ᠭᠢᠨᠲᠪᠣᠯ ᠳᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠸᠣᠯᠹᠷᠠᠮ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠮᠧᠲ᠋ᠠᠯ ᠭᠢᠨᠲᠪᠣᠯ ᠳᠤ ᠴᠠᠶᠢᠪᠤᠷ ᠰᠠᠷᠠᠯ ᠥᠩᠭᠡ ᠲᠡᠢ᠂ ᠬᠠᠶᠢᠯᠠᠬᠤ ᠲᠣᠯᠠᠭᠠᠨ ᠤ ᠬᠡᠮᠵᠢᠶ᠎ᠡ ᠨᠢ 34100 ᠰ , 55000 ᠰ – ᠲ ᠪᠤᠴᠠᠯᠠᠳᠠᠭ᠃ ᠬᠤᠪᠢ ᠤᠨ ᠵᠢᠩ ᠨᠢ 19.3 ᠭ/ᠰᠮ 3. ᠭᠠᠶᠢᠬᠠᠮᠰᠢᠭᠲᠠᠢ ᠹᠢᠽᠢᠺ ᠰᠢᠨᠵᠢ ᠴᠢᠨᠠᠷ ᠲᠠᠢ᠃ ᠤᠯᠠᠶᠢᠰᠬᠠᠬᠤ ᠳᠤ ᠭᠡᠷᠡᠯᠲᠦᠬᠦ ᠴᠢᠳᠠᠪᠤᠷᠢ ᠥᠨᠳᠦᠷ ᠲᠡᠢ᠂ ᠤᠯᠠᠶᠢᠰᠤᠭᠰᠠᠨ ᠮᠧᠲ᠋ᠠᠯ ᠸᠣᠯᠹᠷᠠᠮ ᠳᠤᠯᠠᠭᠠᠨ ᠢᠯᠭᠠᠷᠠᠭᠤᠯᠬᠤ ᠴᠢᠳᠠᠪᠤᠷᠢ ᠥᠨᠳᠦᠷ ᠲᠡᠢ᠂ ᠲᠡᠯᠡᠯᠲᠡ ᠶᠢᠨ ᠺᠣᠧᠹᠹᠢᠼᠢᠶᠸᠨᠲ ᠪᠠᠭ᠎ᠠ ᠲᠠᠢ᠂ ᠣᠯᠠᠨ ᠮᠧᠲ᠋ᠠᠯ ᠲᠠᠢ ᠬᠠᠮᠲᠤᠷᠠᠵᠤ ᠣᠨᠴᠠᠭᠠᠢ ᠰᠠᠶᠢᠨ ᠰᠢᠨᠵᠢ ᠲᠡᠢ ᠬᠠᠶᠢᠯᠤᠰᠢ᠂ ᠬᠠᠲᠠᠭᠤ ᠺᠠᠷᠪᠢᠳ ᠬᠠᠶᠢᠯᠤᠰᠢ ᠨᠤᠭᠤᠳ ᠡᠭᠦᠰᠬᠡᠳᠡᠭ᠃ ᠸᠣᠯᠹᠷᠠᠮ ᠤᠨ ᠭᠠᠨ ᠬᠠᠲᠠᠭᠤᠯᠢᠭ ᠥᠨᠳᠦᠷ ᠲᠡᠢ᠂ ᠪᠠᠲᠤ ᠪᠡᠬᠢ᠂ ᠬᠢᠯᠪᠠᠷ ᠬᠠᠶᠢᠯᠠᠳᠠᠭ ᠦᠭᠡᠢ᠂ ᠥᠪᠡᠷ ᠢᠶᠡᠨ ᠥᠪᠡᠷ ᠢ ᠪᠡᠨ ᠰᠢᠷᠢᠭᠡᠳᠡᠭ᠂ ᠬᠦᠴᠢᠯ ᠳᠦ ᠲᠡᠰᠪᠦᠷᠢᠲᠡᠢ᠃ ᠸᠣᠯᠹᠷᠠᠮ ᠤᠨ ᠨᠢᠭᠡᠳᠦᠯ ᠦᠳ ᠢ ᠬᠢᠮᠢ ᠶᠢᠨ ᠤᠷᠪᠠᠯ ᠳᠤ ᠪᠤᠳᠤᠭᠴᠢ ᠪᠣᠯᠭᠠᠵᠤ᠂᠂ ᠥᠨᠳᠦᠷ ᠴᠢᠨᠠᠷᠲᠠᠢ ᠪᠧᠨ᠋ᠽᠢᠨ ᠦᠢᠯᠡᠳᠪᠦᠷᠢᠯᠡᠬᠦ ᠳᠦ ᠺᠠᠲ᠋ᠠᠯᠠᠵᠠᠲ᠋ᠣᠷ ᠪᠣᠯᠭᠠᠵᠤ ᠬᠡᠷᠡᠭᠯᠡᠳᠡᠭ᠃

ᠪᠢᠴᠢᠭᠡᠰᠦ