ᠸᠢᠽᠠᠨᠲ᠋ᠢ
ᠸᠢᠽᠠᠨᠲ᠋ᠢ ᠪᠤᠶᠤ ᠺᠣᠨᠰᠲ᠋ᠠᠨᠲ᠋ᠢᠨᠣᠫᠣᠯᠢ ᠨᠢ ᠵᠡᠭᠦᠨ ᠷᠤᠮᠠᠨᠢᠶ ᠠ ᠡᠵᠡᠨᠲᠦ ᠤᠯᠤᠰ ᠪᠤᠶᠤ ᠸᠢᠰᠠᠩᠲᠤ ᠶᠢᠨ ᠡᠵᠡᠨᠲᠦ ᠤᠯᠤᠰ ᠤᠨ ᠨᠡᠶᠢᠰᠯᠡᠯ ᠶᠤᠮ᠃ 5 ᠍ ᠳᠦᠭᠡᠷ ᠵᠠᠭᠤᠨ ᠤ ᠦᠶ᠎ᠡ ᠳᠦ᠂ ᠷᠤᠮᠠᠨᠢᠶ ᠠ ᠪᠠᠷᠠᠭᠤᠨ ᠢᠮᠫᠧᠷᠢ ᠮᠥᠬᠥᠵᠦ᠂ ᠸᠠᠷᠪᠠᠷ ᠤᠨ ᠬᠡᠳᠦ ᠬᠡᠳᠦᠨ ᠸᠠᠩᠲᠤ ᠤᠯᠤᠰ ᠪᠣᠯᠤᠨ ᠵᠠᠳᠠᠷᠠᠵᠠᠢ᠃ ᠬᠠᠷᠢᠨ ᠷᠤᠮᠠᠨᠢᠶ ᠠ ᠢᠮᠫᠧᠷᠢ ᠶᠢᠨ ᠬᠠᠮᠤᠭ ᠤᠨ ᠪᠠᠶᠠᠯᠢᠭ ᠪᠥᠭᠡᠳ ᠰᠣᠶᠣᠯᠲᠤ ᠮᠤᠵᠢ ᠨᠤᠭᠤᠳ ᠪᠠᠯᠺᠠᠨ ᠤ ᠬᠣᠶᠢᠭ᠂ ᠪᠠᠭ᠎ᠠ ᠠᠽᠢᠶ᠎ᠠ᠂ ᠰᠢᠷᠢᠢ ᠠ᠂ ᠫᠠᠯᠧᠰᠲ᠋ᠠᠨ ᠪᠠ ᠶᠸᠵᠠᠫᠲᠡᠶᠢᠭ ᠪᠠᠭᠲᠠᠭᠠᠭᠰᠠᠨ᠂ ᠷᠤᠮᠠᠨᠢᠶ ᠠ ᠵᠡᠭᠦᠨ ᠢᠮᠫᠧᠷᠢ ᠨᠢ ᠨᠡᠯᠢᠶᠡᠳ ᠪᠠᠲᠤᠵᠢᠯ ᠲᠠᠢ ᠪᠠᠶᠢᠵᠢᠵᠠᠢ᠃ ᠷᠤᠮᠠᠨᠢᠶ ᠠ ᠵᠡᠭᠦᠨ ᠢᠮᠫᠧᠷᠢ ᠨᠢ ᠪᠠᠷᠠᠭᠤᠨ ᠠᠴᠠ ᠪᠠᠨ ᠬᠦᠴᠦᠷᠬᠡᠭ ᠪᠥᠭᠡᠳ ᠪᠠᠶᠠᠯᠢᠭ ᠪᠠᠶᠢᠪᠠ᠃ ᠥᠷᠥᠨ᠎ᠡ ᠳᠠᠬᠢᠨ ᠳᠤ ᠬᠣᠲᠠ᠂ ᠬᠤᠳᠠᠯᠳᠤᠭ᠎ᠠ ᠤᠨᠤᠵᠤ ᠪᠠᠶᠢᠭᠰᠠᠨ ᠦᠶ᠎ᠡ ᠳᠦ ᠺᠣᠨᠰᠲ᠋ᠠᠨᠲ᠋ᠢᠨᠣᠫᠣᠯᠢ᠂ ᠠᠨᠲ᠋ᠢᠣᠬᠢ᠂ ᠠᠯᠧᠺᠰᠠᠨᠳᠠᠷ ᠭᠡᠬᠦ ᠮᠡᠲᠦ ᠶᠢᠨ ᠬᠤᠳᠠᠯᠳᠤᠭᠠᠨ ᠤ ᠲᠣᠮᠣ ᠬᠣᠲᠠ ᠨᠤᠭᠤᠳ ᠴᠡᠴᠡᠭᠯᠡᠵᠦ ᠪᠠᠶᠢᠭᠰᠠᠨ᠃ ᠪᠠᠷᠠᠭᠤᠨ ᠷᠤᠮᠠ ᠬᠣᠭᠣᠰᠣᠷᠠᠨ ᠰᠦᠢᠷᠡᠵᠦ ᠪᠠᠶᠢᠬᠤ ᠳᠤ ᠺᠣᠨᠰᠲ᠋ᠠᠨᠲ᠋ᠢᠨᠣᠫᠣᠯᠢ ᠳᠤ ᠬᠦᠮᠦᠨ ᠠᠮᠠ ᠣᠯᠠᠰᠢᠷᠠᠨ᠂ ᠪᠠᠭᠠᠳᠬᠤ ᠦᠭᠡᠢ ᠪᠣᠯᠤᠭᠠᠳ᠂ ᠬᠣᠲᠠ ᠶᠢ ᠨᠡᠮᠡᠵᠦ ᠪᠠᠷᠢᠬᠤ ᠳᠤ ᠬᠦᠷᠢᠵᠢ ᠪᠠᠶᠢᠴᠠᠢ᠃ ᠬᠣᠳᠠ ᠳᠤ ᠦᠵᠡᠰᠬᠦᠯᠡᠩᠲᠦ ᠰᠠᠶᠢᠬᠠᠨ ᠪᠠᠷᠢᠯᠭ᠎ᠠ ᠨᠤᠭᠤᠳ ᠪᠠᠷᠢᠭᠳᠠᠵᠤ ᠤᠰᠤᠨ ᠪᠣᠭᠣᠮᠲᠠ ᠨᠤᠭᠤᠳ ᠨᠢ ᠣᠯᠠᠨ ᠣᠷᠣᠨ ᠤ ᠬᠥᠯᠥᠭ ᠣᠩᠭᠣᠴᠠ ᠨᠤᠭᠤᠳ ᠰᠢᠬᠠᠯᠳᠤᠵᠤ ᠪᠠᠶᠢᠳᠠᠭ ᠪᠠᠶᠢᠨ᠎ᠠ᠃ ᠸᠢᠰᠠᠩᠲᠤ ᠶᠢᠨ ᠢᠮᠫᠧᠷᠢ᠂ ᠳᠣᠷᠣᠨ᠎ᠠ ᠳᠠᠬᠢᠨ ᠤ ᠣᠷᠣᠨ ᠨᠤᠭᠤᠳ ᠲᠠᠢ ᠶᠡᠷᠦᠳᠡ ᠶᠢᠨ ᠬᠥᠰᠬᠡ ᠶᠢᠨ ᠪᠠ ᠳᠠᠯᠠᠢ ᠶᠢᠨ ᠬᠤᠳᠠᠯᠳᠤᠭ᠎ᠠ ᠶᠢ ᠥᠷᠭᠡᠨ ᠢᠶᠡᠷ ᠶᠠᠪᠤᠭᠤᠯᠵᠤ ᠢᠷᠡᠨ᠂ ᠠᠷᠠᠪ᠂ ᠠᠪᠢᠰᠰᠢᠨ᠂ ᠡᠨᠡᠳᠬᠡᠭ᠂ ᠬᠢᠲᠠᠳ ᠣᠷᠣᠨ ᠨᠤᠭᠤᠳ ᠠᠴᠠ ᠦᠨᠡᠲᠦ ᠴᠢᠯᠠᠭᠤ᠂ ᠦᠨᠦᠷᠲᠡᠨ ᠦ ᠵᠦᠢᠯ᠂ ᠵᠠᠭᠠᠨ ᠤ ᠶᠠᠰᠤ᠂ ᠠᠮᠲᠠᠲᠤ ᠪᠣᠣᠪᠣ ᠪᠣᠯᠤᠨ ᠲᠣᠷᠭ᠎ᠠ ᠶᠢ ᠠᠪᠴᠢᠷᠠᠳᠠᠭ ᠪᠠᠶᠢᠴᠠᠢ᠃ ᠸᠢᠰᠠᠩᠲᠤ ᠶᠢᠨ ᠢᠮᠫᠧᠷᠢ ᠶᠢᠨ ᠬᠣᠲᠠ ᠨᠤᠭᠤᠳ ᠲᠤ ᠭᠠᠷ ᠤᠷᠠᠴᠤᠳ᠂ ᠰᠢᠯᠢᠨ ᠰᠠᠪᠠ᠂ ᠦᠨᠡᠲᠦ ᠨᠡᠬᠡᠮᠡᠯ᠂ ᠠᠯᠲᠠᠨ ᠮᠥᠩᠭᠥᠨ ᠡᠳ᠋ᠯᠡᠯ ᠢ ᠬᠢᠳᠡᠭ ᠪᠠᠶᠢᠪᠠ᠃ 6 ᠍ ᠳᠦᠭᠡᠷ ᠵᠠᠭᠤᠨ ᠤ ᠦᠶᠡᠰ ᠡᠬᠢᠯᠡᠨ᠂ ᠸᠢᠰᠠᠩᠲᠤ ᠶᠢᠨ ᠢᠮᠫᠧᠷᠢ ᠳᠤ ᠬᠦᠷᠦ ᠬᠣᠷᠣᠬᠠᠢ ᠲᠣᠷᠭ᠎ᠠ ᠨᠡᠬᠡᠬᠦ ᠪᠣᠯᠪᠠ᠃ ᠸᠢᠽᠠᠨᠲ᠋ᠢ ᠨᠢ ᠮᠠᠰᠢ ᠣᠯᠠᠨ ᠬᠥᠯᠦᠰᠦᠨ ᠦ ᠴᠡᠷᠢᠭ ᠲᠡᠢ ᠪᠠᠶᠢᠭᠰᠠᠨ ᠪᠠ ᠪᠠᠲᠤ ᠪᠡᠬᠢ ᠠᠷᠮᠢ ᠭᠦᠢ ᠪᠠᠶᠢᠭᠰᠠᠨ ᠤᠴᠢᠷ ᠨᠢ ᠡᠳᠡᠭᠡᠷ ᠴᠡᠷᠢᠭ ᠨᠢ ᠡᠬᠡ ᠣᠷᠣᠨᠴᠢ ᠰᠡᠳᠬᠢᠯᠭᠡ ᠭᠦᠢ ᠪᠠᠶᠢᠭᠰᠠᠨ᠃ ᠳᠡᠭᠡᠳᠦ ᠬᠥᠭᠵᠢᠯᠳᠦᠭᠡ ᠶᠤᠶᠢᠰᠲ᠋ᠢᠨᠢᠶᠠᠨ ᠬᠠᠭᠠᠨ ᠤ ᠦᠶ᠎ᠡ ᠳᠦ ᠶᠤᠮ᠃