ᠸᠢᠺᠲ᠋ᠣᠷ ᠴᠣᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠢᠺᠲ᠋ᠣᠷ ᠴᠣᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠲᠦᠷᠦᠭᠰᠡᠨ 1962 ᠣᠨ
ᠰᠠᠨᠺᠲ ᠫᠧᠲ᠋ᠧᠷᠪᠦ᠋ᠷᠡᠭ
ᠨᠠᠰᠤ ᠪᠠᠷᠠᠭᠰᠠᠨ 1990 ᠣᠨ
ᠯᠠᠲ᠋ᠸᠪᠢᠶ ᠠ
ᠦᠨᠳᠦᠰᠦᠲᠡᠨ ᠣᠷᠣᠰ ᠤᠨ ᠰᠣᠯᠣᠩᠭᠣᠰ
ᠠᠵᠢᠯ ᠬᠥᠭᠵᠢᠮ ᠦᠨ ᠵᠣᠬᠢᠶᠠᠯᠴᠢᠳᠠᠭᠤᠴᠢᠨᠬᠥᠭᠵᠢᠮᠴᠢᠨᠵᠦᠵᠦᠭᠡᠴᠢᠨ᠂ ᠪᠠᠷᠢᠮᠠᠯᠴᠢ᠂ ᠰᠡᠶᠢᠪᠦᠷᠢᠴᠢ ᠪᠠᠶᠢᠪᠠ
ᠸᠢᠺᠲ᠋ᠣᠷ ᠴᠣᠢ ᠶᠢᠨ ᠬᠥᠷᠥᠭ ᠪᠦᠬᠦᠢ ᠣᠷᠣᠰ ᠬᠣᠯᠪᠣᠭᠠᠨ ᠤ ᠤᠯᠤᠰ ᠤᠨ ᠱᠤᠤᠳᠠᠩ ᠤᠨ ᠲᠡᠮᠳᠡᠭᠲᠦ

ᠸᠢᠺᠲ᠋ᠣᠷ ᠷᠣᠪᠧᠷᠲᠣᠪᠢᠴ ᠴᠣᠢ (ᠣᠷᠣᠰ ᠶᠢᠡᠷ ᠸᠢᠺᠲ᠋ᠣᠷ ᠷᠣᠪᠧᠷᠲᠣᠪᠢᠴ ᠴᠣᠢ ; 1962 ᠣᠨ ᠤ 6 ᠰᠠᠷ᠎ᠠ ᠶᠢᠨ 21 – 1990 ᠣᠨ ᠤ 8 ᠰᠠᠷ᠎ᠠ ᠶᠢᠨ 15) ᠨᠢ ᠵᠥᠪᠯᠡᠯᠲᠦ ᠬᠣᠯᠪᠣᠭᠠᠲᠤ ᠤᠯᠤᠰ ᠍ ᠍ ᠍ ᠤᠨ ᠬᠥᠭᠵᠢᠮ ᠦᠨ ᠵᠣᠬᠢᠶᠠᠯᠴᠢᠳᠠᠭᠤᠴᠢᠨᠬᠥᠭᠵᠢᠮᠴᠢᠨᠵᠦᠵᠦᠭᠡᠴᠢᠨ᠂ ᠪᠠᠷᠢᠮᠠᠯᠴᠢ᠂ ᠰᠡᠶᠢᠪᠦᠷᠢᠴᠢ ᠪᠠᠶᠢᠪᠠ᠃ 《ᠺᠢᠨᠣ᠋》 ᠬᠠᠮᠲᠤᠯᠢᠭ ᠢ ᠡᠭᠦᠰᠬᠡᠨ ᠵᠣᠬᠢᠶᠠᠨ ᠪᠠᠶᠢᠭᠤᠯᠤᠭᠴᠢ᠂ ᠠᠬᠠᠯᠠᠭᠴᠢ ᠨᠢ ᠪᠠᠶᠢᠭᠰᠠᠨ᠃ ᠮᠥᠨ ᠬᠡᠳᠦ ᠬᠡᠳᠦᠨ ᠺᠢᠨᠣᠨ ᠳᠤ ᠲᠣᠭᠯᠠᠭᠰᠠᠨ (ᠢᠭᠯᠠᠠᠰᠰᠠ)ᠶᠤᠮ᠃

ᠲᠡᠷᠡᠪᠡᠷ ᠯᠧᠨᠢᠩᠷᠠᠳ᠋ (ᠣᠳᠣ ᠶᠢᠨ ᠰᠠᠨᠺᠲ ᠫᠧᠲ᠋ᠧᠷᠪᠦ᠋ᠷᠡᠭ) ᠬᠣᠳᠠ ᠳᠤ ᠢᠨᠵᠧᠨᠧᠷ ᠷᠣᠪᠧᠷᠲ ᠮᠠᠺᠰᠢᠮᠣᠸᠢᠴ ᠴᠣᠢ ᠪᠣᠯᠤᠨ ᠪᠡᠶ᠎ᠡ ᠶᠢᠨ ᠲᠠᠮᠢᠷ ᠤᠨ ᠪᠠᠭᠰᠢ ᠸᠠᠯᠧᠨᠲᠤᠨ᠎ᠠ ᠸᠠᠰᠢᠯᠢᠶᠧᠸᠨᠠ ᠴᠣᠢ ᠨᠠᠷ ᠤᠨ ᠭᠡᠷ ᠪᠦᠯᠢ ᠳᠦ ᠴᠣᠷ ᠤᠨ ᠭᠠᠭᠴᠠ ᠬᠦᠦ ᠨᠢ ᠪᠣᠯᠤᠨ ᠮᠡᠨᠳᠦᠯᠡᠵᠡᠢ᠃ ᠣᠷᠣᠰ ᠤᠨ ᠬᠠᠮᠤᠭ ᠤᠨ ᠠᠯᠳᠠᠷᠲᠠᠢ ᠷᠣᠺ ᠣᠳᠣ 25 ᠵᠢᠯ ᠦᠨ ᠡᠮᠦᠨ᠎ᠡ ᠲᠠᠭᠠᠯᠠᠯ ᠲᠡᠭᠦᠰᠦᠭᠰᠡᠨ ᠴᠤ ᠲᠡᠭᠦᠨ ᠢ ᠬᠡᠨ ᠴᠤ ᠮᠠᠷᠲᠠᠭ᠎ᠠ ᠦᠭᠡᠢ ᠠᠵᠤ᠃ ᠴᠣᠶᠢᠭ ᠤᠨ ᠸᠧᠪᠰᠠᠶᠢᠲᠠᠨ ᠠᠴᠠ 15 ᠨᠠᠰᠤᠲᠠᠢ ᠥᠬᠢᠳ ᠣᠳᠣ ᠶᠢ ᠬvᠷᠡᠲᠡᠯ᠎ᠡ ᠰᠠᠯᠳᠠᠭvᠢ ᠪᠥᠭᠡᠳ 《ᠸᠢᠲᠺᠠ》 ᠍ ᠍ ᠍ ᠳᠠᠭᠠᠨ ᠵᠣᠷᠢᠭᠤᠯᠵᠤ ᠰᠢᠯᠦᠭ ᠪᠢᠴᠢᠭᠰᠡᠭᠡᠷ ᠯᠠ ᠪᠠᠶᠢᠨ᠎ᠠ᠃ 《ᠺᠢᠨᠣ᠋》 ᠬᠠᠮᠲᠤᠯᠢᠭ ᠨᠢ ᠵᠥᠪᠯᠡᠯᠲᠦ ᠶᠢᠨ ᠷᠣᠺ ᠬᠠᠮᠲᠤᠯᠢᠭ ᠤᠳ ᠠᠴᠠ ᠬᠠᠮᠤᠭ ᠤᠨ ᠰᠢᠯᠢᠳᠡᠭ ᠨᠢ ᠪᠠᠶᠢᠭᠰᠠᠨ᠃ ᠡᠨᠡ ᠨᠢ ᠽvᠭᠡᠷ᠎ᠡ ᠨᠢᠭᠡ ᠦᠭᠡᠰ ᠦᠨ ᠨᠡᠶᠢᠯᠡᠪᠦᠷᠢ ᠪᠢᠰᠢ ᠶᠤᠮ᠃ ᠤᠷᠢᠳᠤ ᠨᠢ ᠣᠷᠣᠰ ᠤᠨ ᠷᠣᠺ ᠬᠥᠭᠵᠢᠮᠴᠢᠳ ᠡᠴᠡ ᠬᠡᠨ ᠴᠤ ᠬᠢᠵᠦ ᠴᠢᠳᠠᠭ᠎ᠠ ᠶᠢvᠢ ᠵᠦᠢᠯ ᠢ 《ᠺᠢᠨᠣ᠋》 ᠬᠠᠮᠲᠤᠯᠢᠭ ᠬᠢᠭᠰᠡᠨ᠃ ᠲᠡᠷᠡ ᠪᠡᠷ ᠷᠣᠺ ᠢ ᠮᠣᠳᠣᠨ ᠳᠤ ᠣᠷᠣᠭᠤᠯᠤᠭᠰᠠᠨ ᠶᠤᠮ᠃ ᠯᠤᠵᠨᠢᠺᠠ ᠳᠤ ᠲᠣᠭᠯᠠᠭᠰᠠᠨ 《ᠺᠢᠨᠣ᠋》 ᠬᠠᠮᠲᠤᠯᠢᠭ ᠤᠨ ᠰᠡᠭᠦᠯ ᠦᠨ ᠺᠣᠨᠼᠧᠷᠲᠤᠨ ᠳᠡᠭᠡᠷ᠎ᠡ (ᠬᠡᠨ ᠴᠤ ᠡᠨᠡ ᠲᠣᠭᠯᠠᠯᠲᠠ ᠶᠢ ᠰᠡᠭᠦᠯᠴᠢᠢᠬᠤ ᠭᠡᠵᠦ ᠮᠡᠳᠡᠭᠡ ᠶᠢvᠢ᠂ ᠬᠡᠷᠪᠡ ᠮᠡᠳᠡᠭᠰᠡᠨ ᠪᠣᠯ ᠠᠷᠪᠠ ᠳᠠᠬᠢᠨ ᠶᠡᠬᠡ ᠴᠤᠭᠯᠠᠷᠠᠬᠤ ᠪᠠᠶᠢᠭᠰᠠᠨ) 64 ᠮᠢᠩᠭᠠᠨ ᠬvᠨ ᠴᠤᠭᠯᠠᠷᠠᠭᠰᠠᠨ ᠶᠤᠮ᠃ ᠡᠶᠢᠮᠦ ᠶᠡᠬᠡ ᠦᠵᠡᠭᠴᠢᠳ ᠮᠣᠰᠺᠸᠠ ᠳᠤ 1998 ᠣᠨ ᠳᠤ The Rolling Stones ᠬᠠᠮᠲᠤᠯᠢᠭ ᠤᠨ ᠴᠣᠷ ᠤᠨ ᠭᠠᠭᠴᠠ ᠲᠣᠭᠯᠠᠯᠲᠠᠨ ᠳᠡᠭᠡᠷ᠎ᠡ ᠯᠠ ᠴᠤᠭᠯᠠᠵᠤ ᠪᠠᠶᠢᠴᠠᠢ᠃ ᠴᠣᠢ ᠫᠢᠲ᠋ᠧᠷ ᠦᠨ 《ᠰᠢᠨ᠎ᠡ ᠳᠠᠪᠠᠯᠭ᠎ᠠ》- ᠲᠠᠢ ᠬᠠᠮᠲᠤ ᠭᠠᠷᠤᠭ᠎ᠠ ᠪᠠᠨ ᠡᠬᠢᠯᠡᠭᠰᠡᠨ ᠴᠤ ᠡᠳᠡᠭᠡᠷ ᠪᠦᠬᠦ ᠰᠤᠤᠲᠠᠨ ᠨᠤᠭᠤᠳ ᠠᠴᠠ ᠭᠠᠭᠴᠠᠭᠠᠷ ᠢᠶᠠᠨ ᠯᠠ ᠣᠷᠴᠢᠨ ᠴᠠᠭ ᠤᠨ ᠬᠡᠯᠡᠯᠭᠡ ᠪᠡᠷ ᠬᠢᠲ᠋ᠮᠡᠢᠺᠧᠷ ᠤᠨ ᠠᠪᠢᠶᠠᠰ ᠢ ᠲᠡᠭᠦᠰ ᠡᠵᠡᠮᠰᠢᠭᠰᠡᠨ ᠷᠣᠺᠧᠷ ᠪᠠᠶᠢᠭᠰᠠᠨ ᠠᠵᠢ᠃ ᠲvvᠨᠳ ᠰᠠᠶ᠋ᠢ ᠰᠠᠶ᠋ᠢ ᠬᠦᠮᠦᠰ ᠲᠠᠲᠠᠭᠳᠠᠬᠤ ᠠᠴᠠ ᠥᠭᠡᠷ᠎ᠡ ᠠᠷᠭᠠᠭvᠢ ᠬᠠᠩᠭᠠᠯᠲᠠ ᠲᠠᠢ ᠰᠠᠶᠢᠬᠠᠨ᠂ ᠬᠠᠩᠭᠠᠯᠲᠠᠲᠠᠢ ᠡᠩ ᠦᠨ ᠨᠢᠭᠡᠨ ᠪᠠᠶᠢᠭᠰᠠᠨ ᠶᠤᠮ᠃ ᠨᠡᠷ᠎ᠡ ᠳᠦ ᠭᠠᠷᠭᠠᠭᠰᠠᠨ ᠲᠡᠭᠦᠨ ᠦ ᠠᠩᠬᠠᠨ ᠤ ᠴᠣᠮᠣᠭ ᠨᠢ 《45″ ᠭᠡᠰᠡᠨ ᠨᠡᠷ᠎ᠡ ᠲᠡᠢ ᠪᠥᠭᠡᠳ ᠡᠨᠡ ᠴᠣᠮᠣᠭ ᠢᠶᠠᠨ 1982 ᠣᠨ ᠳᠤ (ᠡᠨᠡ ᠦᠶ᠎ᠡ ᠳᠦ ᠲᠡᠷᠡ ᠪᠡᠷ 20 ᠨᠠᠰᠤᠲᠠᠢ ᠪᠠᠶᠢᠭᠰᠠᠨ) ᠪᠢᠴᠢᠭᠦᠯᠵᠦ ᠪᠠᠶᠢᠴᠠᠢ᠃ ТМС ᠍ ᠍ ᠍ ᠪᠡᠨ ᠲᠡᠭᠦᠰ ᠢᠶᠡᠨ ᠳᠦ ᠴᠣᠢ ᠥᠪᠡᠷ ᠡᠴᠡ ᠪᠡᠨ ᠳᠥᠷᠪᠡ ᠡᠭᠡᠴᠢ ᠮᠠᠷᠢᠶᠠᠨᠠ ᠭᠡᠳᠡᠭ ᠪᠦᠰᠡᠭᠦᠢ ᠲᠡᠢ ᠲᠠᠨᠢᠯᠴᠠᠵᠠᠢ᠃ ᠬᠣᠵᠢᠮ ᠡᠨᠡ ᠪᠦᠰᠡᠭᠦᠢ ᠲᠡᠭᠦᠨ ᠦ ᠡᠬᠡᠨᠡᠷ ᠲᠡᠳᠦᠢ ᠦᠭᠡᠢ ᠬᠡᠦᠬᠡᠳᠦᠶᠢᠬᠦ ᠨᠢ ᠡᠬᠡ ᠪᠣᠯᠵᠠᠢ᠃ 1990 ᠣᠨ ᠳᠤ ᠮᠠᠷᠢᠶᠠᠨᠠ ᠬᠦᠦ ᠰᠠᠱ ᠢ ᠪᠠᠨ ᠠᠪᠴᠤ ᠶᠠᠪᠤᠪᠠ᠃ ᠬᠦᠦᠭᠡᠭᠡ ᠣᠷᠬᠢᠨ ᠶᠠᠪᠤᠭᠰᠠᠨ ᠳᠤ ᠪᠠᠨ ᠶᠡᠬᠡᠳᠡ ᠰᠢᠨᠠᠯᠵᠤ᠂ ᠠᠯᠢ ᠪᠣᠯᠬᠤ ᠬᠦᠦ ᠳᠦ ᠪᠡᠨ ᠣᠶᠢᠷ᠎ᠠ ᠪᠠᠶᠢᠬᠤ ᠶᠢ ᠸᠢᠺᠲ᠋ᠣᠷ ᠬᠦᠰᠴᠢ ᠪᠠᠶᠢᠯ᠎ᠠ᠃ ᠲᠡᠶᠢᠮᠦ ᠡᠴᠡ ᠴᠤ ᠡᠶᠢᠮᠦ ᠠᠶᠠᠯᠠᠯ ᠲᠤᠩ ᠬᠡᠷᠡᠭᠲᠡᠢ ᠭᠡᠵᠦ ᠪᠣᠳᠣᠨ ᠬᠦᠦ ᠪᠡᠨ ᠴᠤᠭ ᠠᠪᠴᠤ ᠶᠠᠪᠤᠳᠠᠭ ᠪᠠᠶᠢᠭᠰᠠᠨ ᠠᠵᠢ᠃

1990 ᠣᠨ ᠤ 8 ᠰᠠᠷ᠎ᠠ ᠶᠢᠨ 15 ᠍ ᠍ ᠍ ᠤ 12 ᠴᠠᠭ 28 ᠮᠢᠨᠦ᠋ᠲ ᠲᠤ ᠠᠦ᠋ᠲ᠋ᠣᠮᠠᠰᠢᠨ ᠤ ᠣᠰᠣᠯ ᠢᠶᠠᠷ ᠨᠠᠰᠤ ᠪᠠᠷᠠᠭᠰᠠᠨ ᠶᠤᠮ᠃ ЗСБНЛатви ᠤᠯᠤᠰ ᠤᠨ ᠨᠤᠲᠤᠭ ᠤᠨ ᠲᠤᠺᠦ᠋ᠮᠰᠢ ᠬᠣᠲᠠ ᠠᠴᠠ ᠬᠣᠯᠠ ᠦᠭᠡᠢ ᠪᠠᠶᠢᠬᠤ «ᠰᠯᠣᠺᠠ — ᠲᠠᠯᠠᠰᠢ» ᠲᠷᠠᠰ ᠤᠨ 35 ᠳᠠᠬᠢ ᠺᠢᠯᠣᠮᠧᠲ᠋ᠷ ᠳᠡᠭᠡᠷ᠎ᠡ ᠡᠨᠡᠬᠦ ᠣᠰᠣᠯ ᠪᠣᠯᠵᠠᠢ᠃ ᠣᠰᠣᠯ ᠭᠠᠷᠳᠠᠭ ᠲᠡᠷᠡ ᠡᠳᠦᠷ ᠸᠢᠺᠲ᠋ᠣᠷ ᠬᠦᠦ ᠪᠡᠨ ᠣᠷᠬᠢᠭᠰᠠᠨ ᠠᠵᠢ᠃ ᠲᠡᠷᠡᠪᠡᠷ ᠶᠡᠬᠡ ᠬᠤᠷᠳᠤ ᠲᠠᠢ ᠶᠠᠪᠤᠵᠤ ᠪᠠᠶᠢᠬᠤ ᠳᠤ ᠪᠠᠨ ᠵᠢᠯᠤᠭᠤᠨ ᠤ ᠠᠷᠤ ᠳᠤ ᠤᠨᠲᠠᠰᠤᠨ ᠠᠴᠠ ᠪᠣᠯᠵᠤ ᠲᠡᠭᠦᠨ ᠦ ᠤᠨᠤᠵᠤ ᠶᠠᠪᠤᠭᠰᠠᠨ ᠴᠠᠭᠠᠨ ᠰᠠᠷᠠᠯ «ᠮᠣᠰᠺᠸᠢᠴ-2141» ᠨᠢ ᠡᠰᠡᠷᠬᠦ ᠤᠷᠤᠰᠬᠠᠯ ᠳᠤ ᠣᠷᠣᠵᠤ «ᠢᠺᠠᠷᠤᠰ-250» ᠠᠦ᠋ᠲ᠋ᠣᠪᠦ᠋ᠰ ᠲᠠᠢ ᠮᠥᠷᠭᠦᠯᠳᠦᠭᠰᠡᠨ ᠭᠡᠵᠦ ᠠᠯᠪᠠᠨ ᠶᠣᠰᠣᠨ ᠤ ᠲᠠᠶᠢᠯᠪᠤᠷᠢ ᠳᠤ ᠦᠭᠦᠯᠡᠳᠡᠭ᠃ ᠮᠥᠨ ᠶᠠᠩᠵᠤ ᠪᠦᠷᠢ ᠶᠢᠨ ᠥᠭᠡᠷ᠎ᠡ ᠲᠠᠭᠠᠮᠠᠭ ᠴᠤ ᠪᠠᠶᠢᠳᠠᠭ ᠶᠤᠮ᠃

ᠪᠢᠴᠢᠭᠡᠰᠦ