ᠸᠸᠯᠯᠢᠶᠠᠮ ᠱᠧᠺᠰᠫᠸᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠸᠯᠯᠢᠶᠠᠮ ᠱᠧᠺᠰᠫᠧᠷ
Shakespeare.jpg

ᠲᠦᠷᠦᠭᠰᠡᠨ:
ᠠᠩᠭᠯᠢ᠂ ᠸᠠᠷᠸᠢᠭᠰᠢᠷ
ᠥᠩᠭᠡᠷᠡᠭᠰᠡᠨ:
ᠮᠡᠷᠭᠡᠵᠢᠯ ᠵᠦᠵᠦᠭᠡ ᠶᠢᠨ ᠵᠣᠬᠢᠶᠠᠯᠴᠢ᠂ ᠢᠷᠠᠭᠤ ᠨᠠᠶᠢᠷᠠᠭᠴᠢ᠂ ᠵᠦᠵᠦᠭᠡᠴᠢᠨ
ᠶᠠᠰᠤ ᠦᠨᠳᠦᠰᠦ ᠠᠩᠭᠯᠢ
ᠭᠠᠷ ᠤᠨ ᠦᠰᠦᠭ William Shakespeare Signature.svg

ᠸᠸᠯᠯᠢᠶᠠᠮ ᠱᠧᠺᠰᠫᠸᠷ (ᠠᠩᠭᠯᠢ ᠪᠠᠷ William Shakespeareᠬᠢᠲᠠᠳ ᠢᠶᠠᠷ 威廉·莎士比亚 1564- 1616) ᠨᠢ ᠠᠩᠭᠯᠢ ᠶᠢᠨ ᠠᠯᠳᠠᠷᠲᠤ ᠵᠣᠬᠢᠶᠠᠯᠴᠢᠢᠷᠠᠭᠤ ᠨᠠᠶᠢᠷᠠᠭᠴᠢ ᠶᠤᠮ᠃ ᠤᠳᠬ᠎ᠠ ᠤᠷᠠᠯᠢᠭ  ᠤᠨ ᠰᠡᠷᠭᠦᠯ  ᠤᠨ ᠦᠶ᠎ᠡ  ᠶᠢᠨ ᠡᠸᠦ᠋ᠷᠦᠫᠡ  ᠶᠢᠨ ᠤᠳᠬ᠎ᠠ ᠵᠤᠬᠢᠶᠠᠯ  ᠤᠨ ᠰᠢᠯᠭᠠᠷᠠᠭᠰᠠᠨ ᠲᠦᠯᠦᠭᠡᠯᠡᠭᠴᠢ ᠪᠦᠭᠡᠳ ᠳᠡᠯᠡᠬᠡᠢ  ᠶᠢᠨ ᠬᠠᠮᠤᠭ  ᠤᠨ ᠠᠭᠤᠤ ᠶᠡᠬᠡ ᠵᠤᠬᠢᠶᠠᠯᠴᠢ  ᠶᠢᠨ  ᠨᠢᠭᠡ ᠪᠤᠯᠤᠨ᠎ᠠ ᠃ ᠲᠡᠭᠦᠨ  ᠤ ᠭᠤᠨᠢᠭᠲᠤ ᠵᠥ᠋ᠴᠥᠭᠡ ᠂ ᠪᠠᠶᠠᠷᠲᠤ ᠵᠥ᠋ᠴᠥᠭᠡ ᠂ ᠲᠡᠦᠬᠡᠨ ᠵᠥ᠋ᠴᠥᠭᠡ ᠂ ᠰᠢᠳᠢᠳᠣ ᠵᠦ᠋ᠴᠦᠭᠡ ᠪᠤᠯᠤᠨ ᠰᠢᠯᠦᠭ ᠳᠠᠭᠤᠯᠠᠯ  ᠳᠤ ᠣᠳᠬ᠎ᠠ ᠣᠷᠠᠯᠢᠭ  ᠤᠨ ᠰᠡᠷᠭᠦᠯ  ᠤᠨ ᠦᠶ᠎ᠡ  ᠶᠢᠨ ᠠᠩᠭᠯᠢ  ᠶᠢᠨ ᠤᠯᠤᠰ ᠲᠥᠷᠦ ᠂ ᠠᠵᠤ ᠠᠬᠤᠢ ᠂ ᠦᠵᠡᠯ ᠰᠠᠨᠠᠭ᠎ᠠ ᠂ ᠰᠣᠶᠣᠯ ᠬᠢᠭᠡᠳ ᠵᠠᠩ ᠵᠠᠩᠰᠢᠯ  ᠢ ᠦᠷᠭᠡᠨ ᠬᠡᠪᠴᠢᠶ᠎ᠡ  ᠪᠡᠷ ᠳᠣᠰᠬᠠᠨ ᠬᠠᠷᠠᠭᠤᠯᠵᠤ ᠂ ᠡᠨᠡ ᠴᠠᠭ ᠦᠶ᠎ᠡ  ᠶᠢᠨ ᠵᠦᠴᠦᠭᠡ  ᠶᠢᠨ ᠵᠤᠬᠢᠶᠠᠯᠴᠢ ᠪᠸᠨ᠂ ᠵᠤᠨᠰᠤᠨ ᠦ ︵Ben Johnson ︶   ᠬᠡᠯᠡᠭᠰᠡᠨ ᠮᠡᠳᠣ  ᠪᠡᠷ ᠱᠸᠰᠺᠫᠸᠷ ᠪᠤᠯ 《 ᠴᠠᠭ ᠡᠷᠡᠨ  ᠤ ᠰᠦᠭ ᠰᠦᠨᠡᠰᠦ ᠮᠦᠨ 》 ᠂ 《 ᠵᠦᠪᠬᠡᠨ ᠨᠢᠭᠡ ᠯᠡ ᠴᠠᠭ ᠡᠷᠡᠨ  ᠳᠤ ᠬᠠᠷᠢᠶᠠᠯᠠᠭᠳᠠᠬᠤ ᠪᠢᠰᠢ ᠂ ᠬᠠᠷᠢᠨ ᠮᠥᠴᠡᠯᠭᠡ ᠪᠦᠬᠦᠨ  ᠳᠤ ᠬᠠᠷᠢᠶᠠᠯᠠᠭᠳᠠᠨ᠎ᠠ 》 ᠃ ᠲᠡᠭᠦᠨ  ᠤ ᠰᠢ ᠵᠦᠴᠦᠭᠡ ᠨᠢ ᠡᠸᠦ᠋ᠷᠦᠫᠡ  ᠶᠢᠨ ᠰᠢ ᠵᠦᠴᠦᠭᠡ  ᠶᠢᠨ ᠬᠦᠭᠵᠢᠯᠳᠡ  ᠶᠢᠨ ᠲᠡᠤᠭᠡ ᠪᠠ ᠤᠳᠬ᠎ᠠ ᠵᠤᠬᠢᠶᠠᠯ  ᠤᠨ ᠬᠦᠭᠵᠢᠯᠳᠡ  ᠶᠢᠨ ᠲᠡᠤᠭᠡᠨ  ᠳᠤ ᠮᠠᠰᠢ ᠴᠢᠬᠤᠯᠠ ᠪᠠᠶᠢᠷᠢ  ᠶᠢ ᠡᠵᠡᠯᠡᠳᠡᠭ ᠪᠢᠯᠡ ᠃

《ᠲᠡᠭᠦᠰ ᠲᠡᠭᠦᠯᠳᠡᠷ ᠭᠤᠨᠢᠭᠲᠤ ᠵᠦᠵᠦᠭᠡ》 ᠭᠡᠵᠦ ᠦᠨᠡᠯᠡᠭᠳᠡᠭᠰᠡᠭᠡᠷ ᠢᠷᠡᠭᠰᠡᠨ 《ᠷᠣᠮᠢᠧᠣ᠂ ᠵᠥᠯᠢᠶᠧᠲ᠋ᠲ᠋ᠠ》  ᠪᠠᠨ ᠱᠧᠺᠰᠫᠧᠷ 31 ᠨᠠᠰᠤᠨ ᠳᠤ ᠪᠠᠨ ᠪᠢᠴᠢᠵᠡᠢ᠃ 《ᠬᠠᠮᠯᠧᠲ》ᠨᠢ 37 ᠍ ᠨᠠᠰᠤ ᠲᠠᠢ ᠳᠠᠭᠠᠨ᠂ ᠣᠲ᠋ᠧᠯᠯᠠ ᠍ ᠢ 40 ᠍ ᠲᠠᠢ ᠳᠦ ᠪᠡᠨ᠂ ᠯᠢᠷ ᠸᠠᠩ ᠍ ᠢ 41 ᠍ ᠲᠡᠢ ᠳᠦ ᠪᠡᠨ ᠪᠢᠴᠢᠭᠰᠡᠨ ᠪᠠᠶᠢᠨ᠎ᠠ᠃ ᠳᠠᠷᠠᠭ᠎ᠠ ᠨᠢ ᠠᠭᠤᠤ ᠶᠡᠬᠡ 《ᠮᠠᠺᠠᠪ ᠲᠤ》᠂ 《ᠠᠨᠲᠤᠨᠢ᠂ ᠺᠯᠶᠣᠫᠠᠲᠷᠠ ᠬᠣᠶᠠᠷ》 ᠵᠡᠷᠭᠡ ᠣᠯᠠᠨ ᠵᠦᠴᠦᠭᠡ ᠪᠡᠨ ᠲᠤᠭᠤᠷᠪᠢᠭᠰᠠᠨ ᠪᠠᠶᠢᠨ᠎ᠠ᠃ ᠡᠳᠡᠭᠡᠷ ᠭᠤᠨᠢᠭᠲᠤ ᠵᠦᠴᠦᠭᠡ ᠨᠦᠭᠦᠳ ᠡᠴᠡ ᠭᠠᠳᠠᠨ᠎ᠠ ᠬᠠᠶᠢᠷ᠎ᠠ ᠳᠤᠷᠠᠯᠠᠯ ᠤᠨ ᠬᠠᠶᠢᠷᠠᠨ ᠬᠦᠴᠦᠵᠤᠨ ᠤ ᠰᠥᠨᠢ ᠶᠢᠨ ᠵᠡᠭᠦᠳᠦᠠᠷᠪᠠᠨ ᠬᠣᠶᠠᠷ ᠲᠡᠬᠢ ᠰᠥᠨᠢ ᠵᠡᠷᠭᠡ ᠮᠣᠩᠭᠣᠯᠴᠤᠳ ᠤᠨ ᠰᠠᠶᠢᠨ ᠮᠡᠳᠡᠬᠦ ᠣᠯᠠᠨ ᠰᠢᠯᠢᠳᠡᠭ ᠢᠨᠢᠶᠡᠳᠦᠮ ᠦᠨ ᠵᠦᠴᠦᠭᠡ ᠪᠢᠴᠢᠭᠰᠡᠨ ᠶᠤᠮ᠃ ᠬᠡᠳᠦᠢ ᠪᠡᠷ ᠲᠡᠷᠡ ᠪᠡᠷ ᠭᠤᠨᠢᠭᠲᠤ᠂ ᠪᠠᠶᠠᠷᠲᠤ ᠵᠦᠴᠦᠭᠡ ᠦᠨ ᠲᠥᠷᠥᠯ ᠢ ᠬᠣᠣᠰᠯᠠᠭᠤᠯᠤᠨ ᠪᠦᠲᠦᠭᠡᠵᠦ ᠪᠠᠶᠢᠭᠰᠠᠨ ᠴᠤ ᠣᠷᠭᠢᠯ ᠭᠡᠵᠦ ᠬᠡᠯᠡᠵᠦ ᠪᠣᠯᠬᠤ ᠪᠦᠲᠦᠭᠡᠯ ᠦᠳ ᠨᠢ ᠭᠤᠨᠢᠭᠲᠤ ᠵᠦᠴᠦᠭᠡ ᠶᠢᠨ ᠵᠣᠬᠢᠶᠠᠯ ᠤᠳ ᠨᠢ ᠪᠠᠶᠢᠪᠠ᠃

ᠱᠧᠺᠰᠫᠧᠷ1616 ᠣᠨ ᠳᠦ 52 ᠵᠢᠯ ᠠᠮᠢᠳᠤᠷᠠᠭᠠᠳ  ᠡᠪᠤᠨ ᠭᠣᠣᠯ ᠤᠨ ᠡᠷᠭᠢ ᠳᠡᠭᠡᠷᠡᠬᠢ ᠲᠥᠷᠥᠯᠬᠢ ᠨᠤᠲᠤᠭ ᠲᠦ ᠪᠠᠨ ᠨᠠᠰᠤ ᠡᠴᠦᠰᠯᠡᠭᠰᠡᠨ ᠶᠤᠮ᠃ ᠲᠡᠷᠡᠪᠡᠷ ᠥᠭᠡᠳᠡ ᠪᠣᠯᠬᠤ ᠳᠤ ᠪᠠᠨ 《ᠵᠦᠵᠦᠭᠡ ᠳᠠᠭᠤᠰᠪᠠ᠂ ᠬᠥᠰᠢᠬᠡ ᠬᠠᠭᠠᠭᠠᠲᠠᠯ ᠠ》 ᠭᠡᠰᠡᠨ ᠪᠠᠶᠢᠳᠠᠭ᠃ ᠡᠨᠡ ᠳᠠᠪᠲᠠᠭᠳᠠᠰᠢ ᠦᠭᠡᠢ ᠰᠤᠤᠲᠤ ᠬᠦᠮᠦᠨ 37 ᠵᠦᠴᠤᠭᠡ ᠪᠢᠴᠢᠭᠰᠡᠨ ᠪᠥᠭᠡᠳ ᠪᠦᠲᠦᠭᠡᠯ ᠦᠳ ᠦᠨ ᠨᠡᠯᠢᠶᠡᠳ ᠨᠢ ᠬᠦᠮᠦᠨ ᠲᠥᠷᠥᠯᠬᠢᠲᠡᠨ ᠦ ᠠᠯᠢ ᠴᠤ ᠦᠶ᠎ᠡ ᠶᠢᠨ ᠶᠠᠮᠠᠷ ᠴᠤ ᠪᠢᠯᠢᠭ ᠲᠠᠩᠬᠠᠢ ᠲᠤᠭᠤᠷᠪᠢᠭᠴᠢ ᠳᠤ ᠬᠦᠷᠴᠦ ᠣᠴᠢᠭ᠎ᠠ ᠦᠭᠡᠢ ᠣᠷᠭᠢᠯ ᠪᠣᠯᠤᠭᠰᠠᠨ ᠶᠤᠮ᠃

 ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠸᠯᠯᠢᠶᠠᠮ ᠱᠸᠰᠺᠫᠸᠷ (1564—1616 ) ᠠᠩᠭᠯᠢ  ᠶᠢᠨ ᠳᠣᠮᠳᠠ ᠬᠡᠰᠡᠭ  ᠤᠨ ᠠᠶᠢᠸᠤᠨ ᠭᠤᠤᠯ  ᠤᠨ ᠬᠦ᠋ᠪᠡᠭᠡᠨ ᠳᠠᠬᠢ ᠰᠲᠷᠠᠰᠹᠦᠳ ᠪᠠᠯᠭᠠᠰᠣᠨ  ᠳᠤ ᠲᠥᠷᠥᠵᠠᠢ ᠃ ᠲᠡᠷᠡ  ᠪᠡᠷ ᠪᠠᠭ᠎ᠠ  ᠨᠠᠰᠣ  ᠪᠡᠨ  ᠨᠤᠲᠤᠭ ᠲᠠᠭᠠᠨ ᠦᠩᠭᠡᠷᠡᠭᠡᠵᠠᠢ ᠃ ᠲᠤᠬᠠᠢ  ᠶᠢᠨ ᠦᠶ᠎ᠡ  ᠳᠤ ᠯᠤᠨᠳᠣᠨ ᠬᠤᠲᠠ  ᠶᠢᠨ  ᠨᠢᠭᠡ ᠪᠦᠯᠦᠭ ᠠᠯᠳᠠᠷᠲᠠᠢ ᠵᠦ᠋ᠴᠦᠭᠡ  ᠶᠢᠨ ᠪᠦᠯᠬᠦᠮ  ᠤᠳ  ᠨᠢ ᠲᠡᠭᠦᠨ  ᠤ  ᠨᠤᠲᠤᠭ  ᠲᠤ ᠬᠦ᠋ᠢᠷᠴᠦ ᠰᠢ ᠵᠦ᠋ᠴᠦᠭᠡ  ᠶᠢᠨ ᠲᠤᠭᠯᠠᠯᠲᠠ ᠭᠠᠷᠭᠠᠳᠠᠭ ᠪᠠᠶᠢᠭᠰᠠᠨ  ᠠᠴᠠ ᠪᠠᠭ᠎ᠠ  ᠨᠠᠰᠣᠨ  ᠠᠴᠠ  ᠪᠡᠨ ᠰᠢ ᠵᠦ᠋ᠢᠴᠦᠭᠡ  ᠲᠤ ᠳᠣᠷ᠎ᠠ ᠪᠠᠬ᠎ᠠ  ᠲᠠᠢ ᠪᠤᠯᠵᠠᠢ ᠃ ᠲᠡᠷᠡ ᠳᠣᠯᠣᠭᠠᠨ  ᠨᠠᠰᠣ  ᠲᠠᠢ ᠳᠠᠭᠠᠨ  ᠨᠤᠲᠤᠭ  ᠤᠨ  ᠢᠶᠡᠨ ᠨᠢᠭᠡᠨ ᠰᠣᠷᠭᠠᠭᠤᠯᠢ  ᠳᠤ ᠤᠷᠤᠵᠤ ᠯᠠᠲ᠋ᠢᠨ ᠬᠡᠯᠡ᠂ ᠡᠷᠲᠡᠨ  ᠤ ᠲᠡᠤᠭᠡ ᠂ ᠭᠦ᠋ᠢᠨ ᠤᠬᠠᠭᠠᠨ ᠂ ᠰᠢᠯᠦᠭ ᠳᠠᠭᠤᠯᠠᠯ ᠂ ᠯᠤᠬᠢᠭ ᠪᠠ  ᠨᠠᠶᠢᠷᠠᠭᠤᠯᠭ᠎ᠠ ᠵᠦ᠋ᠢᠢ  ᠶᠢ ᠰᠣᠷᠤᠯᠴᠠᠭᠰᠠᠨ ᠪᠠᠶᠢᠪᠠ ᠃ ᠡᠨᠳᠡ ᠲᠡᠷᠡ ᠡᠷᠲᠡᠨ  ᠤ ᠷᠤᠮᠠ  ᠶᠢᠨ ᠰᠢᠯᠥᠭ ᠳᠠᠭᠤᠯᠠᠯ ᠪᠠ ᠰᠢ ᠵᠦ᠋ᠢᠴᠦᠭᠡ  ᠶᠢᠨ ᠨᠦ᠋ᠢᠯᠦᠭᠡ  ᠶᠢ ᠬᠦ᠋ᠢᠷᠲᠡᠵᠠᠢ ᠃ ᠠᠷᠪᠠᠨ ᠭᠤᠷᠪᠠ ᠲᠦ᠋ᠢᠷᠪᠡ ᠪᠠᠶᠢᠬᠤ  ᠳᠤ  ᠨᠢ ᠭᠡᠷ  ᠤᠨ ᠠᠮᠢᠳᠣᠷᠠᠯ ᠮᠠᠭᠤᠳᠠᠭᠰᠠᠨ  ᠠᠴᠠ ᠪᠤᠯᠵᠤ ᠰᠣᠷᠣᠯᠭ᠎ᠠ  ᠪᠡᠨ ᠵᠤᠭᠰᠣᠵᠣ ᠡᠴᠢᠬᠡ  ᠪᠡᠨ ᠳᠠᠭᠠᠵᠦ ᠠᠷᠠᠯᠵᠢᠶ᠎ᠠ ᠡᠷᠬᠢᠯᠡᠪᠡ ᠃

ᠵᠦᠴᠤᠭᠡ ᠶᠢᠨ ᠵᠣᠬᠢᠶᠠᠯᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1585 ᠤᠨ  ᠤ ᠣᠷᠢᠳ ᠬᠤᠵᠢᠳ  ᠢᠶᠡᠷ ᠯᠤᠨᠳᠣᠨ  ᠳᠤ ᠬᠦ᠋ᠢᠷᠴᠤ ᠵᠦ᠋ᠢᠴᠦᠭᠡ  ᠶᠢᠨ ᠲᠢᠶᠠᠲᠷ  ᠲᠤ ᠠᠷᠰᠠᠷ ᠠᠵᠢᠯ ᠬᠢᠵᠦ ᠂ ᠵᠦ᠋ᠢᠴᠦᠭᠡ ᠦᠵᠡᠬᠦ  ᠪᠡᠷ ᠢᠷᠡᠳᠡᠭ ᠢᠵᠠᠭᠤᠷᠲᠠᠳ  ᠤᠨ ᠮᠤᠷᠢ  ᠶᠢ ᠬᠠᠷᠠᠳᠠᠭ ᠪᠠᠶᠢᠵᠠᠢ ᠃ ᠬᠤᠵᠢᠮ  ᠨᠢ ᠲᠤᠭᠯᠠᠭᠴᠢ ᠂ ᠵᠦ᠋ᠢᠴᠦᠭᠡ  ᠶᠢᠨ ᠲᠢᠶᠠᠲᠷ  ᠤᠨ ᠬᠤᠪᠢ ᠤᠷᠤᠭᠤᠯᠤᠭᠴᠢ ᠪᠤᠯᠵᠤ ᠂  ᠨᠡᠶᠢᠭᠡᠮ  ᠤᠨ ᠡᠯ᠎ᠡ ᠳᠠᠪᠬᠤᠷᠭ᠎ᠠ  ᠶᠢᠨ ᠬᠦ᠋ᠮᠦᠰ  ᠲᠠᠢ ᠲᠠᠨᠢᠯᠴᠠᠵᠦ ᠂ ᠲᠡᠳᠡᠨᠠᠷ  ᠤᠨ ᠠᠮᠢᠳᠣᠷᠠᠯ  ᠢ ᠤᠶᠢᠯᠠᠭᠠᠬᠤ ᠪᠤᠯᠪᠠ ᠃ ᠲᠡᠷᠡ  ᠪᠡᠷ ᠡᠨᠡ ᠦᠶ᠎ᠡ  ᠠᠴᠠ ᠡᠬᠢᠯᠡᠵᠦ ᠵᠦ᠋ᠢᠴᠦᠭᠡ  ᠨᠠᠶᠢᠷᠠᠭᠤᠯᠬᠤ ᠠᠵᠢᠯ  ᠢᠶᠡᠨ ᠡᠬᠢᠯᠡᠪᠡ ᠃ ᠠᠩᠬ᠎ᠠ ᠡᠬᠢᠯᠡᠬᠦ  ᠳᠦ  ᠪᠡᠨ ᠬᠠᠭᠤᠴᠢᠨ ᠵᠦ᠋ᠢᠴᠦᠭᠡ  ᠶᠢ ᠳᠠᠬᠢᠨ  ᠨᠠᠶᠢᠷᠠᠭᠤᠯᠬᠤ ᠂ ᠡᠷᠲᠡᠨ  ᠤᠨ ᠮᠠᠲᠸᠷᠢᠶᠠᠯ  ᠢ ᠠᠰᠢᠭᠯᠠᠵᠦ ᠵᠦ᠋ᠢᠴᠦᠭᠡ ᠪᠢᠴᠢᠬᠦ ᠂ ᠪᠤᠰᠣᠳ  ᠲᠠᠢ ᠬᠤᠷᠰᠢᠨ ᠰᠢ ᠵᠦ᠋ᠢᠴᠦᠭᠡ ᠪᠢᠴᠢᠬᠦ ᠵᠡᠷᠭᠡ  ᠶᠢ ᠬᠢᠵᠦ ᠪᠠᠶᠢᠭᠰᠠᠨ  ᠠᠴᠠ ᠬᠤᠵᠢᠮ  ᠨᠢ ᠪᠡᠶ᠎ᠡ  ᠪᠡᠨ ᠳᠠᠭᠠᠭᠠᠨ ᠵᠦ᠋ᠢᠴᠦᠭᠡ ᠪᠢᠴᠢᠬᠦ ᠪᠤᠯᠵᠠᠢ ᠃ ᠱᠧᠺᠰᠫᠸᠷ ᠡᠬᠢᠨ ᠦᠶ᠎ᠡ ᠳ᠋ᠦ ᠪᠡᠨ ᠬᠠᠭᠤᠴᠢᠨ ᠵᠦᠴᠦᠭᠡ ᠨᠦᠭᠦᠳ ᠢ ᠵᠠᠰᠠᠪᠤᠷᠢᠯᠠᠨ ᠪᠣᠯᠪᠠᠰᠤᠷᠠᠭᠤᠯᠵᠤ ᠪᠠᠶᠢᠭᠰᠠᠨ ᠢᠶᠠᠨ ᠥᠪᠡᠷ ᠦᠨ ᠵᠣᠬᠢᠶᠠᠯ ᠤᠳ ᠢ ᠦᠨᠳᠦᠰᠦᠨ ᠳᠦ ᠪᠡᠨ 30 ᠣᠷᠴᠢᠮ ᠨᠠᠰᠤᠲᠠᠢ ᠠᠴᠠ ᠪᠠᠨ ᠡᠬᠢᠯᠡᠭᠰᠡᠨ ᠪᠠᠶᠢᠨ᠎ᠠ᠃ ᠥᠭᠡᠷ᠎ᠡ ᠪᠡᠷ ᠬᠡᠯᠡᠪᠡᠯ ᠯᠣᠨᠳᠣᠨ ᠳᠤ ᠰᠠᠭᠤᠷᠢᠰᠢᠨ ᠠᠮᠢᠳᠤᠷᠠᠬᠤ ᠪᠣᠯᠤᠭᠰᠠᠨ 1592 ᠣᠨ ᠠᠴᠠ ᠭᠡᠵᠦ ᠲᠣᠭᠠᠴᠠᠭᠰᠠᠨ ᠴᠤ ᠪᠣᠯᠤᠨ᠎ᠠ᠃ ᠡᠨᠡ ᠦᠶ᠎ᠡ ᠳᠦ 《ᠸᠧᠨᠧᠷᠠ ᠠᠳᠣᠨᠢᠰ ᠬᠣᠶᠠᠷ》 (1593)᠂ 《ᠯᠤᠺᠷᠧᠼᠢᠢ》 (1592) ᠭᠡᠰᠡᠨ ᠬᠣᠶᠠᠷ ᠨᠠᠶᠢᠷᠠᠭᠯᠠᠯ ᠪᠢᠴᠢᠵᠦ ᠶᠡᠬᠡᠬᠡᠨ ᠨᠡᠷ᠎ᠡ ᠠᠯᠳᠠᠷ ᠬᠦᠷᠲᠡᠭᠰᠡᠨ ᠪᠠᠶᠢᠨ᠎ᠠ᠃ ᠲᠡᠷᠡ1590 ᠤᠨ  ᠠᠴᠠ1612 ᠤᠨ ᠬᠦ᠋ᠢᠷᠲᠡᠯᠡᠬᠢ ᠬᠤᠷᠢ ᠭᠠᠷᠤᠢ ᠵᠢᠯ  ᠤᠨ ᠬᠤᠭᠤᠴᠠᠭᠠᠨ  ᠳᠤ ᠣᠷᠲᠤ  ᠨᠠᠶᠢᠷᠠᠭᠯᠠᠯ ᠬᠤᠶᠠᠷ ᠪᠣᠲᠢ ᠂15 ᠪᠠᠳᠠᠭ ᠠᠷᠪᠠᠨ ᠳᠦ᠋ᠷᠪᠡᠨ ᠮᠦ᠋ᠢᠷᠲᠤ ᠰᠢᠯᠦᠭ ᠂ 37 ᠪᠤᠳᠢ ᠵᠦ᠋ᠢᠴᠦᠭᠡ ᠶᠢᠨ ᠵᠤᠬᠢᠶᠠᠯ  ᠢ ᠪᠢᠴᠢᠪᠡ ᠃1616 ᠤᠨ ᠤ 4 ᠰᠠᠷ᠎ᠠ  ᠶᠢᠨ 23 ᠳ᠋ᠦ ᠨᠠᠰᠣ ᠪᠠᠷᠠᠪᠠ ᠃

ᠵᠣᠬᠢᠶᠠᠯ ᠤᠨ ᠬᠡᠪ ᠮᠠᠶ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠤᠷᠠᠨ ᠪᠦᠲᠦᠭᠡᠯ ᠡᠴᠡ ᠴᠢᠰᠤᠨ ᠤ ᠥᠰᠢᠶ᠎ᠡ ᠬᠣᠨᠵᠢᠩ ᠠᠪᠬᠤ ᠹᠧᠣᠳᠠᠯ ᠤᠨ ᠤᠯᠠᠮᠵᠢᠯᠠᠯᠲᠤ ᠶᠣᠰᠣᠨ ᠤ ᠵᠣᠯᠢᠶᠠᠰᠤ ᠪᠣᠯᠤᠭᠰᠠᠨ ᠦᠨᠡᠨᠴᠢ ᠬᠠᠶᠢᠷ᠎ᠠ ᠳᠤᠷᠠᠯᠠᠯᠲᠤ ᠬᠣᠣᠰ ᠤᠳ ᠤᠨ ᠬᠤᠪᠢ ᠵᠠᠶᠠᠭ᠎ᠠ ᠶᠢ ᠢᠷᠠᠭᠤ ᠪᠠᠷ ᠦᠵᠡᠭᠦᠯᠦᠭᠰᠡᠨ 《ᠷᠣᠮᠢᠧᠣ ᠵᠦᠯᠢᠶᠧᠲ᠋ᠲ᠋ᠠ ᠬᠣᠶᠠᠷ》᠂ ᠬᠦᠮᠦᠯᠢᠭ ᠰᠠᠶᠢᠬᠠᠨ ᠦᠵᠡᠯ ᠲᠡᠢ ᠬᠦᠮᠦᠨ᠂ ᠬᠣᠷᠣᠨ ᠰᠠᠨᠠᠭ᠎ᠠ᠂ ᠵᠢᠰᠤᠷᠳᠠᠨ ᠪᠢᠯᠪᠠᠤᠴᠢᠯᠠᠬᠤ ᠶᠢᠨ ᠶᠢᠷᠲᠢᠨᠴᠦ ᠲᠡᠢ ᠲᠤᠯᠭᠠᠷᠠᠭᠰᠠᠨ ᠡᠮᠭᠡᠨᠢᠯ ᠢ ᠢᠯᠡᠷᠬᠡᠶᠢᠯᠡᠭᠰᠡᠨ 《ᠬᠠᠮᠯᠸᠲ》᠂ ᠬᠤᠪᠢ ᠬᠦᠮᠦᠨ ᠪᠣᠯᠤᠨ ᠲᠡᠭᠦᠨ ᠢ ᠬᠦᠷᠢᠶᠡᠯᠡᠨ ᠪᠠᠶᠢᠭ᠎ᠠ ᠨᠡᠶᠢᠭᠡᠮ ᠬᠣᠶᠠᠷ ᠤᠨ ᠲᠡᠮᠡᠴᠡᠯ ᠢ ᠬᠠᠷᠠᠭᠤᠯᠤᠭᠰᠠᠨ 《ᠣᠲ᠋ᠧᠯᠯᠠ》᠂ ᠴᠡᠪᠡᠷ ᠠᠷᠢᠭᠤᠨ ᠬᠦᠮᠦᠯᠢᠭ ᠶᠣᠰᠣ᠂ ᠴᠡᠪᠳᠡᠭ ᠬᠦᠢᠲᠡᠨ ᠰᠡᠳᠬᠢᠯ ᠲᠡᠢ ᠬᠡᠷᠬᠢᠨ ᠵᠥᠷᠢᠴᠡᠯᠳᠦᠭᠰᠡᠨ ᠢ ᠢᠯᠡᠷᠬᠡᠶᠢᠯᠡᠭᠰᠡᠨ 《ᠯᠢᠷ ᠸᠠᠩ》᠂ ᠳᠠᠷᠤᠩᠭᠤᠶᠢᠯᠠᠭᠴᠢ ᠲᠥᠷᠥ ᠵᠠᠰᠠᠭ ᠢ ᠡᠰᠡᠷᠭᠦᠴᠡᠬᠦ ᠦᠵᠡᠯ ᠭᠦᠨᠵᠡᠭᠡᠢ ᠢᠯᠡᠷᠡᠭᠰᠡᠨ 《ᠮᠧᠺᠫᠧᠰ》 ᠬᠡᠮᠡᠬᠦ ᠲᠠᠪᠤᠨ ᠡᠮᠭᠡᠨᠢᠯᠳᠦ ᠵᠦᠴᠦᠭᠡ ᠨᠢ ᠢᠯᠡᠭᠦᠦ ᠲᠡᠢ ᠪᠡᠷ ᠵᠣᠬᠢᠶᠠᠯᠴᠢ ᠶᠢᠨ ᠨᠡᠷ᠎ᠡ ᠬᠦᠨᠳᠦ ᠶᠢ ᠬᠦᠮᠦᠨ ᠲᠥᠷᠥᠯᠬᠢᠲᠡᠨ ᠳᠦ ᠳᠠᠷᠬᠠᠯᠠᠵᠠᠢ᠃

ᠵᠤᠬᠢᠶᠠᠯ ᠪᠦ᠋ᠢᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠸᠰᠺᠫᠸᠷ  ᠤᠨ ᠵᠤᠬᠢᠶᠠᠯ ᠪᠦ᠋ᠲᠦᠭᠡᠯ  ᠢ ᠵᠤᠬᠢᠶᠠᠭᠴᠢ  ᠶᠢᠨ ᠦᠵᠡᠯ ᠰᠠᠨᠠᠭᠠᠨ  ᠤ ᠬᠦ᠋ᠢᠭᠵᠢᠯ ᠬᠤᠪᠢᠷᠠᠯᠲᠠ  ᠪᠡᠷ  ᠨᠢ ᠭᠤᠷᠪᠠᠨ ᠱᠠᠳᠣ ᠬᠤᠪᠢᠶᠠᠳᠠᠭ ᠃

  • ᠨᠢᠭᠡᠳᠦᠭᠡᠷ ᠱᠠᠲᠤ ( 1590 —1600) ᠂ ᠲᠡᠷᠡ  ᠪᠡᠷ ᠭᠤᠤᠯᠳᠠᠭᠤ ᠲᠡᠤᠭᠡᠨ ᠵᠦ᠋ᠢᠴᠦᠭᠡ ᠪᠠ ᠪᠠᠶᠠᠷᠲᠤ ᠵᠦ᠋ᠢᠴᠦᠭᠡ ᠪᠢᠴᠢᠵᠦ ᠪᠠᠶᠢᠵᠠᠢ ᠃ ᠡᠭᠦᠨ  ᠳᠤ 《 ᠾᠸᠩᠷᠢ ᠳᠦ᠋ᠢᠷᠪᠡᠳᠦᠭᠡᠷ ( ᠳᠡᠭᠡᠳᠣ ᠳᠣᠣᠷᠠᠳᠣ ᠪᠤᠳᠢ ) ᠂ 《 ᠾᠸᠩᠷᠢ ᠲᠠᠪᠤᠳᠣᠭᠠᠷ 》 ᠵᠡᠷᠭᠡ ᠶᠢᠰᠤᠨ ᠲᠡᠤᠭᠡᠨ ᠵᠦ᠋ᠢᠴᠦᠭᠡ 《 ᠸᠸᠨᠢᠽ  ᠶᠢᠨ ᠬᠤᠳᠠᠯᠳᠣᠭᠠᠴᠢᠨ 》 ᠂ 《 ᠠᠷᠪᠠᠨ ᠬᠤᠶᠠᠳᠣᠭᠠᠷ ᠰᠦ᠋ᠢᠨᠢ 》 ᠵᠡᠷᠭᠡ ᠠᠷᠪᠠᠨ ᠪᠠᠶᠠᠷᠲᠤ ᠵᠦ᠋ᠢᠴᠦᠭᠡ ᠬᠢᠭᠡᠳ 《 ᠷᠦ᠋ᠮᠢᠸᠣ ᠬᠢᠭᠡᠳ ᠵᠦ᠋ᠢᠯᠢᠶᠸᠲ 》 ᠵᠡᠷᠭᠡ ᠭᠤᠷᠪᠠᠨ ᠭᠤᠨᠢᠭᠲᠤ ᠵᠦ᠋ᠢᠴᠦᠭᠡ ᠪᠠᠭᠲᠠᠨ᠎ᠠ ᠃
  • ᠬᠤᠶᠠᠳᠣᠭᠠᠷ ᠱᠠᠲᠤ (1601 —1607 ) ᠂ ᠭᠤᠤᠯᠳᠠᠭᠤ ᠭᠤᠨᠢᠭᠲᠤ ᠵᠦ᠋ᠴᠦᠭᠡ ᠪᠢᠴᠢᠵᠦ ᠪᠠᠶᠢᠪᠠ ᠃ ᠡᠨᠡ ᠱᠠᠳᠣᠨ  ᠳᠤ 《 ᠬᠠᠮᠯᠸᠲ 》 ᠂ 《 ᠯᠢᠷ ᠸᠠᠩ 》 ᠂ 《 ᠮᠸᠺᠫᠸᠰ 》 ᠵᠡᠷᠭᠡ ᠳᠣᠯᠣᠭᠠᠨ ᠪᠤᠳᠢ ᠭᠤᠨᠢᠭᠲᠤ ᠵᠦ᠋ᠴᠦᠭᠡ ᠂ 《 ᠲᠷᠤᠶᠢᠯᠦ᠋ᠰ ᠬᠢᠭᠡᠳ ᠺᠷᠸᠰᠢᠳᠡ 》 ᠂ 《 ᠡᠴᠦᠰ ᠲᠡᠭᠡᠨ ᠭᠡᠷ ᠪᠦ᠋ᠢᠯᠢ ᠪᠤᠯᠤᠭᠰᠠᠨ  ᠨᠢ 》 ᠵᠡᠷᠭᠡ ᠳᠦ᠋ᠢᠷᠪᠡᠨ ᠪᠤᠳᠢ ᠪᠠᠶᠠᠷᠲᠤ ᠵᠦ᠋ᠴᠦᠭᠡ ᠪᠢᠴᠢᠵᠠᠢ ᠃
  • ᠭᠤᠷᠪᠠᠳᠣᠭᠠᠷ ᠱᠠᠳᠣ (1608 —1612 ) ᠂ ᠭᠤᠤᠯᠳᠠᠭᠤ ᠰᠢᠳᠢᠳᠦ ᠵᠦ᠋ᠴᠦᠭᠡ ᠪᠢᠴᠢᠵᠦ ᠪᠠᠶᠢᠵᠠᠢ ᠃ ᠡᠨᠡ ᠱᠠᠳᠣᠨ  ᠳᠤ ᠪᠢᠴᠢᠭᠰᠡᠨ ᠵᠤᠬᠢᠶᠠᠯ ᠪᠦ᠋ᠲᠦᠭᠡᠯ  ᠳᠤ 《 ᠰᠢᠮᠪᠸᠯᠢᠨ 》 ᠂ 《 ᠡᠪᠤᠯ  ᠤᠨ ᠦᠯᠢᠭᠡᠷ 》 ᠂ 《 ᠳᠣᠭᠰᠢᠨ ᠰᠠᠯᠬᠢᠨ ᠰᠢᠷᠦᠭᠦᠨ ᠪᠤᠷᠤᠭᠠᠨ 》 ᠵᠡᠷᠭᠡ ᠰᠢᠳᠢᠳᠦ ᠵᠦ᠋ᠢᠴᠦᠭᠡ ᠪᠤᠯᠤᠨ 《 ᠾᠸᠩᠷᠢ  ᠨᠠᠢᠮᠠᠳᠣᠭᠠᠷ 》 ᠬᠡᠮᠡᠬᠦ ᠲᠡᠤᠭᠡᠨ ᠵᠦ᠋ᠢᠴᠦᠭᠡ ᠪᠤᠢ ᠃
ᠬᠣᠪᠢᠶᠠᠷᠢ ᠬᠢᠲᠠᠳ ᠨᠡᠷ᠎ᠡ ᠠᠩᠭ᠍ᠯᠢ ᠨᠡᠷ᠎ᠡ ᠮᠣᠩᠭᠤᠯ ᠨᠡᠷ᠎ᠡ
ᠪᠠᠶᠠᠷᠲᠤ ᠵᠦ᠋ᠢᠴᠦᠭᠡ 终成眷屬 All's Well That Ends Well ︽ᠡᠴᠦᠰ ᠲᠡᠭᠡᠨ ᠭᠡᠷ ᠪᠦ᠋ᠢᠯᠢ ᠪᠤᠯᠤᠭᠰᠠᠨ  ᠨᠢ︾
皆大歡喜 As You Like It
錯中錯 The Comedy of Errors
爱的徒劳 Love's Labour's Lost ︽ᠬᠠᠢᠢᠷ ᠠ ᠢᠢᠨ ᠬᠠᠢᠢᠷᠠᠨ ᠬᠦᠴᠦ︾
一報還一報 Measure for Measure
威尼斯商人 The Merchant of Venice ︽ᠸᠧᠨᠢᠽ ᠦᠨ ᠬᠤᠳᠠᠯᠳᠤᠭᠠᠴᠢᠨ︾
温莎的風流婦人 The Merry Wives of Windsor
仲夏夜之夢 A Midsummer Night's Dream ︽ᠵᠤᠨ  ᠦ ᠰᠦᠨᠢ  ᠢᠢᠨ ᠵᠡᠭᠦᠳᠦ︾
無事生非 Much Ado About Nothing
泰尔亲王佩力克尔斯 Pericles, Prince of Tyre
馴悍记 The Taming of the Shrew
暴風雨 The Tempest ︽ ᠳᠣᠭᠰᠢᠨ ᠰᠠᠯᠬᠢᠨ ᠰᠢᠷᠦᠭᠦᠨ ᠪᠤᠷᠤᠭᠠᠨ︾
第十二夜 Twelfth Night or What You Will ︽ᠠᠷᠪᠠᠨ ᠬᠤᠶᠠᠷ ᠲᠡᠬᠢ ᠰᠦᠨᠢ︾
维洛那二绅士 The Two Gentlemen of Verona
两位贵族亲戚 The Two Noble Kinsmen
冬天的故事 The Winter's Tale ︽ᠡᠪᠤᠯ  ᠤᠨ ᠦᠯᠢᠭᠡᠷ︾
ᠲᠡᠦᠬᠡᠨ ᠵᠥ᠋ᠢᠴᠥᠭᠡ 约翰王 King John ᠵᠤᠨ ᠸᠠᠩ
理查二世 Richard III ︽ᠷᠢᠴᠠᠷᠲ ᠬᠤᠶᠠᠳᠤᠭᠠᠷ︾
亨利四世 (第一部) Henry IV, part 1 ︽ᠾᠸᠩᠷᠢ ᠲᠦᠷᠪᠡᠳᠦᠭᠡᠷ (ᠨᠢᠭᠡᠳᠦᠭᠡᠷ ᠪᠤᠳᠢ)︾
亨利四世 (第二部) Henry IV, part 2 ︽ᠾᠸᠩᠷᠢ ᠲᠦᠷᠪᠡᠳᠦᠭᠡᠷ(ᠬᠤᠶᠠᠳᠤᠭᠠᠷ ᠪᠤᠳᠢ)︾
亨利五世 Henry V ︽ᠾᠸᠩᠷᠢ ᠲᠠᠪᠤᠳᠣᠭᠠᠷ︾
亨利六世 (第一部) Henry VI, part 1 ︽ᠾᠸᠩᠷᠢ ᠵᠢᠷᠭᠤᠳᠤᠭᠠᠷ (ᠨᠢᠭᠡᠳᠦᠭᠡᠷ ᠪᠤᠳᠢ)︾
亨利六世 (第二部) Henry VI, part 2 ︽ᠾᠸᠩᠷᠢ ᠵᠢᠷᠭᠤᠳᠤᠭᠠᠷ(ᠬᠤᠶᠠᠳᠤᠭᠠᠷ ᠪᠤᠳᠢ)︾
亨利六世 (第三部) Henry VI, part 3 ︽ᠾᠸᠩᠷᠢ ᠵᠢᠷᠭᠤᠳᠤᠭᠠᠷ(ᠭᠤᠷᠪᠠᠳᠤᠭᠠᠷ ᠪᠤᠳᠢ)︾
理查三世 Richard III ︽ᠷᠢᠴᠠᠷᠲ ᠨᠢᠭᠡᠳᠤᠭᠡᠷ︾
亨利八世 Henry VIII ︽ᠾᠸᠩᠷᠢ  ᠨᠠᠢᠮᠠᠳᠣᠭᠠᠷ︾
ᠭᠤᠨᠢᠭᠲᠤ ᠵᠦ᠋ᠢᠴᠦᠭᠡ 羅密歐與茱麗葉 Romeo and Juliet ︽ᠷᠣᠮᠢᠧᠣ ᠵᠦᠯᠢᠶᠧᠲ᠋ᠲ᠋ᠠ ᠬᠣᠶᠠᠷ︾
科利奥兰纳斯 Coriolanus ︽ᠺᠤᠷᠢᠶᠤᠯᠠᠨᠠᠰ︾
泰特斯·安特洛尼克斯 Titus Andronicus
雅典的泰门 Timon of Athens ︽ᠠᠲᠸᠨ  ᠦ ᠲᠢᠮᠤᠨ︾
凱撒大帝 Julius Caesar
麦克白 Macbeth ︽ᠮᠧᠺᠫᠧᠰ︾
哈姆雷特 Hamlet ︽ᠬᠠᠮᠯᠸᠲ︾
特洛伊罗斯与克瑞西达 Troilus and Cressida ︽ ᠲᠷᠤᠶᠢᠯᠦ᠋ᠰ ᠬᠢᠭᠡᠳ ᠺᠷᠸᠰᠢᠳᠡ ︾
李爾王 King Lear ︽ᠯᠢᠷ ᠸᠠᠩ︾
奥赛罗 Othello ︽ᠤᠽᠧᠯᠥ︾
安東尼與克麗奧佩托拉 Antony and Cleopatra ︽ᠠᠨᠲᠤᠨᠢ᠂ ᠺᠯᠶᠣᠫᠠᠲᠷᠠ ᠬᠣᠶᠠᠷ︾
辛白林 Cymbeline ︽ᠰᠢᠮᠪᠸᠯᠢᠨ︾
ᠰᠢᠯᠦᠭ 十四行诗 The Sonnets
维纳斯和阿多尼斯 Venus and Adonis ︽ᠸᠧᠨᠧᠷᠠ ᠠᠳᠣᠨᠢᠰ ᠬᠣᠶᠠᠷ︾
鲁克丽丝失贞记 The Rape of Lucrece
热情的朝圣者 The Passionate Pilgrim
凤凰和斑鸠 The Phoenix and the Turtle
爱人的怨诉 A Lover's Complaint
ᠭᠡᠭᠡᠭᠳᠡᠭᠰᠡᠨ ᠪᠦᠲᠦᠭᠡᠯ 《爱得其所》 Love’s Labour’s Won
《卡登尼欧》 Cardenio
ᠪᠣᠰᠤᠳ ᠪᠦᠲᠦᠭᠡᠯ 《法弗舍姆的阿尔丁》 Arden of Faversham
The Birth of Merlin
《洛克林》 Locrine
《伦敦浪子》 The London Prodigal
《清教徒》 The Puritan
The Second Maiden's Tragedy
约翰·奥德卡瑟爵士 Sir John Oldcastle
克伦威尔勋爵托马斯 Thomas Lord Cromwell
约克夏的悲剧 A Yorkshire Tragedy
爱德华三世 Edward III
托马斯·莫尔爵士 Sir Thomas More

ᠡᠬᠢ ᠰᠣᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠭᠠᠯᠲᠤ ᠡᠷᠬᠢᠯᠡᠨ  ᠨᠠᠶᠢᠷᠠᠭᠤᠯᠤᠭᠰᠠᠨ 《 ᠭᠠᠳᠠᠭᠠᠳᠣ  ᠶᠢᠨ ᠤᠷᠠᠨ ᠵᠤᠬᠢᠶᠠᠯ  ᠤᠨ ᠲᠡᠤᠬᠡ ( ᠳᠡᠭᠡᠳᠦ ᠳᠡᠪᠲᠡᠷ ) 》 ᠂ ᠦᠪᠦᠷ ᠮᠤᠩᠭᠤᠯ  ᠤᠨ ᠰᠣᠶᠣᠯ  ᠤᠨ ᠬᠡᠪᠯᠡᠯ  ᠤᠨ ᠬᠤᠷᠢᠶ᠎ᠠ 》 ᠂1997 ᠤᠨ ᠃

ᠪᠢᠴᠢᠭᠡᠰᠦ