃ ᠡᠨᠡ ᠦᠶ᠎ᠡ ᠳᠦ ᠹᠡᠶᠴᠧᠷᠰ ᠦᠨ ᠦᠨ᠎ᠡ ᠥᠨᠥᠳᠥᠷ ᠦᠨ ᠹᠡᠶᠴᠧᠷᠰ ᠳ᠋ᠡᠬᠢ ᠭᠣᠣᠯ ᠬᠥᠷᠥᠩᠭᠡ ᠶᠢᠨ ᠡᠷᠢᠯ ᠳᠦ ᠨᠡᠶᠢᠯᠡᠭᠦᠯᠦᠯᠲᠡ ᠪᠡᠷ ᠲᠣᠳᠣᠷᠬᠠᠶᠢᠯᠠᠭᠳᠠᠳᠠᠭ᠃

ᠭᠦᠨᠵᠡᠭᠡᠢ᠂ ᠬᠦᠷᠪᠡᠬᠦ ᠴᠢᠳᠠᠪᠤᠷᠢ ᠲᠠᠢ ᠵᠠᠬ᠎ᠠ ᠵᠡᠭᠡᠯᠢ ᠳᠦ ᠡᠷᠢᠯᠲᠡ ᠨᠡᠶᠢᠯᠡᠭᠦᠯᠦᠯᠲᠡ ᠨᠢ ᠪᠣᠳᠠᠲᠤ ᠬᠥᠷᠥᠩᠭᠡ ᠶᠢᠨ ᠢᠷᠡᠭᠡᠳᠦᠢ ᠶᠢᠨ ᠦᠨ᠎ᠡ ᠶᠢᠨ ᠭᠠᠵᠢᠯᠲᠠ ᠦᠭᠡᠢ ᠬᠦᠯᠢᠶᠡᠯᠲᠡ ᠶᠢ ᠲᠥᠯᠦᠭᠡᠯᠡᠳᠡᠭ ᠦᠨ᠎ᠡ ᠶᠢᠨ ᠲᠦᠪᠰᠢᠨ ᠳᠦ ᠲᠡᠩᠴᠡᠭᠦᠯᠬᠦ ᠪᠡᠷ ᠬᠦᠯᠢᠶᠡᠭᠳᠡᠳᠡᠭ ᠪᠠ ᠳᠠᠷᠠᠭᠠᠬᠢ ᠡᠩ ᠦᠨ ᠬᠠᠷᠢᠴᠠᠭ᠎ᠠ ᠪᠠᠷ ᠥᠭᠭᠦᠭᠳᠡᠳᠡᠭ᠃

F(t)=Et{S(t)}

ᠡᠰᠡᠷᠭᠦ ᠪᠡᠷ ᠭᠦᠶᠦᠬᠡᠨ᠂ ᠬᠦᠷᠪᠡᠬᠦ ᠴᠢᠳᠠᠪᠤᠷᠢ ᠮᠠᠭᠤ ᠲᠠᠢ ᠵᠠᠬ᠎ᠠ ᠵᠡᠭᠡᠯᠢ ᠳᠦ ᠡᠰᠡᠪᠡᠯ ᠶᠡᠬᠡ ᠬᠡᠮᠵᠢᠶᠡᠨ ᠦ ᠬᠦᠷᠭᠡᠵᠦ ᠥᠭᠴᠦ ᠪᠣᠯᠬᠤᠶᠢᠴᠠ ᠬᠥᠷᠥᠩᠭᠡ ᠵᠣᠷᠢᠭᠤᠳᠠ ᠪᠠᠷ ᠵᠠᠬ᠎ᠠ ᠵᠡᠭᠡᠯᠢ ᠳᠦ ᠣᠷᠣᠯᠴᠠᠭᠴᠢᠳ ᠠᠴᠠ ᠲᠠᠲᠠᠭᠠᠯᠵᠠᠭᠳᠠᠭᠰᠠᠨ ᠵᠠᠬ᠎ᠠ ᠵᠡᠭᠡᠯᠢ ᠳᠦ (cornering market ᠭᠡᠳᠡᠭ ᠢᠶᠡᠷ ᠲᠠᠨᠢᠭᠳᠠᠭᠰᠠᠨ ᠬᠠᠤᠯᠢ ᠪᠤᠰᠤ ᠦᠢᠯᠡᠳᠦᠯ) ᠹᠡᠶᠴᠧᠷᠰ ᠦᠨ ᠵᠠᠬ᠎ᠠ ᠵᠡᠭᠡᠯᠢ ᠶᠢᠨ ᠺᠯᠢᠷᠢᠩ ᠦᠨ ᠦᠨ᠎ᠡ ᠨᠢ ᠡᠷᠢᠯᠲᠡ ᠪᠠ ᠨᠡᠶᠢᠯᠡᠭᠦᠯᠦᠯᠲᠡ ᠶᠢᠨ ᠬᠣᠭᠣᠷᠣᠨᠳᠣ ᠶᠢᠨ ᠲᠡᠩᠴᠡᠪᠦᠷᠢ ᠶᠢ ᠲᠥᠯᠦᠭᠡᠯᠡᠵᠦ ᠮᠠᠭᠠᠳ ᠦᠭᠡᠢ᠂ ᠭᠡᠪᠡᠴᠦ ᠡᠨᠡ ᠦᠨ᠎ᠡ ᠪᠠ ᠬᠥᠷᠥᠩᠭᠡ ᠶᠢᠨ ᠬᠦᠯᠢᠶᠡᠭᠳᠡᠵᠦ ᠪᠤᠢ ᠢᠷᠡᠭᠡᠳᠦᠢ ᠶᠢᠨ ᠦᠨ᠎ᠡ ᠶᠢᠨ ᠬᠣᠭᠣᠷᠣᠨᠳᠣ ᠶᠢᠨ ᠬᠠᠷᠢᠯᠴᠠᠭ᠎ᠠ ᠦᠢᠯᠡᠴᠢᠯᠡᠬᠦ ᠪᠡᠨ ᠪᠣᠯᠢᠨ᠎ᠠ᠃

ᠠᠷᠪᠢᠲ᠋ᠧᠷᠠᠵᠤ ᠶᠢᠨ ᠪᠠᠲᠤᠯᠠᠭ᠎ᠠ ᠪᠠ ᠬᠦᠯᠢᠶᠡᠯᠲᠡ ᠶᠢᠨ ᠬᠣᠭᠣᠷᠣᠨᠳᠣ ᠶᠢᠨ ᠬᠣᠯᠪᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠳᠡ ᠷᠢᠰᠺ ᠨᠧᠢᠲ᠋ᠷᠠᠯ ᠮᠠᠭᠠᠳᠯᠠᠯ ᠤᠨ ᠬᠤᠪᠢ ᠳᠤ ᠬᠦᠯᠢᠶᠡᠯᠲᠡ ᠬᠢᠭᠰᠡᠨ ᠦᠶ᠎ᠡ ᠳᠦ ᠬᠦᠯᠢᠶᠡᠯᠲᠡ ᠳᠦ ᠰᠠᠭᠤᠷᠢᠯᠠᠭᠰᠠᠨ ᠬᠠᠷᠢᠯᠴᠠᠭ᠎ᠠ ᠪᠠᠰᠠ ᠠᠷᠪᠢᠲ᠋ᠧᠷᠠᠵᠤ ᠶᠢᠨ ᠪᠤᠰᠤ ᠲᠣᠬᠢᠷᠠᠭᠤᠯᠤᠯᠲᠠ ᠶᠢ ᠬᠢᠳᠡᠭ᠃ ᠥᠭᠡᠷ᠎ᠡ ᠪᠡᠷ ᠬᠡᠯᠡᠪᠡᠯ᠂ ᠷᠢᠰᠺ ᠨᠧᠢᠲ᠋ᠷᠠᠯ ᠮᠠᠭᠠᠳᠯᠠᠯ ᠤᠨ ᠬᠤᠪᠢ ᠳᠤ ᠹᠡᠶᠴᠧᠷᠰ ᠦᠨ ᠦᠨ᠎ᠡ ᠨᠢ martingale. ᠡᠨᠡ ᠦᠨ᠎ᠡ ᠲᠣᠭᠲᠠᠭᠠᠬᠤ ᠳᠦᠷᠢᠮ ᠢᠶᠡᠷ ᠹᠡᠶᠴᠧᠷᠰ ᠦᠨ ᠵᠠᠬ᠎ᠠ ᠵᠡᠭᠡᠯᠢ ᠳᠦ ᠬᠦᠷᠭᠡᠵᠦ ᠥᠭᠴᠦ ᠪᠣᠯᠬᠤᠶᠢᠴᠠ ᠪᠠᠷᠠᠭᠠᠨ ᠤ ᠦᠨ᠎ᠡ ᠰᠢᠳᠤᠷᠭᠤ ᠪᠠᠷ ᠲᠣᠭᠲᠠᠳᠠᠭ ᠦᠶ᠎ᠡ ᠳᠦ ᠡᠷᠦᠰᠳᠡᠯ ᠲᠡᠢ ᠬᠥᠷᠥᠩᠭᠡ ᠣᠷᠣᠭᠤᠯᠤᠭᠴᠢᠳ ᠣᠷᠣᠯᠭ᠎ᠠ ᠵᠠᠷᠤᠯᠭ᠎ᠠ ᠲᠡᠩᠴᠡᠭᠦᠦ(ᠠᠰᠢᠭ ᠲᠡᠭ) ᠪᠠᠶᠢᠬᠤ ᠪᠠᠷ ᠬᠦᠯᠢᠶᠡᠭᠳᠡᠳᠡᠭ᠃

Contango ᠪᠠ backwardation[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠷᠡᠭᠡᠳᠦᠢ ᠳᠦ ᠬᠦᠷᠭᠡᠵᠦ ᠥᠭᠬᠦ ᠪᠠᠷᠠᠭᠠᠨ ᠤ ᠦᠨ᠎ᠡ ᠰᠫᠣᠲ ᠦᠨ᠎ᠡ ᠡᠴᠡ ᠥᠨᠳᠥᠷ᠂ ᠡᠰᠡᠪᠡᠯ ᠬᠣᠯᠠ ᠶᠢᠨ ᠢᠷᠡᠭᠡᠳᠦᠢ ᠳᠦ ᠬᠦᠷᠭᠡᠵᠦ ᠥᠭᠭᠦᠯᠲᠡ ᠶᠢᠨ ᠦᠨ᠎ᠡ ᠣᠶᠢᠷ᠎ᠠ ᠶᠢᠨ ᠢᠷᠡᠭᠡᠳᠦᠢ ᠶᠢᠨ ᠬᠦᠷᠭᠡᠵᠦ ᠥᠭᠭᠦᠯᠲᠡ ᠶᠢᠨ ᠬᠢ ᠡᠴᠡ ᠥᠨᠳᠥᠷ ᠦᠶ᠎ᠡ ᠶᠢᠨ ᠨᠥᠬᠥᠴᠡᠯ ᠪᠠᠶᠢᠳᠠᠯ ᠢ contango ᠭᠡᠳᠡᠭ᠃ ᠡᠰᠡᠷᠭᠦ ᠪᠡᠷ ᠢᠷᠡᠭᠡᠳᠦᠢ ᠳᠦ ᠬᠦᠷᠭᠡᠵᠦ ᠥᠭᠬᠦ ᠪᠠᠷᠠᠭᠠᠨ ᠤ ᠦᠨ᠎ᠡ ᠰᠫᠣᠲ ᠦᠨ᠎ᠡ ᠡᠴᠡ ᠳᠣᠣᠭᠤᠷ᠂ ᠡᠰᠡᠪᠡᠯ ᠬᠣᠯᠠ ᠶᠢᠨ ᠢᠷᠡᠭᠡᠳᠦᠢ ᠳᠦ ᠬᠦᠷᠭᠡᠵᠦ ᠥᠭᠭᠦᠯᠲᠡ ᠶᠢᠨ ᠦᠨ᠎ᠡ ᠣᠶᠢᠷ᠎ᠠ ᠶᠢᠨ ᠢᠷᠡᠭᠡᠳᠦᠢ ᠶᠢᠨ ᠬᠦᠷᠭᠡᠵᠦ ᠥᠭᠭᠦᠯᠲᠡ ᠶᠢᠨ ᠬᠢ ᠡᠴᠡ ᠳᠣᠣᠭᠤᠷ ᠪᠣᠯ backwardation ᠭᠡᠳᠡᠭ᠃

ᠹᠡᠶᠴᠧᠷᠰ ᠭᠡᠷ᠎ᠡ ᠨᠦᠭᠦᠳ ᠪᠠ ᠹᠡᠶᠴᠧᠷᠰ ᠦᠨ ᠪᠢᠷᠵᠢ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠷ᠎ᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠡᠶᠴᠧᠷᠰ ᠭᠡᠷ᠎ᠡ ᠨᠢ ᠣᠯᠠᠨ ᠲᠥᠷᠥᠯ ᠦᠨ 《ᠬᠤᠳᠠᠯᠳᠤᠭᠳᠠᠳᠠᠭ》 ᠬᠥᠷᠥᠩᠭᠡ ᠶᠢ ᠲᠤᠰᠬᠠᠭᠰᠠᠨ ᠣᠯᠠᠨ ᠲᠥᠷᠥᠯ ᠦᠳ ᠲᠡᠢ ᠪᠠᠶᠢᠳᠠᠭ᠃ ᠭᠡᠷ᠎ᠡ ᠨᠢ ᠪᠠᠷ᠎ᠠ ᠲᠠᠸᠠᠷ ᠤᠳ᠂ ᠦᠨᠡᠲᠦ ᠴᠠᠭᠠᠰᠤᠨ ᠨᠤᠭᠤᠳ(ᠳᠠᠩ ᠬᠥᠷᠥᠩᠭᠡ ᠶᠢᠨ ᠹᠡᠶᠴᠧᠷᠰ ᠬᠡᠬᠦ ᠮᠡᠳᠦ), ᠬᠦ ᠶᠢᠨ ᠲᠦᠪᠰᠢᠨ ᠪᠣᠯᠤᠨ ᠢᠨᠳᠧᠺᠰ ᠦᠳ ᠵᠡᠷᠭᠡ ᠪᠡᠶᠡᠲᠦ ᠪᠤᠰᠤ ᠬᠥᠷᠥᠩᠭᠡ ᠪᠠ ᠮᠥᠩᠭᠥᠨ ᠲᠡᠮᠳᠡᠭᠲᠦ ᠨᠦᠭᠦᠳ ᠵᠡᠷᠭᠡ ᠳᠦ ᠰᠠᠭᠤᠷᠢᠯᠠᠭᠰᠠᠨ ᠪᠠᠶᠢᠵᠤ ᠮᠠᠭᠠᠳ ᠦᠭᠡᠢ᠃ ᠲᠣᠳᠣᠷᠬᠠᠢ ᠴᠠᠭᠠᠳᠤ ᠪᠠᠷᠠᠭᠠᠨ ᠤ ᠵᠠᠬ᠎ᠠ ᠵᠡᠭᠡᠯᠢ ᠳ᠋ᠡᠬᠢ ᠹᠡᠶᠴᠧᠷᠰ ᠦᠨ ᠵᠠᠬ᠎ᠠ ᠵᠡᠭᠡᠯᠢ ᠶᠢᠨ ᠮᠡᠳᠡᠭᠡᠯᠡᠯ ᠠᠪᠬᠤ ᠶᠢ ᠬᠦᠰᠡᠪᠡᠯ ᠳᠣᠣᠷᠠᠬᠢ ᠯᠢᠨᠺ ᠦᠳ ᠢ ᠳᠠᠭ᠎ᠠ᠃ ᠹᠡᠶᠴᠧᠷᠰ ᠭᠡᠷ᠎ᠡ ᠪᠡᠷ ᠬᠤᠳᠠᠯᠳᠤᠵᠤ ᠪᠣᠯᠬᠤᠶᠢᠴᠠ ᠪᠠᠷᠠᠭᠠᠨ ᠤ ᠵᠢᠭ᠌ᠰᠠᠭᠠᠯᠳᠠ ᠶᠢᠨ ᠲᠤᠬᠠᠢ ᠳᠤ ᠬᠤᠳᠠᠯᠳᠤᠳᠠᠭ ᠪᠠᠷᠠᠭᠠᠨ ᠤ ᠵᠢᠭ᠌ᠰᠠᠭᠠᠯᠳᠠ ᠶᠢ ᠦᠵᠡ᠃ ᠪᠠᠰᠠ 《ᠹᠡᠶᠴᠧᠷᠰ ᠦᠨ ᠪᠢᠷᠵᠢ》 ᠵᠦᠢᠯ ᠢ ᠦᠵᠡ᠃

  • ᠭᠠᠳᠠᠭᠠᠳᠤ ᠸᠠᠯᠦᠲ᠋ᠠ ᠶᠢᠨ ᠵᠠᠬ᠎ᠠ ᠵᠡᠭᠡᠯᠢ
  • ᠮᠥᠩᠭᠥᠨ ᠦ ᠵᠠᠬ᠎ᠠ ᠵᠡᠭᠡᠯᠢ
  • ᠪᠦᠩᠳᠠ ᠶᠢᠨ ᠵᠠᠬ᠎ᠠ ᠵᠡᠭᠡᠯᠢ
  • ᠡᠩ ᠦᠨ ᠬᠤᠪᠢᠴᠠᠭᠠᠨ ᠤ ᠵᠠᠬ᠎ᠠ ᠵᠡᠭᠡᠯᠢ
  • ᠵᠥᠭᠡᠯᠡᠨ ᠪᠠᠷᠠᠭᠠᠨ ᠤ ᠵᠠᠬ᠎ᠠ ᠵᠡᠭᠡᠯᠢ

ᠪᠠᠷᠠᠭᠠᠨ ᠤ ᠬᠤᠳᠠᠯᠳᠤᠭ᠎ᠠ 18 ᠍ ᠳᠦᠭᠡᠷ ᠵᠠᠭᠤᠨ ᠳᠤ ᠶᠠᠫᠣᠨ ᠳᠤ ᠴᠠᠭᠠᠨ ᠪᠤᠳᠠᠭ᠎ᠠ᠂ ᠲᠣᠷᠭᠠᠨ ᠤ ᠬᠤᠳᠠᠯᠳᠤᠭ᠎ᠠ ᠪᠠᠷ᠂ ᠬᠣᠯᠠᠨᠳ᠋ ᠍ ᠲᠤ ᠠᠯᠲᠠᠨ ᠵᠤᠯᠠ ᠴᠢᠳᠧᠩ ᠦᠨ ᠰᠢᠯᠢᠨ ᠦ ᠬᠤᠳᠠᠯᠳᠤᠭ᠎ᠠ ᠪᠠᠷ ᠡᠬᠢᠯᠡᠭᠰᠡᠨ᠃ ᠠᠮᠧᠷᠢᠺᠠ ᠶᠢᠨ ᠨᠢᠭᠡᠳᠦᠭᠰᠡᠨ ᠤᠯᠤᠰ ᠳᠦ 19 ᠍ ᠳᠦᠭᠡᠷ ᠵᠠᠭᠤᠨ ᠤ ᠳᠤᠮᠳᠠ ᠦᠶ᠎ᠡ ᠳᠦ ᠲᠥᠪ ᠦᠨ ᠦᠷ᠎ᠡ ᠲᠠᠷᠢᠶᠠᠨ ᠤ ᠵᠠᠬ᠎ᠠ ᠵᠡᠭᠡᠯᠢ ᠡᠭᠦᠰᠴᠢ᠂ ᠹᠧᠷᠮᠧᠷ ᠦᠳ ᠪᠠᠷ᠎ᠠ ᠶᠢ ᠪᠠᠨ ᠠᠪᠴᠢᠷᠠᠵᠤ ᠵᠠᠷᠤᠬᠤ ᠪᠠᠷ ᠪᠠᠶᠢᠭᠤᠯᠤᠭᠳᠠᠭᠰᠠᠨ ᠵᠠᠬ᠎ᠠ ᠪᠤᠢ ᠪᠣᠯᠵᠤ ᠪᠠᠶᠢᠬᠤ ᠦᠶ᠎ᠡ ᠳᠦ ᠬᠤᠳᠠᠯᠳᠤᠭ᠎ᠠ ᠡᠬᠢᠯᠡᠭᠰᠡᠨ᠃ ᠲᠡᠳᠡ ᠵᠠᠷᠤᠬᠤ ᠳᠤ ᠪᠠᠨ ᠰᠢᠭᠤᠳ ᠬᠦᠷᠭᠡᠵᠦ ᠥᠭᠭᠦᠯᠲᠡ(ᠪᠠᠰᠠ ᠰᠫᠣᠲ ᠡᠰᠡᠪᠡᠯ ᠺᠠᠰᠰ ᠤᠨ ᠵᠠᠬ᠎ᠠ ᠵᠡᠭᠡᠯᠢ ᠭᠡᠵᠦ ᠨᠡᠷᠡᠯᠡᠭᠳᠡᠳᠡᠭ) ᠡᠰᠡᠪᠡᠯ ᠹᠣᠷᠠᠪᠤᠷ ᠲᠤ ᠬᠦᠷᠭᠡᠵᠦ ᠥᠭᠭᠦᠯᠲᠡ ᠪᠡᠷ ᠥᠭᠳᠡᠭ᠃ ᠡᠳᠡᠭᠡᠷ ᠹᠣᠷᠠᠪᠤᠷ ᠲᠤ ᠭᠡᠷ᠎ᠡ ᠨᠦᠭᠦᠳ ᠨᠢ ᠬᠤᠳᠠᠯᠳᠤᠭᠴᠢ ᠪᠠ ᠬᠤᠳᠠᠯᠳᠤᠨ ᠠᠪᠤᠭᠴᠢᠳ ᠤᠨ ᠬᠣᠭᠣᠷᠣᠨᠳᠣ ᠶᠢᠨ ᠬᠤᠪᠢ ᠤᠨ ᠭᠡᠷ᠎ᠡ ᠪᠠᠶᠢᠭᠰᠠᠨ ᠪᠠ ᠥᠨᠥᠳᠥᠷ ᠦᠨ ᠪᠢᠷᠵᠢ ᠳᠡᠭᠡᠷ᠎ᠡ ᠠᠷᠠᠯᠵᠢᠭᠳᠠᠳᠠᠭ ᠹᠡᠶᠴᠧᠷᠰ ᠭᠡᠷ᠎ᠡ ᠶᠢᠨ ᠠᠩᠬᠠᠳᠠᠭᠴᠢ ᠪᠣᠯᠤᠭᠰᠠᠨ᠃ ᠭᠡᠷ᠎ᠡ ᠶᠢᠨ ᠬᠤᠳᠠᠯᠳᠤᠭ᠎ᠠ ᠦᠷ᠎ᠡ ᠲᠠᠷᠢᠶ᠎ᠠ᠂ ᠮᠢᠬ᠎ᠠ᠂ ᠮᠠᠯ ᠵᠡᠷᠭᠡ ᠤᠯᠠᠮᠵᠢᠯᠠᠯᠲᠤ ᠪᠠᠷ᠎ᠠ ᠪᠠᠷ ᠡᠬᠢᠯᠡᠭᠰᠡᠨ ᠬᠡᠳᠦᠢ ᠴᠤ ᠮᠧᠲ᠋ᠠᠯ᠂ ᠡᠷᠴᠢᠮ ᠬᠦᠴᠦ᠂ ᠸᠠᠯᠶᠦ᠋ᠲ ᠪᠠ ᠸᠠᠯᠦᠲ᠋ᠠ ᠶᠢᠨ ᠢᠨᠳᠧᠺᠰ᠂ ᠬᠤᠪᠢᠴᠠᠭ᠎ᠠ ᠪᠠ ᠬᠤᠪᠢᠴᠠᠭᠠᠨ ᠤ ᠢᠨᠳᠧᠺᠰ᠂ ᠵᠠᠰᠠᠭ ᠤᠨ ᠭᠠᠵᠠᠷ ᠤᠨ ᠪᠠ ᠬᠤᠪᠢ ᠤᠨ ᠬᠦᠦ ᠶᠢᠨ ᠲᠦᠪᠰᠢᠨ ᠭᠡᠬᠦ ᠮᠡᠲᠦ ᠶᠢ ᠪᠠᠭᠲᠠᠭᠠᠵᠤ ᠥᠷᠭᠡᠵᠢᠭᠰᠡᠨ᠃

ᠪᠢᠷᠵᠢ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠩᠬᠦᠦ ᠶᠢᠨ ᠬᠡᠷᠡᠭᠰᠡᠯ ᠦᠨ ᠭᠡᠷ᠎ᠡ ᠨᠦᠭᠦᠳ 1970 ᠍ ᠊ᠭᠠᠳ ᠣᠨ ᠤ ᠦᠶ᠎ᠡ ᠳᠦ ᠴᠢᠭ ᠢᠶ᠎ᠠ ᠶᠢᠨ ᠬᠤᠳᠠᠯᠳᠤᠭᠠᠨ ᠤ ᠪᠢᠷᠵᠢ(CME) ᠍ ᠪᠡᠷ ᠲᠠᠨᠢᠯᠴᠠᠭᠤᠯᠤᠭᠳᠠᠭᠰᠠᠨ᠃ ᠡᠳᠡᠭᠡᠷ ᠬᠡᠷᠡᠭᠰᠡᠯ ᠦᠳ ᠨᠢ ᠨᠡᠯᠢᠶᠡᠳ ᠠᠮᠵᠢᠯᠲᠠ ᠲᠠᠢ ᠪᠣᠯᠤᠭᠰᠠᠨ ᠪᠠ ᠬᠤᠳᠠᠯᠳᠤᠭᠠᠨ ᠤ ᠬᠡᠮᠵᠢᠶ᠎ᠡ ᠪᠣᠯᠤᠨ ᠲᠤᠰ ᠵᠠᠬ᠎ᠠ ᠵᠡᠭᠡᠯᠢ ᠳᠦ ᠨᠡᠪᠲᠡᠷᠡᠬᠦ ᠳᠡᠯᠡᠬᠡᠢ ᠶᠢᠨ ᠪᠣᠯᠤᠮᠵᠢ ᠪᠠᠷ ᠢᠶᠠᠨ ᠪᠠᠷᠠᠭᠠᠨ ᠤ ᠹᠡᠶᠴᠧᠷᠰ ᠢ ᠮᠠᠰᠢ ᠬᠤᠷᠳᠤᠨ ᠭᠦᠢᠴᠡᠵᠦ ᠲᠦᠷᠦᠭᠦᠯᠡᠵᠡᠢ᠃ ᠡᠨᠡ ᠰᠢᠨᠡᠴᠢᠯᠡᠯ ᠨᠢ ᠳᠡᠯᠡᠬᠡᠢ ᠳᠠᠶᠠᠭᠠᠷ ᠣᠯᠠᠨ ᠰᠢᠨ᠎ᠡ ᠹᠡᠶᠴᠧᠷᠰ ᠦᠨ ᠪᠢᠷᠵᠢ ᠪᠤᠢ ᠪᠣᠯᠬᠤ ᠳᠤ ᠬᠦᠷᠭᠡᠵᠡᠢ᠃ ᠡᠭᠦᠨ ᠦ ᠳᠠᠷᠠᠭ᠎ᠠ 1982 ᠣᠨ ᠳᠤ ᠯᠣᠨᠳᠣᠩ ᠤᠨ ᠣᠯᠠᠨ ᠤᠯᠤᠰ ᠤᠨ ᠰᠠᠩᠬᠦᠦ ᠶᠢᠨ ᠹᠡᠶᠴᠧᠷᠰ ᠦᠨ ᠪᠢᠷᠵᠢ(ᠣᠳᠣ Euronext.liffe), Deutsche Terminbörse (ᠣᠳᠣ Eurex), ᠲᠣᠤᠺᠢᠣ᠋ ᠍ ᠶᠢᠨ ᠪᠠᠷᠠᠭᠠᠨ ᠤ ᠪᠢᠷᠵᠢ(TOCOM) ᠪᠠᠶᠢᠭᠤᠯᠤᠭᠳᠠᠵᠠᠢ᠃

ᠥᠨᠥᠳᠥᠷ ᠳᠡᠯᠡᠬᠡᠢ ᠳᠠᠶᠠᠭᠠᠷ ᠹᠡᠶᠴᠧᠷᠰ ᠪᠠ ᠹᠡᠶᠴᠧᠷᠰ ᠣᠫᠼᠢᠣᠨ ᠤ 90 ᠭᠠᠷᠤᠢ ᠪᠢᠷᠵᠢ ᠪᠠᠶᠢᠨ᠎ᠠ:

  • CME ᠭᠷᠦᠶᠢᠫ (CBOT ᠪᠠ CME)- ᠸᠠᠯᠦᠲ᠋ᠠ᠂ ᠶᠠᠩᠵᠤ ᠪᠦᠷᠢ ᠶᠢᠨ ᠬᠦ ᠶᠢᠨ ᠲᠦᠪᠰᠢᠨ ᠦ ᠡᠭᠦᠰᠦᠮᠡᠯ ᠦᠨᠡᠲᠦ ᠴᠠᠭᠠᠰᠤ(ᠠᠮᠧᠷᠢᠺᠠ ᠶᠢᠨ ᠨᠢᠭᠡᠳᠦᠭᠰᠡᠨ ᠤᠯᠤᠰ ᠤᠨ ᠪᠦᠩᠳᠠ ᠶᠢ ᠪᠠᠭᠲᠠᠭᠠᠭᠰᠠᠨ), ХАА ᠍ ᠦᠨ ᠪᠦᠲᠦᠭᠡᠭᠳᠡᠬᠦᠨ(ᠡᠷᠳᠡᠨᠢ ᠰᠢᠰᠢ᠂ ᠰᠢᠷ᠎ᠠ ᠪᠤᠷᠴᠠᠭ᠂ ᠭᠠᠬᠠᠢ ᠶᠢᠨ ᠮᠢᠬ᠎ᠠ᠂ ᠦᠬᠡᠷ᠂ ᠴᠥᠴᠥᠭᠡᠢ ᠶᠢᠨ ᠲᠣᠰᠣ᠂ ᠰᠦ᠋), ᠢᠨᠳᠧᠺᠰ(ᠳᠤ ᠵᠣᠩᠰᠣ ᠶᠢᠨ ᠠᠵᠤ ᠦᠢᠯᠡᠳᠪᠦᠷᠢ ᠶᠢᠨ ᠳᠤᠮᠳᠠᠴᠢ), ᠮᠧᠲ᠋ᠠᠯ(ᠠᠯᠲᠠ᠂ ᠮᠥᠩᠭᠥ), ᠢᠨᠳᠧᠺᠰ(NASDAQ, S&P ᠭᠡᠬᠦ ᠮᠡᠲᠦ)
  • ᠲᠢᠪ ᠬᠣᠭᠣᠷᠣᠨᠳᠣ ᠶᠢᠨ ᠪᠢᠷᠵᠢ (ICE futures Europe) - ᠤᠷᠢᠳᠤ ᠨᠢ ᠲᠦᠭᠦᠬᠡᠢ ᠨᠧᠹᠲ᠂ ᠮᠠᠽᠤᠶᠢᠲ᠂ ᠪᠠᠶᠢᠭᠠᠯᠢ ᠶᠢᠨ ᠬᠡᠢ᠂ ᠬᠠᠷ᠎ᠠ ᠲᠤᠭᠤᠯᠭ᠎ᠠ ᠦᠭᠡᠢ ᠬᠡᠢ ᠵᠡᠷᠭᠡ ᠡᠨᠧᠷᠭᠢ ᠶᠢ ᠬᠤᠳᠠᠯᠳᠤᠳᠠᠭ ᠣᠯᠠᠨ ᠤᠯᠤᠰ ᠤᠨ ᠭᠠᠵᠠᠷ ᠤᠨ ᠲᠣᠰᠤᠨ ᠤ ᠪᠢᠷᠵᠢ ᠪᠠᠶᠢᠭᠰᠠᠨ᠃
  • NYSE Euronext – ᠡᠨᠡ ᠨᠢ ᠯᠣᠨᠳᠣᠩ ᠤᠨ ᠣᠯᠠᠨ ᠤᠯᠤᠰ ᠤᠨ ᠰᠠᠩᠬᠦᠦ ᠶᠢᠨ ᠪᠢᠷᠵᠢ LIFFE (LIFE ᠭᠡᠵᠦ ᠳᠠᠭᠤᠳᠠᠳᠠᠭ) ᠍ ᠲᠡᠢ ᠨᠢᠭᠡᠳᠦᠭᠰᠡᠨ᠃ (LIFFE 1996 ᠣᠨ ᠳᠤ ᠯᠣᠨᠳᠣᠩ ᠤᠨ ᠪᠠᠷᠠᠭᠠᠨ ᠤ ᠪᠢᠷᠵᠢ(LCE) ᠍ ᠢ ᠬᠤᠳᠠᠯᠳᠤᠵᠤ ᠠᠪᠤᠭᠰᠠᠨ) – ᠵᠥᠭᠡᠯᠡᠨ ᠪᠠᠷ᠎ᠠ: ᠦᠷ᠎ᠡ ᠲᠠᠷᠢᠶ᠎ᠠ ᠪᠠ ᠮᠢᠬ᠎ᠠ᠃ ᠪᠠᠯᠲ᠋ᠢᠺ ᠤᠨ ᠪᠢᠷᠵᠢ ᠳ᠋ᠡᠬᠢ ᠬᠥᠯᠥᠭ ᠣᠩᠭᠣᠴᠠᠨ ᠤ ᠢᠳᠡᠪᠬᠢᠲᠡᠢ ᠪᠤᠰᠤ ᠵᠠᠬ᠎ᠠ ᠵᠡᠭᠡᠯᠢ᠃ Euribor, FTSE 100, CAC 40, AEX ᠢᠨᠳᠧᠺᠰ ᠵᠡᠷᠭᠡ ᠶᠢ ᠪᠠᠭᠲᠠᠭᠠᠭᠰᠠᠨ ᠢᠨᠳᠧᠺᠰ ᠦᠨ ᠹᠡᠶᠴᠧᠷᠰ
  • ᠡᠮᠦᠨᠡᠲᠦ ᠠᠹᠷᠢᠺᠠ ᠶᠢᠨ ᠹᠡᠶᠴᠧᠷᠰ ᠦᠨ ᠪᠢᠷᠵᠢ – SAFEX
  • ᠰᠦ ᠳᠦᠨᠧᠢ ᠶᠢᠨ ᠹᠡᠶᠴᠧᠷᠰ ᠦᠨ ᠪᠢᠷᠵᠢ
  • ᠲᠣᠤᠺᠢᠣ᠋ ᠍ ᠶᠢᠨ ᠬᠥᠷᠥᠩᠭᠡ ᠶᠢᠨ ᠪᠢᠷᠵᠢ TSE (JGB ᠹᠡᠶᠴᠧᠷᠰ᠂ TOPIX ᠹᠡᠶᠴᠧᠷᠰ)
  • ᠲᠣᠤᠺᠢᠣ᠋ ᠍ ᠶᠢᠨ ᠪᠠᠷᠠᠭᠠᠨ ᠤ ᠪᠢᠷᠵᠢ TOCOM
  • ᠲᠣᠤᠺᠢᠣ᠋ ᠍ ᠶᠢᠨ ᠰᠠᠩᠬᠦᠦ ᠶᠢᠨ ᠪᠢᠷᠵᠢ – TFX – (ᠧᠦ᠋ᠷᠣ ᠧᠢ ᠶᠢᠨ ᠦᠨ ᠹᠡᠶᠴᠧᠷᠰ᠂ OverNight CallRate Futures, SpotNext RepoRate Futures)
  • ᠣᠤᠰᠠᠺᠠ ᠶᠢᠨ ᠦᠨᠡᠲᠦ ᠴᠠᠭᠠᠰᠤᠨ ᠤ ᠪᠢᠷᠵᠢ OSE (Nikkei Futures, RNP Futures)
  • ᠯᠣᠨᠳᠣᠩ ᠤᠨ ᠮᠧᠲ᠋ᠠᠯ ᠤᠨ ᠪᠢᠷᠵᠢ – ᠮᠧᠲ᠋ᠠᠯ: ᠵᠡᠰ᠂ ᠬᠥᠩᠭᠡᠨ ᠴᠠᠭᠠᠨ᠂ ᠬᠠᠷ᠎ᠠ ᠲᠤᠭᠤᠯᠭ᠎ᠠ᠂ ᠴᠠᠶᠢᠷ᠂ ᠨᠢᠺᠧᠯ᠂ ᠲᠤᠭᠤᠯᠭ᠎ᠠ᠂ ᠭᠠᠨ
  • ᠲᠢᠪ ᠬᠣᠭᠣᠷᠣᠨᠳᠣ ᠶᠢᠨ ᠪᠢᠷᠵᠢ (ICE futures US) –ᠤᠷᠢᠳᠤ ᠨᠢ ᠨᠶᠤ-ᠢᠣᠷᠺ ᠤᠨ ᠬᠤᠳᠠᠯᠳᠤᠭᠠᠨ ᠤ ᠵᠥᠪᠯᠡᠯ ᠪᠠᠶᠢᠭᠰᠠᠨ – ᠵᠥᠭᠡᠯᠡᠨ ᠪᠠᠷ᠎ᠠ: ᠺᠠᠺᠠᠣ᠂ ᠺᠣᠹᠧ᠂ ᠬᠥᠪᠥᠩ᠂ ᠣᠷᠠᠨᠵᠢ ᠵᠢᠭᠦᠰ᠂ ᠡᠯᠡᠰᠦᠨ ᠰᠢᠬᠢᠷ
  • ᠨᠶᠤ-ᠢᠣᠷᠺ ᠤᠨ ᠬᠤᠳᠠᠯᠳᠤᠭᠠᠨ ᠤ ᠪᠢᠷᠵᠢ CME ᠭᠷᠦᠶᠢᠫ – ᠡᠨᠧᠷᠭᠢ ᠪᠣᠯᠤᠨ ᠮᠧᠲ᠋ᠠᠯ: ᠲᠦᠭᠦᠬᠡᠢ ᠨᠧᠹᠲ᠂ ᠪᠧᠨ᠋ᠽᠢᠨ᠂ ᠮᠠᠽᠤᠶᠢᠲ᠂ ᠪᠠᠶᠢᠭᠠᠯᠢ ᠶᠢᠨ ᠬᠡᠢ᠂ ᠨᠡᠭᠦᠷᠡᠰᠦ᠂ ᠫᠷᠣᠫᠠᠨ᠂ ᠠᠯᠲᠠ᠂ ᠮᠥᠩᠭᠥ᠂ ᠴᠠᠭᠠᠨ ᠠᠯᠲᠠ᠂ ᠵᠡᠰ᠂ ᠬᠥᠩᠭᠡᠨ ᠴᠠᠭᠠᠨ᠂ ᠫᠠᠯᠯᠠᠳᠢ
  • ᠳᠤᠪᠠᠢ ᠶᠢᠨ ᠬᠤᠳᠠᠯᠳᠤᠭᠠᠨ ᠤ ᠪᠢᠷᠵᠢ
  • ᠰᠣᠯᠣᠩᠭᠣᠰ ᠤᠨ ᠪᠢᠷᠵᠢ – KRX
  • ᠰᠢᠩᠭᠠᠫᠦᠷ ᠤᠨ ᠪᠢᠷᠵᠢ – SGX- ᠰᠢᠩᠭᠠᠫᠦᠷ ᠤᠨ ᠣᠯᠠᠨ ᠤᠯᠤᠰ ᠤᠨ ᠮᠥᠩᠭᠥᠨ ᠦ ᠪᠢᠷᠵᠢ(SIMEX) ᠍ ᠳᠦ ᠨᠢᠭᠡᠳᠦᠭᠰᠡᠨ
  • ROFEX – Rosario ᠍ ᠦᠨ ᠹᠡᠶᠴᠧᠷᠰ ᠦᠨ ᠪᠢᠷᠵᠢ (ᠠᠷᠭᠸᠨ᠋ᠲ᠋ᠢᠨ)

ᠺᠣᠳ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡᠩᠬᠢ ᠹᠡᠶᠴᠧᠷᠰ ᠭᠡᠷ᠎ᠡ ᠨᠢ 4 ᠲᠡᠮᠳᠡᠭᠲᠦ ᠪᠡᠷ ᠺᠣᠳᠣᠴᠢᠯᠠᠭᠳᠠᠳᠠᠭ᠃ ᠡᠬᠢᠨ ᠦ 2 ᠲᠡᠮᠳᠡᠭᠲᠦ ᠨᠢ ᠭᠡᠷ᠎ᠡ ᠶᠢᠨ ᠲᠥᠷᠥᠯ ᠢ᠂ 3 ᠳᠠᠬᠢ ᠨᠢ ᠰᠠᠷᠠ ᠶᠢ᠂ ᠰᠡᠭᠦᠯ ᠦᠨ ᠬᠢ ᠨᠢ ᠣᠨ ᠤ ᠰᠡᠭᠦᠯ ᠦᠨ ᠲᠣᠭ᠎ᠠ ᠶᠢ ᠵᠢᠭᠠᠭᠠᠳᠠᠭ᠃ ᠹᠡᠶᠴᠧᠷᠰ ᠭᠡᠷ᠎ᠡ ᠶᠢᠨ 3 ᠳᠠᠬᠤ (ᠰᠠᠷ᠎ᠠ ᠶᠢᠨ) ᠺᠣᠳ᠋ ᠨᠢ

  • ᠨᠢᠭᠡᠳᠦᠭᠡᠷ ᠰᠠᠷ᠎ᠠ = F
  • ᠬᠣᠶᠠᠳᠤᠭᠠᠷ ᠰᠠᠷ᠎ᠠ = G
  • ᠭᠤᠷᠪᠠᠳᠤᠭᠠᠷ ᠰᠠᠷ᠎ᠠ = H
  • ᠳᠥᠷᠪᠡᠳᠦᠭᠡᠷ ᠰᠠᠷ᠎ᠠ = J
  • ᠲᠠᠪᠤᠳᠤᠭᠠᠷ ᠰᠠᠷ᠎ᠠ = K
  • ᠵᠢᠷᠭᠤᠳᠠᠤᠭᠠᠷ ᠰᠠᠷ᠎ᠠ = M
  • ᠳᠣᠯᠣᠭᠠᠳᠤᠭᠠᠷ ᠰᠠᠷ᠎ᠠ = N
  • ᠨᠠᠶᠢᠮᠠᠳᠤᠭᠠᠷ ᠰᠠᠷ᠎ᠠ = Q
  • ᠶᠢᠰᠦᠳᠦᠭᠡᠷ ᠰᠠᠷ᠎ᠠ = U
  • ᠠᠷᠪᠠᠳᠤᠭᠠᠷ ᠰᠠᠷ᠎ᠠ = V
  • ᠠᠷᠪᠠᠨ ᠨᠢᠭᠡᠳᠦᠭᠡᠷ ᠰᠠᠷ᠎ᠠ = X
  • ᠠᠷᠪᠠᠨ ᠬᠣᠶᠠᠳᠤᠭᠠᠷ ᠰᠠᠷ᠎ᠠ = Z

ᠵᠢᠱᠢᠶ᠎ᠡ ᠨᠢ᠂ CLXO ᠨᠢ ᠲᠦᠭᠦᠬᠡᠢ ᠨᠧᠹᠲ ᠦᠨ (CL- crude oil), 2010 ᠣᠨ ᠤ (0) 11 ᠍ ᠳᠦᠭᠡᠷ ᠰᠠᠷ᠎ᠠ ᠶᠢᠨ (X) ᠭᠡᠷ ᠢᠶᠡᠨ ᠭᠡᠰᠡᠨ ᠦᠭᠡ᠃

ᠹᠡᠶᠴᠧᠷᠰ ᠠᠷᠠᠯᠵᠢᠶᠠᠨ ᠤ ᠲᠥᠪ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨᠶᠤ-ᠢᠣᠷᠺᠡᠶᠢᠨ ᠹᠡᠶᠴᠧᠷᠰ ᠦᠨ ᠪᠢᠷᠵᠢ - NYFE
  • ᠨᠶᠤ-ᠢᠣᠷᠺ ᠤᠨ ᠬᠤᠳᠠᠯᠳᠤᠭᠠᠨ ᠤ ᠪᠢᠷᠵᠢ - NYMEX
  • ᠴᠢᠺᠠᠭᠣᠭᠡᠶᠢᠨ ᠠᠷᠠᠯᠵᠢᠶᠠᠨ ᠤ ᠲᠥᠪ - CBOT
  • ᠴᠢᠭ ᠢᠶ᠎ᠠ ᠶᠢᠨ ᠬᠤᠳᠠᠯᠳᠤᠭᠠᠨ ᠤ ᠪᠢᠷᠵᠢ - CME
  • ᠯᠣᠨᠳᠣᠨᠭᠡᠶᠢᠨ ᠣᠯᠠᠨ ᠤᠯᠤᠰ ᠤᠨ ᠰᠠᠩᠬᠦᠦ ᠶᠢᠨ ᠣᠫᠼᠢᠣᠨ ᠪᠠ ᠹᠡᠶᠴᠧᠷᠰ ᠦᠨ ᠪᠢᠷᠵᠢ - LIFFE

ᠹᠣᠷᠠᠪᠤᠷ ᠲᠤ᠂ ᠹᠡᠶᠴᠧᠷᠰ ᠦᠨ ᠢᠯᠭᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠡᠶᠴᠧᠷᠰ ᠪᠢᠷᠵᠢ ᠳᠡᠭᠡᠷ᠎ᠡ ᠬᠤᠳᠠᠯᠳᠤᠭᠠᠯᠠᠭᠳᠠᠳᠠᠭ ᠪᠣᠯ ᠹᠣᠷᠠᠪᠤᠷ ᠲᠤ ᠬᠥᠰᠢᠭᠡᠨ ᠦ ᠠᠷᠠᠳ ᠪᠤᠶᠤ ᠪᠢᠷᠵᠢ ᠡᠴᠡ ᠭᠠᠳᠠᠭᠤᠷ ᠬᠤᠳᠠᠯᠳᠤᠭᠠᠯᠠᠭᠳᠠᠳᠠᠭ᠃ ᠮᠥᠨ ᠬᠠᠷᠢᠭᠤᠴᠠᠯᠭ᠎ᠠ ᠶᠢᠨ ᠬᠤᠪᠢ ᠳᠤ ᠹᠡᠶᠴᠧᠷᠰ ᠦᠨ ᠠᠯᠳᠠᠭᠳᠠᠯ ᠢ ᠪᠢᠷᠵᠢ ᠬᠦᠯᠢᠶᠡᠳᠡᠭ᠃ ᠹᠡᠶᠴᠧᠷᠰ ᠭᠡᠷ᠎ᠡ ᠶᠢᠨ ᠨᠥᠬᠥᠴᠡᠯ ᠦᠳ ᠰᠲ᠋ᠠᠨᠳᠠᠷᠲᠴᠢᠯᠠᠭᠳᠠᠭᠰᠠᠨ ᠪᠠᠶᠢᠳᠠᠭ ᠪᠣᠯ ᠹᠣᠷᠠᠪᠤᠷ ᠲᠤ ᠭᠡᠷ᠎ᠡ ᠶᠢᠨ ᠨᠥᠬᠥᠴᠡᠯ ᠢ ᠲᠠᠯ᠎ᠠ ᠨᠤᠭᠤᠳ ᠬᠠᠷᠢᠯᠴᠠᠨ ᠲᠣᠬᠢᠷᠠᠯᠴᠠᠳᠠᠭ᠃ ᠹᠡᠶᠴᠧᠷᠰ ᠨᠢ ᠬᠥᠷᠥᠩᠭᠡ ᠪᠣᠯᠳᠠᠭ ᠪᠣᠯ ᠹᠣᠷᠠᠪᠤᠷ ᠲᠤ ᠬᠥᠷᠥᠩᠭᠡ ᠪᠢᠰᠢ ᠶᠤᠮ᠃

http://wiki.uhaan.com/index.php?title=ᠹᠡᠶᠴᠧᠷᠰ&oldid=357624》 ᠍  ᠡᠴᠡ ᠠᠪᠤᠭᠰᠠᠨ

ᠪᠢᠴᠢᠭᠡᠰᠦ