ᠸᠢᠶᠧᠲ᠋ᠨᠠᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠸᠢᠶᠧᠲ᠋ᠨᠠᠮ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
<tr class="mergedbottomrow"> </tr>
ᠪᠦᠭᠦᠳᠡ ᠨᠠᠶᠢᠷᠠᠮᠳᠠᠬᠤ ᠨᠡᠶᠢᠭᠡᠮ
ᠵᠢᠷᠤᠮᠲᠤ ᠸᠢᠶᠧᠲ᠋ᠨᠠᠮ ᠤᠯᠤᠰ
Cộng hòa Xã hội chủ nghĩa Việt Nam
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠸᠢᠶᠧᠲ᠋ᠨᠠᠮ ᠢᠶᠠᠷ Độc lập – Tự do – Hạnh phúc
«ᠲᠤᠰᠠᠭᠠᠷ ᠲᠣᠭᠲᠠᠨᠢᠯ - ᠡᠷᠬᠡ ᠴᠢᠯᠦᠭᠡ - ᠠᠵᠠ ᠵᠢᠷᠭᠠᠯ»
ᠲᠥᠷᠥ ᠶᠢᠨ ᠳᠠᠭᠤᠯᠠᠯ ᠤᠨ ᠨᠡᠷ᠎ᠡ:
ᠸᠢᠶᠧᠲ᠋ᠨᠠᠮ ᠢᠶᠠᠷ Tiến Quân Ca
«ᠴᠡᠷᠢᠭ ᠦᠨ ᠮᠠᠭᠲᠠᠭᠤ» (ᠡᠬᠢᠨ ᠦ ᠪᠠᠳᠠᠭ)
ᠹᠠᠢᠢᠯ:United States Navy Band - Tiến Quân Ca.ogg

ᠨᠡᠶᠢᠰᠯᠡᠯᠬᠠᠨᠨᠠᠢ (6.5 ᠰᠠᠶ᠎ᠠ)
ᠲᠣᠮᠣ ᠬᠣᠲᠠ ᠬᠠ ᠱᠢ ᠮᠢᠩ (7.2 ᠰᠠᠶ᠎ᠠ)
ᠠᠯᠪᠠᠨ ᠬᠡᠯᠡ ᠸᠢᠶᠧᠲ᠋ᠨᠠᠮ ᠬᠡᠯᠡ
ᠠᠯᠪᠠᠨ ᠦᠰᠦᠭ ᠸᠢᠶᠧᠲ᠋ᠨᠠᠮ ᠤᠨ ᠯᠠᠲ᠋ᠢᠨ
ᠠᠷᠠᠳ ᠲᠦᠮᠡᠨ 
(2010 ᠤᠨ)
86.2% - ᠸᠢᠶᠧᠲ᠋ ᠦᠨᠳᠦᠰᠦᠲᠡᠨ
13.8% - ᠪᠤᠰᠤ ᠠᠷᠠᠳ ᠲᠦᠮᠡᠨ
ᠣᠯᠠᠨ ᠲᠦᠮᠡᠨ ᠸᠢᠶᠧᠲ᠋ᠨᠠᠮ ᠤᠨ ᠬᠢᠨ
ᠲᠥᠷᠥ ᠵᠠᠰᠠᠭ ᠡᠪ ᠬᠠᠮᠲᠤ ᠳᠢᠭᠯᠢᠮᠨᠢᠭᠡᠳᠦᠮᠡᠯ
ᠪᠠᠶᠢᠭᠤᠯᠤᠮᠵᠢ
᠂ ᠨᠢᠭᠡ ᠨᠠᠮ᠂
ᠪᠦᠭᠦᠳᠡ ᠨᠠᠶᠢᠷᠠᠮᠳᠠᠬᠤ ᠵᠠᠰᠠᠭ ᠲᠠᠢ
 -  ᠶᠡᠷᠦᠩᠬᠡᠶᠢᠯᠡᠭᠴᠢ ᠴ ᠤᠣᠩ ᠢ ᠲᠠᠨ ᠱᠠᠩ ᠢ
 -  ᠳᠡᠳ᠋ ᠶᠡᠷᠦᠩᠬᠡᠶᠢᠯᠡᠭᠴᠢ ᠨᠤᠧᠨ ᠲᠬᠢ ᠳᠡᠨ
 -  ᠶᠡᠷᠦᠩᠬᠡᠢ ᠰᠠᠶᠢᠳ ᠨᠤᠧᠨ ᠲᠠᠨ ᠵᠤᠨ ᠢ
ᠤᠯᠤᠰ ᠤᠨ ᠬᠤᠷᠠᠯ «ᠤᠯᠤᠰ ᠤᠨ ᠬᠤᠷᠠᠯ»
ᠲᠡᠦᠬᠡ
 -  1054 ᠣᠨ ᠶᠡᠬᠡ ᠸᠢᠶᠧᠲ᠋ ᠤᠯᠤᠰ ᠡᠭᠦᠰᠦᠭᠰᠡᠨ 
 -  1945-09-02 ᠹᠷᠠᠨᠼᠢᠠ ᠠᠴᠠ ᠲᠤᠰᠠᠭᠠᠷᠯᠠᠭᠰᠠᠨ 
 -  1976-07-02 ᠳᠠᠶᠢᠨ ᠤ ᠳᠠᠷᠠᠭ᠎ᠠ ᠨᠢᠭᠡᠳᠦᠭᠰᠡᠨ 
ᠨᠤᠲᠤᠭ ᠳᠡᠪᠢᠰᠬᠡᠷ
 -  ᠪᠦᠬᠦ ᠲᠠᠯᠠᠪᠠᠢ 331,698 km2 (65)
 -  ᠭᠠᠳᠠᠷᠭᠤ ᠶᠢᠨ ᠤᠰᠤ (%) 1.3
ᠬᠦᠮᠦᠨ ᠠᠮᠠ
 -  ᠲᠣᠭᠠᠴᠠᠭ᠎ᠠ (2011) 90,549,390 [1] (13)
 -  ᠲᠣᠭᠠᠯᠠᠯᠭ᠎ᠠ (2009) 85,846,997 [2] 
 -  ᠨᠢᠭᠲᠠᠴᠠ ᠰᠡᠶᠢᠷᠡᠭ 259 ᠬᠦᠮᠦᠨ/km2 
GDP (ХАЧТ) 2010 ᠣᠨ ᠤ ᠲᠣᠭᠠᠴᠠᠭ᠎ᠠ
 -  ᠨᠡᠶᠢᠲᠡ ᠳ᠋ᠦᠩ $273.9 ᠲᠡᠷᠪᠤᠮ[3] 
 -  ᠨᠢᠭᠡ ᠬᠦᠨᠳᠦ $3,104.179[3] 
GDP (ᠨᠡᠷᠡᠯᠡᠭᠰᠡᠨ) 2010 ᠣᠨ ᠤ ᠲᠣᠭᠠᠴᠠᠭ᠎ᠠ
 -  ᠨᠡᠶᠢᠲᠡ ᠳ᠋ᠦᠩ $104.6 ᠲᠡᠷᠪᠤᠮ [4] 
 -  ᠨᠢᠭᠡ ᠬᠦᠨᠳᠦ $1,168[3] 
Gini (2008) 38[5] (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2010) 0.572[6] (ᠳᠤᠮᠳᠠ) (113)
ᠮᠥᠩᠭᠥᠨ ᠦ ᠨᠢᠭᠡᠴᠡ ᠸᠢᠶᠧᠲ᠋ᠨᠠᠮ ᠤᠨ ᠳᠣᠩ (₫) (VND)
ᠴᠠᠭ ᠤᠨ ᠪᠥᠰᠡ GMT+7
ᠳ᠋ᠦᠮᠠᠢᠨ ᠤ ᠨᠡᠷ᠎ᠡ .vn
ᠤᠲᠠᠰᠤᠨ ᠤ ᠲᠣᠮᠢᠶ᠎ᠠ +84
ᠸᠢᠶᠧᠲ᠋ᠨᠠᠮ (ᠸᠢᠶᠧᠲ᠋ᠨᠠᠮ: Việt Nam
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 ᠸᠢᠶᠧᠲ᠋ᠨᠠᠮ), ᠠᠯᠪᠠᠨ ᠶᠣᠰᠣᠭᠠᠷ ᠪᠦᠭᠦᠳᠡ ᠨᠠᠶᠢᠷᠠᠮᠳᠠᠬᠤ ᠨᠡᠶᠢᠭᠡᠮ ᠵᠢᠷᠤᠮᠲᠤ ᠸᠢᠶᠧᠲ᠋ᠨᠠᠮ ᠤᠯᠤᠰ ᠨᠢ ᠡᠨᠡᠳᠬᠡᠭ-ᠳᠤᠮᠳᠠᠳᠤ ᠶᠢᠨ ᠬᠣᠶᠢᠭᠡᠶᠢᠨ ᠵᠡᠭᠦᠨ ᠬᠡᠰᠡᠭ ᠲᠦ ᠤᠷᠤᠰᠢᠬᠤ ᠣᠷᠣᠨ ᠶᠤᠮ᠃ ᠬᠣᠶᠢᠳᠤ ᠲᠠᠯ᠎ᠠ ᠪᠠᠷ ᠢᠶᠠᠨ ᠬᠢᠲᠠᠳ᠂ ᠪᠠᠷᠠᠭᠤᠨ ᠬᠣᠶᠢᠳᠤ ᠲᠠᠯ᠎ᠠ ᠪᠠᠷ ᠢᠶᠠᠨ ᠯᠠᠤᠤ᠂ ᠪᠠᠷᠠᠭᠤᠨ ᠡᠮᠦᠨᠡᠲᠦ ᠬᠡᠰᠡᠭ ᠢᠶᠡᠷ ᠢᠶᠡᠨ ᠺᠠᠮᠪᠤᠵᠠ ᠤᠯᠤᠰ ᠤᠳ ᠲᠠᠢ ᠬᠢᠯᠢᠯᠡᠨ᠎ᠡ᠃ ᠵᠡᠭᠦᠨ ᠲᠠᠯ᠎ᠠ ᠳᠤ ᠨᠢ ᠡᠮᠦᠨᠡᠲᠦ ᠬᠢᠲᠠᠳ ᠤᠨ ᠲᠡᠩᠭᠢᠰ ᠣᠷᠣᠰᠢᠳᠠᠭ᠃ ᠸᠢᠶᠧᠲ᠋ᠨᠠᠮ ᠨᠢ 85 ᠰᠠᠶ᠎ᠠ ᠭᠠᠷᠤᠢ ᠬᠦᠮᠦᠨ ᠠᠮᠠ ᠲᠠᠢ ᠪᠥᠭᠡᠳ ᠡᠭᠦᠪᠡᠷ ᠢᠶᠡᠨ ᠳᠡᠯᠡᠬᠡᠢ ᠳᠦ ᠠᠷᠪᠠᠨ ᠭᠤᠷᠪᠠ ᠳᠤ ᠵᠢᠭ᠌ᠰᠠᠳᠠᠭ᠃

ᠸᠢᠶᠧᠲ᠋ᠨᠠᠮ ᠨᠢ 10 ᠍ ᠳᠦᠭᠡᠷ ᠵᠠᠭᠤᠨ ᠳᠤ ᠲᠤᠰᠠᠭᠠᠷ ᠤᠯᠤᠰ ᠪᠣᠯᠬᠤ ᠠᠴᠠ ᠡᠮᠦᠨ᠎ᠡ ᠮᠢᠩᠭᠠᠨ ᠵᠢᠯ ᠦᠨ ᠲᠤᠷᠰᠢ ᠬᠢᠲᠠᠳ ᠍ ᠤᠨ ᠵᠠᠬᠢᠷᠭᠠᠨ ᠳᠤ ᠪᠠᠶᠢᠴᠠᠢ᠃ ᠡᠭᠦᠨ ᠡᠴᠡ ᠬᠣᠶᠢᠰᠢ ᠣᠯᠠᠨ ᠳ᠋ᠢᠨᠠᠰᠲ᠋ᠢ ᠬᠥᠭᠵᠢᠨ ᠴᠡᠴᠡᠭᠯᠡᠵᠦ ᠪᠠᠶᠢᠭᠰᠠᠨ ᠪᠣᠯᠪᠠᠴᠤ 19 ᠍ ᠳᠦᠭᠡᠷ ᠵᠠᠭᠤᠨ ᠤ ᠡᠬᠢᠨ ᠦᠶ᠎ᠡ ᠳᠦ ᠹᠷᠠᠨᠼᠢ ᠍ ᠤᠨ ᠺᠣᠯᠣᠨᠢ ᠪᠣᠯᠤᠭᠰᠠᠨ ᠪᠠᠶᠢᠨ᠎ᠠ᠃ ᠹᠷᠠᠨᠽᠢᠴᠤᠳ ᠤᠨ ᠡᠰᠡᠷᠬᠦ ᠲᠡᠮᠡᠴᠡᠯ ᠦᠨ ᠦᠷ᠎ᠡ ᠳ᠋ᠦᠩ ᠳᠦ 20 ᠍ ᠳᠦᠭᠡᠷ ᠵᠠᠭᠤᠨ ᠤ ᠳᠤᠮᠳᠠ ᠦᠶ᠎ᠡ ᠳᠦ ᠲᠡᠳᠡᠭᠡᠷ ᠢ ᠤᠯᠤᠰ ᠠᠴᠠ ᠪᠠᠨ ᠬᠥᠭᠡᠭᠡᠵᠦ ᠴᠢᠳᠠᠭᠰᠠᠨ ᠪᠣᠯᠪᠠᠴᠤ ᠤᠯᠤᠰ ᠲᠥᠷᠥ ᠶᠢᠨ ᠬᠤᠪᠢ ᠳᠤ ᠤᠯᠤᠰ ᠨᠢ ᠬᠣᠶᠠᠷ ᠬᠤᠪᠢᠶᠠᠭᠳᠠᠵᠠᠢ᠃ ᠡᠨᠡ ᠬᠣᠶᠠᠷ ᠲᠠᠯ᠎ᠠ ᠨᠢ ᠸᠢᠶᠧᠲ᠋ᠨᠠᠮ ᠤᠨ ᠳᠠᠶᠢᠨᠢ ᠦᠶ᠎ᠡ ᠪᠡᠷ ᠳᠠᠶᠢᠲᠤᠵᠤ᠂ 1975 ᠣᠨ ᠳᠤ ᠺᠣᠮᠮᠤᠨᠢᠰᠲ᠋ᠤᠤᠳ ᠳᠡᠶᠢᠯᠵᠦ ᠢᠯᠠᠯᠲᠠ ᠪᠠᠶᠢᠭᠤᠯᠵᠠᠢ᠃

ᠤᠷᠲᠤ ᠬᠤᠭᠤᠴᠠᠭ᠎ᠠ ᠪᠠᠷ ᠦᠷᠭᠦᠯᠵᠢᠯᠡᠭᠰᠡᠨ ᠳᠠᠶᠢᠨ ᠳᠠᠭᠤᠰᠤᠭᠰᠠᠨ ᠤ ᠳᠠᠷᠠᠭ᠎ᠠ ᠸᠢᠶᠧᠲ᠋ᠨᠠᠮ ᠨᠢ ᠤᠯᠤᠰ ᠲᠥᠷᠥ ᠶᠢᠨ ᠬᠤᠪᠢ ᠳᠤ ᠲᠤᠰᠠᠭᠠᠷᠯᠠᠭᠳᠠᠭᠰᠠᠨ ᠪᠠᠶᠢᠨ᠎ᠠ᠃ ᠵᠠᠰᠠᠭ ᠤᠨ ᠭᠠᠵᠠᠷ ᠤᠨ ᠬᠢ ᠨᠢ ᠲᠥᠪᠯᠡᠷᠡᠭᠰᠡᠨ ᠲᠥᠯᠥᠪᠯᠡᠭᠡᠲᠦ ᠡᠳ᠋ ᠍ ᠦᠨ ᠵᠠᠰᠠᠭ ᠤᠨ ᠰᠢᠢᠳᠪᠦᠷᠢ ᠨᠦᠭᠦᠳ ᠨᠢ ᠳᠠᠶᠢᠨ ᠤ ᠳᠠᠷᠠᠭᠠᠬᠢ ᠪᠦᠲᠦᠭᠡᠨ ᠪᠠᠶᠢᠭᠤᠯᠤᠯᠲᠠ ᠶᠢ ᠰᠠᠭᠠᠲᠠᠭᠤᠯᠵᠤ᠂ ᠢᠯᠠᠭᠳᠠᠭᠰᠠᠨ ᠲᠠᠯ᠎ᠠ ᠳᠤ ᠬᠠᠨᠳᠤᠬᠤ ᠬᠠᠷᠢᠴᠠᠭ᠎ᠠ ᠨᠢ ᠡᠪᠯᠡᠷᠡᠬᠦ ᠪᠢᠰᠢ᠂ ᠳᠤᠷᠠᠭᠦᠶᠢᠴᠡᠯ ᠳᠦ ᠬᠦᠷᠭᠡᠵᠦ ᠪᠠᠶᠢᠪᠠ᠃ 1986 ᠣᠨ ᠳᠤ ᠡᠳ᠋ ᠍ ᠦᠨ ᠵᠠᠰᠠᠭ᠂ ᠤᠯᠤᠰ ᠲᠥᠷᠥ ᠶᠢᠨ ᠰᠢᠨᠡᠴᠢᠯᠡᠯ ᠬᠢᠵᠦ ᠣᠯᠠᠨ ᠤᠯᠤᠰ ᠤᠨ ᠢᠨᠲ᠋ᠧᠭᠷᠴᠴᠢᠯᠠᠯ ᠳᠤ ᠤᠷᠤᠯᠴᠠᠬᠤ ᠵᠠᠮ ᠳᠤ ᠰᠢᠯᠵᠢᠵᠡᠢ᠃ 2000 ᠣᠨ ᠭᠡᠬᠦ ᠳᠦ ᠶᠡᠬᠡᠩᠬᠢ ᠣᠷᠣᠨ ᠨᠤᠭᠤᠳ ᠲᠠᠢ ᠳ᠋ᠢᠫᠯᠣᠮᠠᠲ ᠬᠠᠷᠢᠴᠠᠭ᠎ᠠ ᠲᠣᠭᠲᠠᠭᠠᠭᠰᠠᠨ ᠪᠠᠶᠢᠪᠠ᠃ ᠰᠡᠭᠦᠯ ᠦᠨ ᠠᠷᠪᠠᠨ ᠵᠢᠯ ᠦᠨ ᠡᠳ᠋ ᠍ ᠦᠨ ᠵᠠᠰᠠᠭ ᠤᠨ ᠥᠰᠦᠯᠲᠡ ᠨᠢ ᠳᠡᠯᠡᠬᠡᠢ ᠳᠦ ᠬᠠᠮᠤᠭ ᠤᠨ ᠥᠨᠳᠥᠷ ᠲᠦ ᠲᠣᠭᠠᠴᠠᠭᠳᠠᠵᠤ ᠪᠠᠶᠢᠪᠠ᠃ ᠡᠨᠡᠬᠦ ᠬᠦᠴᠦᠨ ᠴᠢᠷᠮᠠᠶᠢᠯᠲᠠ ᠶᠢᠨ ᠢᠶᠠᠨ ᠬᠦᠷᠢᠶᠡᠨ ᠳᠦ 2007 ᠣᠨ ᠳᠤ ᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠ ᠳᠤ ᠡᠯᠰᠡᠵᠦ᠂ 2008 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠠᠶᠤᠯ ᠦᠭᠡᠢ ᠶᠢᠨ ᠵᠥᠪᠯᠡᠯᠡᠶᠢᠨ ᠪᠠᠶᠢᠩᠭᠤ ᠶᠢᠨ ᠪᠤᠰᠤ ᠭᠡᠰᠢᠭᠦᠨ ᠪᠣᠯᠵᠠᠢ᠃ᠪᠦᠭᠦᠳᠡ ᠨᠠᠶᠢᠷᠠᠮᠳᠠᠬᠤ ᠨᠡᠶᠢᠭᠡᠮ ᠵᠢᠷᠤᠮᠲᠤ ᠸᠢᠶᠧᠲ᠋ᠨᠠᠮ ᠤᠯᠤᠰ 1977 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠭᠡᠰᠢᠭᠦᠨ ᠪᠣᠯᠤᠭᠰᠠᠨ᠃ ᠣᠯᠠᠨ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ 63 ᠪᠠᠶᠢᠭᠤᠯᠤᠯᠭ᠎ᠠ ᠶᠢᠨ ᠭᠡᠰᠢᠭᠦᠨ᠂ ᠳᠡᠯᠡᠬᠡᠢ ᠶᠢᠨ 175 ᠣᠷᠣᠨ ᠲᠠᠢ ᠳ᠋ᠢᠫᠯᠣᠮᠠᠲ ᠬᠠᠷᠢᠯᠴᠠᠭ᠎ᠠ ᠲᠠᠢ᠂ 220 ᠤᠯᠤᠰ᠂ ᠡᠳ᠋ ᠍ ᠦᠨ ᠵᠠᠰᠠᠭ ᠲᠠᠢ ᠬᠤᠳᠠᠯᠳᠤᠭ᠎ᠠ᠂ ᠬᠥᠷᠥᠩᠭᠡ ᠣᠷᠣᠭᠤᠯᠤᠯᠲᠠ ᠶᠢᠨ ᠬᠠᠷᠢᠯᠴᠠᠭ᠎ᠠ ᠲᠠᠢ᠃ 1995 ᠣᠨ ᠳᠤ Association of South - East Asian Nations, 1998 ᠣᠨ ᠳᠤ Asia Pacific Economic Coopration ᠍ ᠳᠦ ᠭᠡᠰᠢᠭᠦᠨ ᠢᠶᠡᠷ ᠡᠯᠰᠡᠭᠰᠡᠨ᠃ ᠭᠡᠰᠢᠭᠦᠨ ᠪᠣᠯᠤᠭᠰᠠᠨ ᠪᠤᠰᠤᠳ ᠭᠣᠣᠯ ᠣᠯᠠᠨ ᠤᠯᠤᠰ ᠤᠨ ᠪᠠᠶᠢᠭᠤᠯᠤᠯᠭ᠎ᠠ:

- ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠲᠥᠷᠦᠯᠵᠢᠭᠰᠡᠨ ᠪᠠᠶᠢᠭᠤᠯᠤᠯᠭ᠎ᠠ ᠨᠤᠭᠤᠳ - ᠰᠡᠷᠭᠦᠭᠡᠨ ᠪᠣᠰᠬᠠᠯᠲᠠ ᠬᠥᠭᠵᠢᠯ ᠦᠨ ᠣᠯᠠᠨ ᠤᠯᠤᠰ ᠤᠨ ᠪᠠᠩᠬᠢ -ᠣᠯᠠᠨ ᠤᠯᠤᠰ ᠤᠨ ᠢᠷᠭᠡᠨ ᠦ ᠠᠭᠠᠷ ᠤᠨ ᠪᠠᠶᠢᠭᠤᠯᠤᠯᠭ᠎ᠠ -ᠣᠯᠠᠨ ᠤᠯᠤᠰ ᠤᠨ ᠸᠠᠯᠦᠲ᠋ᠠ ᠶᠢᠨ ᠰᠠᠨ᠂ -United Nations Educational Scientific and Cultural Organization -ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ -ᠣᠯᠠᠨ ᠤᠯᠤᠰ ᠤᠨ ᠳᠠᠯᠠᠢ ᠶᠢᠨ ᠪᠠᠶᠢᠭᠤᠯᠤᠯᠭ᠎ᠠ -ᠳᠡᠯᠡᠬᠡᠢ ᠶᠢᠨ ᠣᠶᠤᠨ ᠤ ᠥᠮᠴᠢ ᠶᠢᠨ ᠬᠣᠯᠪᠣᠭ᠎ᠠ -АХБ, -ᠠᠽᠢᠶ ᠠ᠂ ᠨᠣᠮᠣᠬᠠᠨ ᠳᠠᠯᠠᠢ ᠶᠢᠨ ᠡᠳ᠋ ᠍ ᠦᠨ ᠵᠠᠰᠠᠭ᠂ ᠨᠡᠶᠢᠭᠡᠮ ᠤᠨ ᠺᠣᠮᠢᠰ -ᠡᠪᠰᠡᠯᠳᠦ ᠦᠯᠦ ᠨᠢᠭᠡ ᠳᠦ ᠬᠢ ᠬᠥᠳᠡᠯᠭᠡᠭᠡᠨ᠃

ᠸᠢᠶᠧᠲ᠋ᠨᠠᠮ 1989 ᠣᠨ ᠠᠴᠠ ᠺᠠᠮᠪᠤᠵᠠ ᠠᠴᠠ ᠴᠡᠷᠢᠭ ᠢᠶᠡᠨ ᠲᠠᠲᠠᠵᠤ ᠡᠬᠢᠯᠡᠭᠰᠡᠨ ᠪᠥᠭᠡᠳ ᠭᠠᠳᠠᠭᠠᠳᠤ ᠪᠣᠳᠣᠯᠭ᠎ᠠ ᠪᠠᠨ ᠢᠯᠡᠭᠦᠦ ᠨᠡᠭᠡᠭᠡᠯᠲᠡ ᠲᠡᠢ ᠪᠣᠯᠭᠠᠵᠠᠢ᠃ ᠸᠢᠶᠧᠲ᠋ᠨᠠᠮ ᠤᠯᠤᠰ ᠵᠥᠪᠯᠡᠯᠲᠦ ᠬᠣᠯᠪᠣᠭᠠᠲᠤ ᠤᠯᠤᠰ ᠪᠣᠯᠤᠨ ᠵᠡᠭᠦᠨ ᠧᠦ᠋ᠷᠣᠫᠠ ᠶᠢᠨ ᠣᠷᠣᠨ ᠨᠤᠭᠤᠳ ᠲᠠᠢ ᠪᠠᠷᠢᠮᠲᠠᠯᠠᠵᠤ ᠪᠠᠶᠢᠭᠰᠠᠨ ᠴᠢᠭ ᠱᠤᠭᠤᠮ ᠢᠶᠠᠨ ᠬᠠᠳᠠᠭᠠᠯᠠᠬᠤ ᠶᠢᠨ ᠰᠠᠴᠠᠭᠤ ᠥᠷᠥᠨᠡᠲᠦ ᠧᠦ᠋ᠷᠣᠫᠠ ᠪᠣᠯᠤᠨ ᠠᠽᠢᠶ᠎ᠠ ᠶᠢᠨ ᠬᠥᠭᠵᠢᠵᠦ ᠪᠤᠢ ᠣᠷᠣᠨ ᠨᠤᠭᠤᠳ ᠲᠠᠢ ᠥᠷᠭᠡᠨ ᠬᠠᠷᠢᠯᠴᠠᠭ᠎ᠠ ᠲᠠᠢ ᠪᠠᠶᠢᠬᠤ ᠵᠠᠷᠴᠢᠮ ᠢ ᠪᠠᠷᠢᠮᠲᠠᠯᠠᠬᠤ ᠪᠣᠯᠤᠭᠰᠠᠨ᠃ 1994 ᠣᠨ ᠭᠡᠬᠦ ᠳᠦ ᠸᠢᠶᠧᠲ᠋ᠨᠠᠮ ᠤᠨ ᠬᠤᠳᠠᠯᠳᠤᠭᠠᠨ ᠤ 5 ᠲᠣᠮᠣ ᠲᠦᠩᠰᠢ ᠨᠢ ᠪᠦᠭᠦᠳᠡ ᠠᠽᠢᠶ᠎ᠠ ᠶᠢᠨ ᠣᠷᠣᠨ ᠨᠤᠭᠤᠳ ᠪᠣᠯᠤᠭᠰᠠᠨ ᠪᠠᠶᠢᠪᠠ᠃ ᠡᠭᠦᠨ ᠳᠦ: ᠶᠠᠫᠣᠨ᠂ ᠰᠢᠩᠭᠠᠫᠦᠷ᠂ ᠬᠣᠩ ᠢ ᠺᠣᠩ᠂ ᠡᠮᠦᠨᠡᠲᠦ ᠰᠣᠯᠣᠩᠭᠣᠰ᠂ ᠬᠢᠲᠠᠳ ᠣᠷᠣᠵᠤ ᠪᠠᠶᠢᠨ᠎ᠠ᠃

ᠸᠢᠶᠧᠲ᠋ᠨᠠᠮ ᠤᠯᠤᠰ ᠳᠡᠯᠡᠬᠡᠢ ᠶᠢᠨ ᠪᠦᠬᠦ ᠤᠯᠤᠰ ᠲᠠᠢ ᠤᠯᠤᠰ ᠲᠥᠷᠥ᠂ ᠨᠡᠶᠢᠭᠡᠮ ᠤᠨ ᠲᠣᠭᠲᠠᠯᠴᠠᠭᠠᠨ ᠤ ᠬᠡᠯᠪᠡᠷᠢ ᠶᠢ ᠦᠯᠦ ᠬᠠᠷᠠᠭᠠᠯᠵᠠᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠠᠨ ᠲᠤᠰᠠᠭᠠᠷ ᠲᠣᠭᠲᠠᠨᠢᠯ᠂ ᠪᠦᠷᠢᠨ ᠡᠷᠬᠡᠲᠦ ᠪᠠᠶᠢᠳᠠᠯ᠂ ᠭᠠᠵᠠᠷ ᠨᠤᠲᠤᠭ ᠤᠨ ᠪᠦᠷᠢᠨ ᠪᠦᠲᠦᠨ ᠪᠠᠶᠢᠳᠠᠯ ᠢ ᠬᠦᠨᠳᠦᠳᠭᠡᠬᠦ᠂ ᠳᠣᠲᠣᠭᠠᠳᠤ ᠶᠢᠨ ᠬᠡᠷᠡᠭ ᠲᠦ ᠦᠯᠦ ᠤᠷᠤᠯᠴᠠᠬᠤ᠂ ᠬᠠᠷᠢᠯᠴᠠᠨ ᠠᠳᠠᠯᠢ᠂ ᠬᠠᠷᠢᠯᠴᠠᠨ ᠠᠰᠢᠭᠲᠠᠢ ᠪᠠᠶᠢᠬᠤ ᠵᠠᠷᠴᠢᠮ ᠤᠳ ᠤᠨ ᠦᠨᠳᠦᠰᠦᠨ ᠳᠡᠭᠡᠷ᠎ᠡ ᠥᠷᠭᠡᠵᠢᠭᠦᠯᠦᠨ ᠬᠥᠭᠵᠢᠭᠦᠯᠬᠦ᠂ ᠰᠣᠴᠢᠶᠠᠯᠢᠰᠲᠤ ᠣᠷᠣᠨ ᠨᠤᠭᠤᠳ ᠪᠣᠯᠤᠨ ᠬᠥᠷᠰᠢ ᠣᠷᠣᠨ ᠨᠤᠭᠤᠳ ᠲᠠᠢ ᠡᠪ ᠨᠢᠭᠡᠳᠦᠯ᠂ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠬᠦ ᠶᠢ ᠡᠷᠡᠮᠡᠯᠵᠡᠭᠢᠭ᠍ᠰᠡᠨ᠂ ᠡᠩᠬᠡᠲᠠᠶᠢᠪᠤᠩ᠂ ᠦᠨᠳᠦᠰᠦᠨ ᠦ ᠲᠤᠰᠠᠭᠠᠷ ᠲᠣᠭᠲᠠᠨᠢᠯ᠂ ᠠᠷᠠᠳᠴᠢᠯᠠᠯ᠂ ᠨᠡᠶᠢᠭᠡᠮ ᠤᠨ ᠳᠡᠪᠰᠢᠯ ᠦᠨ ᠲᠥᠯᠦᠭᠡᠬᠢ ᠳᠡᠯᠡᠬᠡᠢ ᠶᠢᠨ ᠠᠷᠠᠳ ᠲᠦᠮᠡᠨ ᠨᠦᠭᠦᠳ ᠦᠨ ᠨᠡᠶᠢᠲᠡᠯᠢᠭ ᠦᠢᠯᠡᠰ᠂ ᠬᠦᠴᠦᠨ ᠴᠢᠷᠮᠠᠶᠢᠯᠲᠠ ᠶᠢ ᠢᠳᠡᠪᠬᠢᠲᠡᠢ ᠳᠡᠮᠵᠢᠵᠦ᠂ ᠤᠷᠤᠯᠴᠠᠬᠤ ᠴᠢᠭᠯᠡᠯ ᠢᠶᠡᠷ ᠡᠩᠬᠡᠲᠠᠶᠢᠪᠤᠩ᠂ ᠨᠠᠶᠢᠷᠠᠮᠳᠠᠯᠲᠤ ᠬᠠᠷᠢᠯᠴᠠᠭ᠎ᠠ ᠶᠢ ᠡᠷᠬᠢᠮᠯᠡᠭᠰᠡᠨ ᠭᠠᠳᠠᠭᠠᠳᠤ ᠪᠣᠳᠣᠯᠭ᠎ᠠ ᠶᠠᠪᠤᠭᠤᠯᠤᠨ᠎ᠠ ᠭᠡᠵᠦ ᠪᠦᠭᠦᠳᠡ ᠨᠠᠶᠢᠷᠠᠮᠳᠠᠬᠤ ᠰᠣᠴᠢᠶᠠᠯᠢᠰᠲᠤ ᠸᠢᠶᠧᠲ᠋ᠨᠠᠮ ᠤᠯᠤᠰ ᠤᠯᠤᠰ ᠤᠨ ᠦᠨᠳᠦᠰᠦᠨ ᠬᠠᠤᠯᠢ ᠶᠢᠨ 14 ᠳᠦᠭᠡᠷ ᠵᠦᠢᠯ ᠳᠦ ᠲᠣᠳᠣᠷᠬᠠᠶᠢᠯᠠᠭᠰᠠᠨ ᠪᠠᠶᠢᠨ᠎ᠠ᠃

ᠸᠢᠶᠧᠲ᠋ᠨᠠᠮ ᠪᠣᠯᠤᠨ ᠲᠡᠭᠦᠨ ᠦ ᠬᠥᠷᠰᠢ ᠨᠦᠭᠦᠳ ᠦᠨ ᠬᠣᠭᠣᠷᠣᠨᠳᠣ ᠭᠠᠷᠳᠠᠭ ᠭᠠᠵᠠᠷ ᠨᠤᠲᠤᠭ ᠤᠨ ᠮᠠᠷᠭᠤᠭᠠᠨ ᠲᠠᠢ ᠠᠰᠠᠭᠤᠳᠠᠯ ᠪᠣᠯ ᠡᠮᠦᠨᠡᠲᠦ ᠬᠢᠲᠠᠳ ᠤᠨ ᠲᠡᠩᠭᠢᠰ ᠳ᠋ᠡᠬᠢ ᠰᠫᠯ᠂ ᠫᠠᠷᠠᠰᠧᠯ ᠦᠨ ᠠᠷᠠᠯ ᠤᠳ ᠶᠤᠮ᠃ ᠸᠢᠶᠧᠲ᠋ᠨᠠᠮ᠂ ᠬᠢᠲᠠᠳ᠂ ᠹᠢᠯᠢᠫᠫᠠᠨ᠂ ᠮᠠᠯᠠᠶᠢᠽ᠂ ᠲᠠᠶᠢᠪᠠᠨᠢ᠂ ᠢᠨᠳᠥᠶᠢᠨᠧᠽ᠂ ᠪᠷᠦᠨᠧᠢ ᠤᠯᠤᠰ ᠤᠳ ᠲᠤᠰ ᠠᠷᠠᠯ ᠢ ᠪᠦᠬᠦᠯᠢ ᠳᠦ ᠨᠢ ᠡᠰᠡᠪᠡᠯ ᠬᠡᠰᠡᠭᠴᠢᠯᠡᠨ ᠥᠪᠡᠷᠰᠡᠳ ᠦᠨ ᠭᠠᠵᠠᠷ ᠨᠤᠲᠤᠭ ᠤᠨ ᠬᠡᠰᠡᠭ ᠬᠡᠮᠡᠨ ᠦᠵᠡᠳᠡᠭ᠃

1970 ᠍ ᠊ᠭᠠᠳ ᠣᠨ ᠤ ᠳᠤᠮᠳᠠ ᠦᠶᠡᠰ ᠸᠢᠶᠧᠲ᠋ᠨᠠᠮᠴᠢ ᠨᠤᠭᠤᠳ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠢ ᠬᠡᠲᠦ ᠳᠠᠭᠠᠬᠤ ᠪᠣᠯᠤᠭᠰᠠᠨ᠂ ᠺᠠᠮᠪᠣᠵᠢᠳ ᠴᠡᠷᠢᠭ ᠢᠶᠡᠨ ᠣᠷᠣᠭᠤᠯᠤᠭᠰᠠᠨ ᠢ ᠳᠤᠮᠳᠠᠳᠤ ᠤᠯᠤᠰ ᠲᠠᠭᠠᠰᠢᠶᠠᠭ᠎ᠠ ᠦᠭᠡᠢ ᠶᠢᠨ ᠤᠯᠠᠮ ᠠᠴᠠ ᠸᠢᠶᠧᠲ᠋ᠨᠠᠮ-ᠬᠢᠲᠠᠳ ᠤᠨ ᠬᠠᠷᠢᠯᠴᠠᠭ᠎ᠠ ᠮᠠᠭᠤᠳᠠᠵᠤ ᠡᠬᠢᠯᠡᠭᠰᠡᠨ᠃ 1978 ᠣᠨ ᠤ 3 ᠳ᠋ᠤᠭᠠᠷ ᠰᠠᠷ᠎ᠠ ᠠᠴᠠ ᠬᠢᠲᠠᠳ ᠸᠢᠶᠧᠲ᠋ᠨᠠᠮ ᠳᠤ ᠣᠯᠭᠤᠵᠤ ᠪᠠᠶᠢᠭᠰᠠᠨ ᠡᠳ᠋ ᠍ ᠦᠨ ᠵᠠᠰᠠᠭ ᠤᠨ ᠲᠤᠰᠠᠯᠠᠮᠵᠢ ᠪᠠᠨ ᠪᠦᠷᠢᠨ ᠵᠣᠭᠰᠣᠭᠠᠭᠰᠠᠨ᠃

1991 ᠣᠨ ᠳᠤ ᠸᠢᠶᠧᠲ᠋ᠨᠠᠮ᠂ ᠬᠢᠲᠠᠳ ᠤᠨ ᠠᠯᠪᠠᠨ ᠶᠣᠰᠣᠨ ᠤ ᠳ᠋ᠢᠫᠯᠣᠮᠠᠲ ᠬᠠᠷᠢᠯᠴᠠᠭ᠎ᠠ ᠳᠠᠬᠢᠨ ᠰᠡᠷᠭᠦᠭᠰᠡᠨ᠃ ᠡᠳᠦᠭᠡ ᠬᠢᠲᠠᠳ ᠨᠢ ᠸᠢᠶᠧᠲ᠋ᠨᠠᠮ ᠤᠨ ᠭᠠᠳᠠᠭᠠᠳᠤ ᠬᠤᠳᠠᠯᠳᠤᠭᠠᠨ ᠤ ᠭᠤᠷᠪᠠ ᠳᠤ ᠬᠢ ᠲᠦᠩᠰᠢ ᠪᠣᠯᠤᠭᠰᠠᠨ ᠪᠥᠭᠡᠳ ᠲᠡᠳᠡ ᠴᠢᠨᠠᠭᠰᠢᠳᠠ ᠶᠢᠨ ᠬᠠᠷᠢᠯᠴᠠᠭᠠᠨ ᠤ ᠪᠠᠨ ᠴᠠᠷ᠎ᠠ ᠬᠦᠷᠢᠶ᠎ᠡ ᠶᠢ ᠨᠠᠶᠢᠷᠰᠠᠭ ᠢᠶᠠᠷ ᠬᠥᠷᠰᠢ ᠵᠡᠷᠭᠡᠯᠡᠳᠡᠭᠡ ᠣᠷᠣᠰᠢᠵᠤ᠂ ᠤᠷᠳᠤ ᠤᠳᠠᠭᠠᠨ ᠲᠣᠭᠲᠠᠪᠤᠷᠢᠲᠠᠢ ᠪᠦᠬᠦ ᠲᠠᠯ᠎ᠠ ᠪᠠᠷ ᠬᠠᠮᠲᠤᠷᠠᠨ ᠠᠵᠢᠯᠯᠠᠵᠤ᠂ ᠢᠷᠡᠭᠡᠳᠦᠢ ᠳᠦ ᠬᠦᠷᠬᠦ ᠭᠡᠵᠦ ᠲᠣᠳᠣᠷᠬᠠᠶᠢᠯᠠᠵᠤ ᠪᠠᠶᠢᠨ᠎ᠠ᠃ ᠬᠣᠶᠠᠷ ᠣᠷᠣᠨ ᠤᠤᠳᠤᠷᠢᠳᠤᠭᠴᠢᠳ᠂ ᠨᠠᠮ ᠤᠨ ᠳᠠᠷᠤᠭ᠎ᠠ ᠨᠠᠷ ᠬᠠᠷᠢᠯᠴᠠᠨ ᠠᠶᠢᠯᠴᠢᠯᠠᠯ ᠬᠢᠵᠦ᠂ XXI ᠵᠠᠭᠤᠨ ᠳᠤ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠠᠨ ᠬᠥᠭᠵᠢᠭᠦᠯᠦᠨ ᠪᠡᠬᠢᠵᠢᠭᠦᠯᠬᠦ ᠶᠢᠨ ᠲᠥᠯᠥᠭᠡ ᠪᠠᠶᠢᠭ᠎ᠠ ᠪᠠᠨ ᠨᠣᠲᠠᠯᠠᠭᠰᠠᠨ᠃

1995 ᠣᠨ ᠤ 7 ᠳ᠋ᠤᠭᠠᠷ ᠰᠠᠷ᠎ᠠ ᠶᠢᠨ 11 ᠍ ᠳᠦ ᠶᠡᠷᠦᠩᠬᠡᠶᠢᠯᠡᠭᠴᠢ ᠪ᠃ᠺᠯᠢᠨᠳᠣᠨ ᠸᠢᠶᠧᠲ᠋ᠨᠠᠮ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠢᠶᠠᠨ ᠵᠠᠷᠯᠠᠭᠰᠠᠨ᠃ ᠮᠥᠨ ᠣᠨ ᠤ 8 ᠳ᠋ᠤᠭᠠᠷ ᠰᠠᠷ᠎ᠠ ᠳᠤ ᠲᠤᠰ ᠬᠣᠶᠠᠷ ᠣᠷᠣᠨ ᠡᠯᠴᠢᠨ ᠰᠠᠶᠢᠳ ᠤᠨ ᠶᠠᠮᠤ ᠪᠠᠨ ᠬᠠᠷᠢᠯᠴᠠᠨ ᠨᠡᠭᠡᠭᠡᠭᠰᠡᠨ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠵᠦᠭ ᠡᠴᠡ ᠣᠯᠵᠠᠯᠠᠭᠳᠠᠭᠰᠠᠳ᠂ ᠰᠤᠷᠠᠭ ᠦᠭᠡᠢ ᠪᠣᠯᠤᠭᠴᠢᠳ ᠤᠨ ᠠᠰᠠᠭᠤᠳᠠᠯ ᠢᠶᠠᠷ ᠸᠢᠶᠧᠲ᠋ᠨᠠᠮ ᠲᠠᠢ ᠬᠠᠮᠲᠤᠷᠠᠨ ᠠᠵᠢᠯᠯᠠᠵᠤ᠂ ᠡᠨᠡ ᠠᠵᠢᠯ ᠤᠨᠨ ᠶᠠᠪᠤᠴᠠ ᠠᠮᠵᠢᠯᠲᠠᠢ ᠪᠠᠶᠢᠭᠰᠠᠨ ᠲᠤᠯᠠ 1994 ᠣᠨ ᠳᠤ ᠸᠢᠶᠧᠲ᠋ᠨᠠᠮ ᠳᠤ ᠲᠠᠯᠪᠢᠵᠤ ᠪᠠᠶᠢᠭᠰᠠᠨ ᠬᠤᠳᠠᠯᠳᠤᠭᠠᠨ ᠤ ᠬᠣᠷᠢᠭ ᠢᠶᠠᠨ ᠴᠤᠴᠠᠯᠠᠭᠰᠠᠨ᠃ ᠥᠨᠥᠳᠥᠷ ᠠᠮᠧᠷᠢᠺᠠ ᠶᠢᠨ ᠨᠢᠭᠡᠳᠦᠭᠰᠡᠨ ᠤᠯᠤᠰ ᠸᠢᠶᠧᠲ᠋ᠨᠠᠮ ᠳᠤ ᠣᠷᠣᠭᠤᠯᠵᠤ ᠪᠤᠢ ᠬᠥᠷᠥᠩᠭᠡ ᠣᠷᠣᠭᠤᠯᠤᠯᠲᠠ ᠶᠢᠨ ᠢᠶᠠᠨ ᠬᠡᠮᠵᠢᠶ᠎ᠡ ᠪᠡᠷ ᠡᠬᠢᠨ ᠦ 8 ᠣᠷᠣᠨ ᠤ ᠲᠣᠭᠠᠨ ᠳᠤ ᠣᠷᠣᠵᠤ ᠪᠠᠶᠢᠨ᠎ᠠ᠃

2001 ᠣᠨ ᠤ 9 ᠳᠦᠭᠡᠷ ᠰᠠᠷ᠎ᠠ ᠶᠢᠨ 6 ᠍ ᠳᠦ ᠸᠢᠶᠧᠲ᠋ᠨᠠᠮ-ᠠᠮᠧᠷᠢᠺᠠ ᠶᠢᠨ ᠬᠤᠳᠠᠯᠳᠤᠭᠠᠨ ᠤ ᠬᠡᠯᠡᠯᠴᠡᠭᠡᠷ ᠬᠦᠴᠦᠨ ᠲᠡᠭᠦᠯᠳᠡᠷ ᠪᠣᠯᠤᠭᠰᠠᠨ᠃

2001 ᠣᠨ ᠳᠤ ᠣᠷᠣᠰ ᠬᠣᠯᠪᠣᠭᠠᠨ ᠤ ᠤᠯᠤᠰ ᠤᠨ ᠲᠥᠷᠥ ᠶᠢᠨ ᠲᠡᠷᠢᠭᠦᠨ ᠪᠤᠶᠤ ᠶᠡᠷᠦᠩᠬᠡᠶᠢᠯᠡᠭᠴᠢ ᠸ᠃ ᠫᠦ᠋ᠲ᠋ᠢᠨ ᠤ ᠠᠩᠬ᠎ᠠ ᠤᠳᠤᠭ᠎ᠠ ᠪᠠᠨ ᠸᠢᠶᠧᠲ᠋ᠨᠠᠮ ᠳᠤ ᠬᠢᠭᠰᠡᠨ ᠠᠶᠢᠯᠴᠢᠯᠠᠯ ᠨᠢ ᠬᠣᠶᠠᠷ ᠣᠷᠣᠨ ᠤ ᠬᠠᠷᠢᠯᠴᠠᠭ᠎ᠠ ᠶᠢ ᠰᠢᠨ᠎ᠡ ᠮᠢᠩᠭᠠᠨ ᠳᠤ ᠬᠥᠭᠵᠢᠭᠦᠯᠬᠦ ᠳᠤ ᠴᠢᠭᠯᠡᠭᠰᠡᠨ᠂ ᠬᠠᠷᠢᠯᠴᠠᠭᠠᠨ ᠤ ᠰᠢᠨ᠎ᠡ ᠰᠠᠭᠤᠷᠢ ᠲᠠᠯᠪᠢᠵᠤ ᠥᠭᠴᠦ ᠪᠠᠶᠢᠭ᠎ᠠ ᠪᠠᠷ ᠢᠶᠠᠨ ᠣᠨᠴᠠᠯᠢᠭ ᠶᠤᠮ ᠭᠡᠵᠦ ᠪᠦᠭᠦᠳᠡ ᠨᠠᠶᠢᠷᠠᠮᠳᠠᠬᠤ ᠰᠣᠴᠢᠶᠠᠯᠢᠰᠲᠤ ᠸᠢᠶᠧᠲ᠋ᠨᠠᠮ ᠤᠯᠤᠰ ᠤᠨ ᠶᠡᠷᠦᠩᠬᠡᠶᠢᠯᠡᠭᠴᠢ ᠴᠢᠨ ᠳ ᠤᠺ ᠯ ᠤᠣᠩ ᠢ ᠣᠷᠣᠰ ᠤᠨ ᠦᠨᠳᠦᠰᠦᠨ ᠦ ᠷᠠᠳᠢᠣ᠋, ᠲᠧᠯᠧᠸᠢᠽ ᠳᠦ ᠥᠭᠭᠦᠭᠰᠡᠨ ᠶᠠᠷᠢᠯᠴᠠᠯᠭ᠎ᠠ ᠳᠤ ᠪᠠᠨ ᠲᠡᠮᠳᠡᠭᠯᠡᠭᠰᠡᠨ᠃ᠸᠢᠶᠧᠲ᠋ᠨᠠᠮ ᠤᠨ ᠤᠯᠤᠰ ᠤᠨ ᠨᠡᠶᠢᠲᠡ ᠲᠥᠰᠥᠪ ᠦᠨ 27-29% ᠍ ᠢ ᠭᠠᠵᠠᠷ ᠤᠨ ᠲᠣᠰᠣ᠂ ᠪᠠᠶᠢᠭᠠᠯᠢ ᠶᠢᠨ ᠬᠡᠢ ᠶᠢᠨ ᠰᠠᠯᠪᠤᠷᠢ ᠦᠢᠯᠡᠳᠪᠦᠷᠢᠯᠡᠵᠦ ᠭᠠᠷᠭᠠᠳᠠᠭ ᠪᠥᠭᠡᠳ ᠸᠢᠶᠧᠲ᠋ᠨᠠᠮ᠂ ᠣᠷᠣᠰ ᠬᠣᠯᠪᠣᠭᠠᠨ ᠤ ᠤᠯᠤᠰ ᠤᠨ ᠬᠠᠮᠲᠤᠷᠠᠭᠰᠠᠨ ᠸᠢᠶᠧᠲ᠋ᠴᠠᠪᠫᠧᠲ᠋ᠷᠣ᠋ ᠭᠠᠵᠠᠷ ᠤᠨ ᠲᠣᠰᠤᠨ ᠤ ᠬᠠᠮᠲᠤᠷᠠᠭᠰᠠᠨ ᠦᠢᠯᠡᠳᠪᠦᠷᠢ 80% ᠍ ᠶᠢ ᠨᠢ ᠦᠢᠯᠡᠳᠪᠦᠷᠢᠯᠡᠳᠡᠭ ᠪᠠᠶᠢᠨ᠎ᠠ᠃ ᠲᠤᠰ ᠦᠢᠯᠡᠳᠪᠦᠷᠢ 1981/ᠠᠩᠬ᠎ᠠ ᠠᠰᠢᠭᠯᠠᠯᠲᠠᠨ ᠳᠤ ᠣᠷᠣᠭᠰᠠᠨ/-2005 ᠣᠨ ᠳᠤ ᠨᠡᠶᠢᠲᠡ 150 ᠰᠠᠶ᠎ᠠ ᠲᠣᠨ ᠴᠢᠯᠠᠭᠣᠨ ᠲᠣᠰᠣ ᠣᠯᠵᠠᠪᠤᠷᠢᠯᠠᠵᠠᠢ᠃

ᠣᠷᠣᠰ ᠬᠣᠯᠪᠣᠭᠠᠨ ᠤ ᠤᠯᠤᠰ ᠸᠢᠶᠧᠲ᠋ᠨᠠᠮ ᠳᠤ ᠨᠡᠶᠢᠲᠡ ᠳᠦ ᠪᠡᠨ 1,7 ᠲᠡᠷᠡ ᠪᠤᠮ ᠠᠮᠠ᠃ᠳ᠋ᠣᠯᠯᠠᠷ ᠤᠨ ᠬᠥᠷᠥᠩᠭᠡ ᠣᠷᠣᠭᠤᠯᠤᠭᠰᠠᠨ᠃ ᠬᠤᠳᠠᠯᠳᠠaᠨ ᠤ ᠡᠷᠭᠢᠯᠲᠡ 2005 ᠣᠨ ᠳᠤ 1,100 ᠲᠡᠷᠪᠤᠮ ᠠᠮᠠ᠃ᠳ᠋ᠣᠯᠯᠠᠷ ᠲᠤ ᠬᠦᠷᠴᠦ᠂ ᠡᠺᠰᠫᠣᠷᠲ ᠤᠨ ᠡᠷᠭᠢᠯᠲᠡ 255 ᠰᠠᠶ᠎ᠠ ᠠᠮᠠ᠃ᠳ᠋ᠣᠯᠯᠠᠷ ᠲᠤ ᠬᠦᠷᠴᠡᠢ᠃

1990 ᠣᠨ ᠤ ᠡᠬᠢᠨ ᠦᠶᠡᠰ ᠸᠢᠶᠧᠲ᠋ᠨᠠᠮ-ᠶᠠᠫᠣᠨ ᠤ ᠬᠠᠷᠢᠯᠴᠠᠭ᠎ᠠ ᠡᠷᠴᠢᠮᠲᠡᠢ ᠬᠥᠭᠵᠢᠵᠦ ᠡᠬᠢᠯᠡᠭᠰᠡᠨ ᠪᠠᠶᠢᠨ᠎ᠠ᠃ ᠬᠠᠷᠢᠯᠴᠠᠨ ᠣᠶᠢᠯᠠᠭᠠᠯᠴᠠᠬᠤ ᠶᠠᠪᠤᠳᠠᠯ ᠢ ᠪᠡᠬᠢᠵᠢᠭᠦᠯᠦᠭᠰᠡᠨ ᠢᠶᠡᠷ ᠪᠦᠬᠦ ᠲᠠᠯ᠎ᠠ ᠶᠢᠨ ᠬᠠᠮᠲᠤ ᠶᠢᠨ ᠠᠵᠢᠯᠯᠠᠭᠠᠨ ᠳᠤ ᠬᠦᠷᠦᠭᠰᠡᠨ ᠪᠥᠭᠡᠳ ᠡᠨᠡ ᠨᠢ ᠬᠣᠶᠠᠷ ᠤᠯᠤᠰ ᠤᠨ 30 ᠵᠢᠯ ᠦᠨ ᠬᠠᠷᠢᠯᠴᠠᠭᠠᠨ ᠤ ᠬᠠᠮᠤᠭ ᠤᠨ ᠭᠣᠣᠯ ᠦᠷ᠎ᠡ ᠳ᠋ᠦᠩ ᠭᠡᠵᠦ ᠸᠢᠶᠧᠲ᠋ᠨᠠᠮᠴᠢ ᠨᠤᠭᠤᠳ ᠲᠣᠳᠣᠷᠬᠠᠶᠢᠯᠠᠳᠠᠭ᠃ ᠸᠢᠶᠧᠲ᠋ᠨᠠᠮ- ᠶᠠᠫᠣᠨ ᠤ ᠬᠠᠷᠢᠯᠴᠠᠭ᠎ᠠ ᠲᠣᠭᠲᠠᠪᠤᠷᠢᠲᠠᠢ ᠬᠥᠭᠵᠢᠵᠦ ᠢᠷᠡᠭᠰᠡᠨ ᠪᠥᠭᠡᠳ ᠢᠯᠠᠩᠭᠤᠶ᠎ᠠ᠂ ᠰᠡᠭᠦᠯ ᠦᠨ ᠵᠢᠯ ᠤᠨᠳ ᠲᠤ ᠡᠷᠴᠢᠮᠲᠡᠢ ᠥᠰᠦᠨ ᠨᠡᠮᠡᠭᠳᠡᠭᠰᠡᠨ᠃ ᠬᠣᠶᠠᠷ ᠣᠷᠣᠨ ᠤ ᠬᠣᠭᠣᠷᠣᠨᠳᠣ ᠥᠨᠳᠥᠷ᠂ ᠳᠡᠭᠡᠳᠦ ᠬᠡᠮᠵᠢᠶᠡᠨ ᠦ ᠠᠶᠢᠯᠴᠢᠯᠠᠯ ᠤᠳ ᠲᠣᠭᠲᠠᠮᠠᠯᠵᠢᠭ᠌ᠰᠠᠨ᠃ ᠲᠤᠬᠠᠶᠢᠯᠠᠪᠠᠯ᠂ 1993 ᠣᠨ ᠠᠴᠠ ᠬᠣᠶᠢᠰᠢ ᠶᠠᠫᠣᠨ ᠤ ᠳᠥᠷᠪᠡᠨ ᠶᠡᠷᠦᠩᠬᠡᠢ ᠰᠠᠶᠢᠳ ᠸᠢᠶᠧᠲ᠋ᠨᠠᠮ ᠳᠤ᠂ ᠸᠢᠶᠧᠲ᠋ᠨᠠᠮ ᠤᠨ ᠬᠣᠶᠠᠷ ᠶᠡᠷᠦᠩᠬᠡᠢ ᠨᠠᠷᠢᠨ ᠪᠢᠴᠢᠭ ᠦᠨ ᠳᠠᠷᠤᠭ᠎ᠠ᠂ ᠬᠣᠶᠠᠷ ᠶᠡᠷᠦᠩᠬᠡᠢ ᠰᠠᠶᠢᠳ ᠶᠠᠫᠣᠨ ᠳᠤ ᠠᠶᠢᠯᠴᠢᠯᠠᠵᠠᠢ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠶᠧᠲ᠋ᠨᠠᠮ 332,210 ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ᠂ ᠺᠣᠲ᠋ᠤᠳ᠋ᠢᠪᠤᠸᠠᠷᠠ ᠠᠴᠠ ᠠᠷᠠᠢ ᠲᠣᠮᠣ ᠪᠤᠶᠤ ᠳᠡᠯᠡᠬᠡᠢ ᠶᠢᠨ 68 ᠍ ᠳᠦᠭᠡᠷ ᠲᠣᠮᠣ ᠣᠷᠣᠨ ᠶᠤᠮ᠃

ᠹᠢᠽᠢᠺ ᠭᠠᠵᠠᠷ ᠵᠦᠢ ᠶᠢᠨ ᠵᠢᠷᠤᠭ

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠢᠳᠤ ᠥᠷᠭᠡᠷᠢᠭ ᠦᠨ 8° — 24° (ᠮᠡᠯᠡᠬᠡᠢ ᠶᠢᠨ ᠵᠠᠮ ᠡᠺᠸᠠᠲ᠋ᠣᠷ ᠬᠣᠶᠠᠷ ᠤᠨ ᠳᠤᠮᠳᠠ), ᠵᠡᠭᠦᠨ ᠤᠷᠲᠤᠷᠢᠭ ᠤᠨ 102° — 110° ᠳᠣᠲᠣᠷ᠎ᠠ ᠵᠡᠭᠦᠨ ᠡᠮᠦᠨᠡᠲᠦ ᠠᠽᠢᠶ᠎ᠠ ᠪᠣᠯᠤᠨ ᠡᠨᠡᠳᠬᠡᠭ-ᠳᠤᠮᠳᠠᠳᠤ ᠶᠢᠨ ᠬᠣᠶᠢᠭᠡᠶᠢᠨ ᠳᠣᠷᠣᠨᠠᠲᠤ ᠡᠷᠭᠢ ᠶᠢ ᠳᠠᠭᠠᠨ᠂ ᠤᠮᠠᠷᠠᠳᠤ ᠠᠴᠠ ᠡᠮᠦᠨᠡᠲᠦ ᠬᠦᠷᠲᠡᠯ᠎ᠡ 1650 ᠺᠢᠯᠣᠮᠧᠲ᠋ᠷ ᠤᠷᠲᠤ᠂ ᠬᠥᠨᠳᠡᠯᠡᠨ 50-600 ᠺᠢᠯᠣᠮᠧᠲ᠋ᠷ ᠨᠠᠷᠢᠨ S ᠮᠠᠶ᠋ᠢᠭ ᠤᠨ ᠬᠡᠯᠪᠡᠷᠢ ᠲᠡᠢ ᠣᠷᠣᠰᠢᠳᠠᠭ᠃ ᠪᠠᠷᠠᠭᠤᠨ ᠲᠠᠯ᠎ᠠ ᠪᠠᠷ ᠢᠶᠠᠨ ᠺᠠᠮᠪᠤᠵᠠ (1228 ᠺᠢᠯᠣᠮᠧᠲ᠋ᠷ ᠬᠢᠯᠢ), ᠯᠠᠤᠤ (2130 ᠺᠢᠯᠣᠮᠧᠲ᠋ᠷ), ᠬᠣᠶᠢᠳᠤ ᠲᠠᠯ᠎ᠠ ᠪᠠᠷ ᠢᠶᠠᠨ ᠬᠢᠲᠠᠳ (1281 ᠺᠢᠯᠣᠮᠧᠲ᠋ᠷ) ᠤᠯᠤᠰ ᠲᠠᠢ ᠬᠢᠯᠢᠯᠡᠵᠦ ᠵᠡᠭᠦᠨ ᠲᠠᠯ᠎ᠠ ᠪᠠᠷ ᠢᠶᠠᠨ ᠪᠠᠺᠪ ᠶᠢᠨ ᠪᠤᠯᠤᠨᠬᠢᠲᠠᠳ ᠤᠨ ᠡᠮᠦᠨᠡᠲᠦ ᠲᠡᠩᠭᠢᠰ᠂ ᠪᠠᠷᠠᠭᠤᠨ ᠤᠷᠢᠳᠤ ᠲᠠᠯ᠎ᠠ ᠪᠠᠷ ᠢᠶᠠᠨ ᠲᠠᠶᠢᠯᠠᠩᠳᠠ ᠶᠢᠨ ᠪᠤᠯᠤᠨ ᠭᠡᠳ ᠨᠣᠮᠣᠬᠠᠨ ᠳᠠᠯᠠᠢᠨ ᠬᠥᠪᠥᠭᠡ ᠬᠢᠵᠠᠭᠠᠷ ᠲᠤ ᠲᠤᠯᠳᠠᠭ᠃ ᠬᠢᠯᠢ ᠶᠢᠨ ᠨᠡᠶᠢᠲᠡ ᠤᠷᠲᠤ — 4639 ᠺᠢᠯᠣᠮᠧᠲ᠋ᠷ᠂ ᠡᠷᠭᠢ ᠶᠢᠨ ᠤᠷᠲᠤ — 3444 ᠺᠢᠯᠣᠮᠧᠲ᠋ᠷ᠃

ᠭᠠᠵᠠᠷ ᠤᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ 40% ᠨᠢ ᠥᠨᠳᠥᠷ ᠠᠤᠯᠠᠯᠠᠰ᠂ 42% ᠍ ᠶᠢ ᠬᠠᠯᠠᠭᠤᠨ ᠣᠷᠣᠨ ᠤ ᠣᠢ ᠰᠢᠭᠤᠢ ᠡᠵᠡᠯᠡᠨ᠎ᠡ᠃ ᠸᠢᠶᠧᠲ᠋ᠨᠠᠮ ᠨᠢ ᠬᠠᠯᠠᠭᠤᠨ ᠣᠷᠣᠨ ᠤ᠂ ᠰᠡᠷᠢᠭᠦᠨ ᠪᠥᠰᠡ ᠶᠢᠨ ᠵᠡᠷᠭᠡ ᠣᠯᠠᠨ ᠶᠠᠩᠵᠤ ᠶᠢᠨ ᠠᠭᠤᠷ ᠠᠮᠢᠰᠬᠤᠯ ᠲᠠᠢ ᠪᠠ ᠶᠡᠷᠦᠩᠬᠡᠢ ᠳᠤ ᠨᠢ 2 ᠤᠯᠠᠷᠢᠯ ᠲᠠᠢ ᠭᠡᠵᠦ ᠲᠣᠭᠠᠴᠠᠳᠠᠭ᠃ 5-10 ᠰᠠᠷ᠎ᠠ ᠬᠦᠷᠲᠡᠯ᠎ᠡ ᠪᠣᠷᠣᠭᠠᠨ ᠤ ᠤᠯᠠᠷᠢᠯ ᠦᠷᠭᠦᠯᠵᠢᠯᠡᠵᠦ᠂ 11-4 ᠰᠠᠷ᠎ᠠ ᠬᠦᠷᠲᠡᠯ᠎ᠡ ᠬᠠᠭᠤᠷᠠᠢ ᠤᠯᠠᠷᠢᠯ ᠪᠠᠶᠢᠳᠠᠭ᠃ ᠬᠣᠶᠢᠳᠤ ᠨᠤᠲᠤᠭ ᠲᠤ ᠳᠤᠮᠳᠠᠴᠢ ᠪᠠᠷ ᠠᠭᠠᠷ ᠤᠨ ᠲᠣᠯᠠᠭᠠᠨ ᠤ ᠬᠡᠮᠵᠢᠶ᠎ᠡ +27-34 ᠬᠡᠮ ᠳᠤᠯᠠᠭᠠᠨ ᠪᠠᠶᠢᠳᠠᠭ ᠪᠣᠯ ᠡᠮᠦᠨᠡᠲᠦᠳ ᠵᠢᠯ ᠦᠨ ᠲᠤᠷᠰᠢ +21-28 ᠬᠡᠮ ᠪᠠᠶᠢᠨ᠎ᠠ᠃

ᠰᠤᠶᠤᠯ ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠠᠷᠠᠳ ᠲᠦᠮᠡᠨ ᠦ ᠠᠮᠢᠳᠤᠷᠠᠯ ᠠᠴᠠ ᠤᠷᠭᠤᠨ ᠭᠠᠷᠤᠭᠰᠠᠨ ᠰᠤᠶᠤᠯ ᠢᠷᠭᠡᠨᠰᠢᠯ᠂ ᠬᠢᠲᠠᠳᠡᠨᠡᠳᠬᠡᠭ ᠵᠡᠷᠭᠡ ᠬᠢᠯᠢ ᠵᠠᠯᠭᠠᠭ᠎ᠠ ᠤᠷᠤᠰᠢᠬᠤ ᠣᠷᠣᠨ ᠨᠤᠭᠤᠳ ᠤᠨ ᠰᠤᠶᠤᠯ ᠬᠣᠯᠢᠯᠳᠤᠨ ᠠᠭᠤᠰᠤᠭᠰᠠᠨ ᠵᠡᠷᠭᠡ ᠨᠢ ᠨᠡᠶᠢᠭᠡᠮ ᠰᠤᠶᠤᠯ ᠤᠨ ᠨᠢᠭᠡᠨ ᠪᠠᠶᠠᠯᠢᠭ ᠬᠡᠪ ᠰᠢᠨᠵᠢ ᠶᠢ ᠪᠤᠢ ᠪᠣᠯᠭᠠᠵᠠᠢ᠃ ᠣᠷᠣᠨ ᠨᠤᠲᠤᠭ ᠤᠨᠴᠣ ᠳᠠᠭᠤᠷᠢ᠂ ᠴᠤᠨ ᠬᠠ ᠠᠷᠠᠳ ᠤᠨ ᠳᠠᠭᠤᠤ ᠵᠡᠷᠭᠡ ᠨᠢ ᠤᠯᠠᠮᠵᠢᠯᠠᠯᠲᠤ ᠤᠷᠠᠯᠢᠭ ᠤᠨ ᠲᠥᠷᠥᠯ ᠵᠦᠢᠯ ᠦᠳ ᠪᠥᠭᠡᠳ ᠳᠦ ᠬᠦ ᠪᠣᠯᠤᠨ ᠲᠣᠷᠭᠠᠨ ᠳᠡᠭᠡᠷᠡᠬᠢ ᠵᠢᠷᠤᠭ᠂ ᠰᠢᠪᠠᠷ ᠸᠠᠭᠠᠷᠤᠨ ᠤᠷᠠᠯᠠᠯ ᠨᠢ ᠠᠯᠳᠠᠷᠲᠠᠢ᠃ ᠸᠢᠶᠧᠲ᠋ᠨᠠᠮ ᠳᠤ ᠵᠢᠯ ᠪᠦᠷᠢ ᠵᠣᠬᠢᠶᠠᠭᠳᠠᠳᠠᠭ ᠪᠠᠶᠠᠷ ᠨᠠᠭᠠᠳᠤᠮ ᠨᠢ ᠲ ᠲᠦ ᠪᠠᠶᠠᠷ ᠪᠤᠶᠤ ᠴᠠᠭᠠᠨ ᠰᠠᠷ᠎ᠠ᠂ ᠬᠤᠸᠠ ᠶᠢᠨ ᠯᠤᠤᠲᠤ ᠪᠦᠵᠢᠭ᠂ ᠯᠤᠤᠲᠤ ᠵᠠᠪᠢᠨ ᠤ ᠨᠠᠭᠠᠳᠤᠮ᠂ ᠪᠤᠬ᠎ᠠ ᠨᠣᠴᠣᠯᠳᠤᠭᠤᠯᠬᠤ ᠳᠦ ᠰᠦᠨ ᠨᠠᠭᠠᠳᠤᠮ᠂ ᠵᠠᠭᠠᠨᠴᠢᠳ ᠤᠨ ᠤᠷᠤᠯᠳᠤᠭᠠᠨ ᠤ ᠲᠠᠢ ᠭᠢᠨ ᠵᠡᠷᠭᠡ 30 ᠭᠠᠷᠤᠢ ᠠᠷᠭ᠎ᠠ ᠬᠡᠮᠵᠢᠶ᠎ᠡ ᠵᠣᠬᠢᠶᠠᠭᠳᠠᠳᠠᠭ ᠪᠠᠶᠢᠨ᠎ᠠ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠶᠧᠲ᠋ᠨᠠᠮ ᠣᠷᠣᠨ ᠢ ᠵᠣᠷᠢᠬᠤ ᠵᠢᠭᠤᠯᠴᠢᠳ ᠤᠨ ᠲᠣᠭ᠎ᠠ ᠰᠡᠭᠦᠯ ᠦᠨ 10 ᠵᠢᠯ ᠳᠤ ᠲᠣᠭᠲᠠᠪᠤᠷᠢᠲᠠᠢ ᠥᠰᠴᠢ ᠪᠠᠶᠢᠨ᠎ᠠ᠃ 2006 ᠣᠨ ᠤ ᠪᠠᠶᠢᠳᠠᠯ ᠢᠶᠠᠷ ᠣᠯᠠᠨ ᠣᠷᠣᠨ ᠤ 3.56 ᠰᠠᠶ᠎ᠠ ᠵᠢᠭᠤᠯᠴᠢᠳ ᠢ ᠬᠦᠯᠢᠶᠡᠨ ᠠᠪᠤᠭᠰᠠᠨ ᠪᠥᠭᠡᠳ ᠡᠨᠡ ᠨᠢ 2005 ᠣᠨ ᠲᠠᠢ ᠬᠠᠷᠢᠴᠠᠭᠤᠯᠬᠤ ᠳᠤ 3,7% ᠍ ᠳᠦᠭᠡᠷ ᠥᠰᠴᠠᠢ᠃ ᠸᠢᠶᠧᠲ᠋ᠨᠠᠮ ᠤᠨ ᠵᠠᠰᠠᠭ ᠤᠨ ᠭᠠᠵᠠᠷ ᠡᠬᠡ ᠣᠷᠣᠨ ᠤ ᠪᠠᠨ ᠡᠺᠣᠯᠣᠭ ᠤᠨ ᠴᠡᠪᠡᠷ ᠤᠨᠠᠭᠠᠨ ᠲᠥᠷᠬᠥ᠂ ᠰᠤᠶᠤᠯ ᠤᠨ ᠥᠪ ᠢ ᠬᠠᠳᠠᠭᠠᠯᠠᠬᠤ ᠵᠣᠷᠢᠯᠭ᠎ᠠ ᠪᠠᠷ 30 ᠦᠨᠳᠦᠰᠦᠨ ᠦ ᠬᠦᠷᠢᠶᠡᠯᠡᠩ᠂ 4 ᠪᠠᠶᠢᠭᠠᠯᠢ ᠶᠢᠨ ᠦᠵᠡᠰᠬᠦᠯᠡᠩᠲᠦ ᠭᠠᠵᠠᠷ ᠢ United Nations Educational Scientific and Cultural Organization ᠍ ᠶᠢᠨ ᠳᠡᠯᠡᠬᠡᠢ ᠶᠢᠨ ᠥᠪᠡᠶᠢᠨ ᠪᠦᠷᠢᠳᠬᠡᠯ ᠳᠦ ᠬᠠᠮᠤᠷᠤᠭᠤᠯᠵᠠᠢ᠃

МОНГОЛ-ВЬЕТНАМЫН ХАРИЛЦАА[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ ᠸᠢᠶᠧᠲ᠋ᠨᠠᠮ ᠤᠨ ᠳᠠᠶᠢᠨ


ᠬᠦᠢᠲᠡᠨ ᠳᠠᠶᠢᠨ》 ᠍ ᠤ ᠦᠶ᠎ᠡ ᠳᠦ ᠪᠤᠶᠤ 1956-1990 ᠣᠨ ᠳᠤ ᠮᠠᠨ ᠤ ᠤᠯᠤᠰ ᠤᠨ ᠵᠠᠰᠠᠭ ᠤᠨ ᠭᠠᠵᠠᠷ ᠠᠴᠠ ᠸᠢᠶᠧᠲ᠋ᠨᠠᠮ ᠤᠨ ᠵᠠᠰᠠᠭ ᠤᠨ ᠭᠠᠵᠠᠷ ᠲᠤ ᠬᠠᠭᠤᠴᠢᠨ ᠬᠠᠩᠰᠢ ᠪᠠᠷ 200 ᠰᠠᠶ᠎ᠠ ᠭᠠᠷᠤᠢ ᠲᠥᠭᠥᠷᠢᠭ ᠢ ᠪᠤᠴᠠᠯᠲᠠ ᠦᠭᠡᠢ ᠲᠤᠰᠠᠯᠠᠮᠵᠢ ᠬᠡᠯᠪᠡᠷᠢ ᠪᠡᠷ ᠣᠯᠭᠤᠵᠠᠢ᠃ ᠲᠡᠷᠡ ᠦᠶ᠎ᠡ ᠶᠢᠨ ᠮᠠᠨ ᠤ ᠬᠣᠶᠠᠷ ᠣᠷᠣᠨ ᠤ ᠬᠠᠷᠢᠯᠴᠠᠭ᠎ᠠ ᠶᠢ 《ᠬᠦᠢᠲᠡᠨ ᠳᠠᠶᠢᠨ》 ᠍ ᠤ ᠤᠯᠪᠠᠭ᠎ᠠ ᠪᠠᠷ ᠰᠣᠴᠢᠶᠠᠯᠢᠰᠲᠤ ᠡᠪᠰᠡᠯ ᠦᠨ ᠬᠦᠷᠢᠶᠡᠨ ᠳᠦ ᠲᠣᠳᠣᠷᠬᠠᠶᠢᠯᠠᠨ ᠠᠪᠴᠤ ᠦᠵᠡᠳᠡᠭ᠃ ᠬᠡᠳᠦᠢ ᠪᠡᠷ ᠶᠡᠬᠡᠩᠬᠢ ᠰᠤᠳᠤᠯᠤᠭᠠᠴᠢᠳ ᠮᠠᠨ ᠤ ᠬᠣᠶᠠᠷ ᠣᠨ ᠤ ᠬᠠᠷᠢᠯᠴᠠᠭ᠎ᠠ ᠶᠢ 1990 ᠍ ᠊ᠭᠡᠳ ᠣᠨ ᠤ ᠦᠶ᠎ᠡ ᠳᠦ ᠤᠯᠤᠰ ᠲᠥᠷᠥ ᠡᠴᠡ ᠪᠤᠰᠤᠳ ᠰᠠᠯᠪᠤᠷᠢ ᠳᠤ ᠵᠣᠭᠰᠣᠩᠭᠢ ᠪᠠᠶᠢᠳᠠᠯ ᠳᠤ ᠣᠷᠣᠭᠠᠳ ᠪᠠᠶᠢᠭᠰᠠᠨ ᠭᠡᠵᠦ ᠳ᠋ᠦᠩᠨᠡᠳᠡᠭ ᠴᠤ ᠲᠡᠦᠬᠡᠨ ᠪᠠᠷᠢᠮᠲᠠ ᠶᠢ ᠡᠷᠭᠢᠨ ᠬᠠᠷᠠᠬᠤ ᠳᠤ ᠬᠠᠷᠠᠬᠠᠨ ᠡᠶᠢᠮᠦ ᠳ᠋ᠦᠩᠨᠡᠯᠲᠡ ᠬᠢᠵᠦ ᠪᠣᠯᠤᠮ᠎ᠠ ᠦᠭᠡᠢ ᠶᠤᠮ᠃ ᠲᠤᠬᠠᠢ ᠶᠢᠨ ᠦᠶ᠎ᠡ ᠳᠦ ᠬᠣᠶᠠᠷ ᠤᠯᠤᠰ ᠤᠨ ᠬᠣᠭᠣᠷᠣᠨᠳᠣ ᠶᠢᠨ ᠪᠠᠷᠠᠭᠠᠨ ᠤ ᠡᠷᠭᠢᠯᠲᠡ ᠪᠠᠭᠤᠷᠠᠯᠲᠠ ᠳᠤ ᠣᠷᠣᠭᠠᠳ ᠪᠠᠶᠢᠭᠰᠠᠨ ᠪᠣᠯᠪᠠᠴᠤ ᠨᠢᠭᠡ ᠨᠢ ᠨᠥᠭᠥᠭᠡ ᠪᠡᠨ ᠳᠡᠮᠵᠢᠵᠦ ᠢᠷᠡᠭᠰᠡᠨ ᠤᠯᠠᠮᠵᠢᠯᠠᠯᠲᠤ ᠨᠠᠶᠢᠷᠰᠠᠭ ᠬᠠᠷᠢᠯᠴᠠᠭ᠎ᠠ ᠪᠠᠶᠢᠭᠰᠠᠭᠠᠷ ᠪᠠᠶᠢᠭᠰᠠᠨ ᠢ ᠵᠠᠷᠢᠮ ᠨᠢᠭᠡ ᠪᠠᠷᠢᠮᠲᠠ ᠪᠠᠷ ᠨᠣᠲᠠᠯᠠᠵᠤ ᠪᠣᠯᠤᠨ᠎ᠠ᠃ ᠲᠤᠬᠠᠶᠢᠯᠠᠪᠠᠯ᠂ 1993 ᠣᠨ ᠳᠤ ᠮᠠᠨ ᠤ ᠤᠯᠤᠰ ᠺᠠᠷᠲ ᠤᠨ ᠰᠢᠰᠲ᠋ᠧᠮ ᠳᠦ ᠰᠢᠯᠵᠢᠭᠡᠳ ᠪᠠᠶᠢᠬᠤ ᠳᠤ ᠸᠢᠶᠧᠲ᠋ᠨᠠᠮ ᠤᠨ ᠲᠠᠯ᠎ᠠ ᠠᠴᠠ ᠰᠢᠯᠵᠢᠯᠲᠡ ᠶᠢᠨ ᠬᠦᠨᠳᠦ ᠪᠡᠷᠬᠡ ᠦᠶ᠎ᠡ ᠳᠦ ᠬᠦᠨᠡᠰᠦᠨ ᠦ ᠬᠠᠩᠭᠠᠮᠵᠢ ᠶᠢ ᠨᠡᠮᠡᠭᠳᠡᠭᠦᠯᠬᠦ ᠳᠦ ᠵᠣᠷᠢᠭᠤᠯᠵᠤ 200 ᠮᠢᠩᠭᠠᠨ ᠠᠮᠠ᠃ᠳ᠋ᠣᠯᠯᠠᠷ ᠤᠨ ᠪᠤᠴᠠᠯᠲᠠ ᠦᠭᠡᠢ ᠲᠤᠰᠠᠯᠠᠮᠵᠢ ᠦᠵᠡᠭᠦᠯᠵᠡᠢ᠃

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠵᠠᠰᠠᠭ ᠤᠨ ᠭᠠᠵᠠᠷ ᠸᠢᠶᠧᠲ᠋ᠨᠠᠮ ᠳᠤ 1956–1990 oᠨᠳ ᠨᠡᠶᠢᠲᠡ ᠳᠦ ᠪᠡᠨ 200 ᠰᠠᠶ᠎ᠠ ᠭᠠᠷᠤᠢ ᠲᠥᠭᠥᠷᠢᠭ ᠦᠨ (ᠬᠠᠭᠤᠴᠢᠨ ᠬᠠᠩᠰᠢ ᠪᠠᠷ) ᠪᠤᠴᠠᠯᠲᠠ ᠦᠭᠡᠢ ᠲᠤᠰᠠᠯᠠᠮᠵᠢ ᠦᠵᠡᠭᠦᠯᠵᠡᠢ᠃ ᠡᠭᠦᠨ ᠦ ᠵᠡᠷᠭᠡᠴᠡᠭᠡ ᠮᠠᠨ ᠤ oᠯᠠoᠨ ᠨᠡᠶᠢᠲᠡ ᠶᠢᠨ ᠪᠠᠶᠢᠭᠤᠯᠤᠯᠭ᠎ᠠ ᠨᠤᠭᠤᠳ ᠤᠨ ᠱᠤᠭᠤᠮ ᠢᠶᠠᠷ 904.8 ᠮᠢᠩᠭᠠᠨ ᠲᠥᠭᠥᠷᠢᠭ ᠦᠨ ᠲᠤᠰᠠᠯᠠᠮᠵᠢ ᠦᠵᠡᠭᠦᠯᠦᠭᠰᠡᠨ ᠪᠠᠶᠢᠨ᠎ᠠ᠃ ᠮᠥᠨ 1959 oᠨᠳ ᠪᠡᠯᠡᠭ ᠪoᠯᠭoᠨ ᠥᠭᠭᠦᠭᠰᠡᠨ 100 ᠮᠢᠩᠭᠠᠨ ᠲoᠯᠭoᠢ ᠮᠠᠯ ᠠᠴᠠ ᠦᠯᠡᠳᠡᠭᠰᠡᠨ 85 ᠮᠢᠩᠭᠠᠨ ᠲoᠯᠭoᠢ ᠮᠠᠯ ᠤᠨ oᠷoᠨᠳ ᠭᠤᠷᠪᠠᠳᠠᠭᠴᠢ oᠷᠨooᠰ ᠦᠷᠡᠵᠢᠯ ᠦᠨ ᠦᠬᠡᠷ ᠬᠤᠳᠠᠯᠳᠤᠨ ᠠᠪᠬᠤ ᠳᠤ ᠨᠢ ᠽoᠷᠢᠭᠤᠯᠵᠤ 1,5 ᠰᠠᠶ᠎ᠠ ᠠᠮᠠ᠃ᠳoᠯᠯᠠᠷ ᠥᠭᠴᠡᠢ᠃

ᠳᠠᠶᠢᠨ ᠤ ᠳᠠᠷᠠᠭᠠᠬᠢ ᠬᠦᠨᠳᠦ ᠨᠥᠬᠥᠴᠡᠯ ᠳᠦ ᠪᠠᠶᠢᠭᠰᠠᠨ ᠸᠢᠶᠧᠲ᠋ᠨᠠᠮ ᠤᠨ ᠠᠷᠠᠳ ᠲᠦᠮᠡᠨ ᠦ ᠠᠮᠢᠳᠤᠷᠠᠯ᠂ ᠲᠥᠷᠥ ᠵᠠᠰᠠᠭ ᠤᠨ ᠦᠢᠯᠡ ᠠᠵᠢᠯᠯᠠᠭᠠᠨ ᠳᠤ ᠮᠠᠨ ᠤ ᠠᠷᠠᠳ ᠲᠦᠮᠡᠨ᠂ ᠲᠥᠷᠥ ᠵᠠᠰᠠᠭ ᠲᠤᠰᠠᠯᠠᠮᠵᠢ ᠳᠡᠮᠵᠢᠯᠭᠡ ᠦᠵᠡᠭᠦᠯᠵᠦ᠂ ᠣᠶᠤᠲᠠᠨ ᠰᠤᠷᠤᠭᠴᠢᠳ ᠢ ᠨᠢ ᠥᠪᠡᠷ ᠦᠨ ᠣᠷᠣᠨ ᠳᠤ ᠰᠤᠷᠭᠠᠵᠤ᠂ ᠳᠡᠭᠡᠳᠦ ᠪᠣᠯᠪᠠᠰᠤᠷᠠᠯ ᠣᠯᠭᠤᠬᠤ ᠳᠤ ᠶᠡᠬᠡᠬᠡᠨ ᠠᠩᠬᠠᠷᠴᠤ ᠠᠵᠢᠯᠯᠠᠭᠰᠠᠨ ᠪᠣᠯ ᠸᠢᠶᠧᠲ᠋ᠨᠠᠮ ᠤᠨ ᠠᠷᠠᠳ ᠲᠦᠮᠡᠨ᠂ ᠲᠥᠷᠥ ᠵᠠᠰᠠᠭ ᠮᠣᠩᠭᠣᠯ ᠤᠨ ᠰᠢᠯᠵᠢᠯᠲᠡ ᠶᠢᠨ ᠬᠦᠨᠳᠦ ᠪᠡᠷᠬᠡ ᠵᠢᠯ ᠤᠨᠳ ᠲᠤ ᠮᠠᠨ ᠤ ᠣᠷᠣᠨ ᠤ ᠣᠶᠤᠲᠠᠨ ᠵᠠᠯᠠᠭᠤᠰ ᠢ ᠥᠪᠡᠷ ᠦᠨ ᠣᠷᠣᠨ ᠳᠤ ᠪᠣᠯᠪᠠᠰᠤᠷᠠᠯ ᠡᠵᠡᠮᠰᠢᠭᠦᠯᠬᠦ ᠳᠦ ᠢᠳᠡᠪᠬᠢ ᠵᠢᠳᠬᠦᠯ ᠭᠠᠷᠭᠠᠨ ᠠᠵᠢᠯᠯᠠᠵᠤ ᠪᠠᠶᠢᠴᠠᠢ᠃ ᠡᠨᠡ ᠨᠢ ᠬᠦᠨᠳᠦ ᠪᠡᠷᠬᠡ ᠦᠶ᠎ᠡ ᠳᠦ ᠪᠡᠶ᠎ᠡ ᠪᠡᠶᠡᠰ ᠢᠶᠡᠨ ᠳᠡᠮᠵᠢᠨ᠂ ᠲᠡᠦᠬᠡᠨ ᠤᠯᠠᠮᠵᠢᠯᠠᠯᠲᠤ᠂ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠤᠯᠠᠮ ᠬᠥᠭᠵᠢᠭᠦᠯᠦᠭᠰᠡᠨ ᠴᠢᠬᠤᠯᠠ ᠠᠵᠢᠯ ᠤᠨᠳ ᠪᠣᠯᠵᠠᠢ ᠭᠡᠵᠦ ᠳ᠋ᠦᠩᠨᠡᠵᠦ ᠪᠣᠯᠬᠣᠷ ᠪᠠᠶᠢᠨ᠎ᠠ᠃ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠴᠤ ᠤᠯᠤᠰ ᠲᠥᠷᠥ ᠦᠵᠡᠯ ᠰᠤᠷᠲᠠᠯ ᠤᠨ ᠬᠣᠯᠪᠣᠭᠠᠲᠠᠨ ᠤᠯᠤᠰ ᠪᠣᠯᠬᠤ ᠶᠢᠨ ᠬᠤᠪᠢ ᠳᠤ ᠳᠡᠯᠡᠬᠡᠢ ᠶᠢᠨ ᠬᠣᠶᠠᠳᠤᠭᠠᠷ ᠳᠠᠶᠢᠨ ᠤ ᠦᠶ᠎ᠡ ᠳᠦ ᠵᠥᠪᠯᠡᠯᠲᠦ ᠬᠣᠯᠪᠣᠭᠠᠲᠤ ᠤᠯᠤᠰ ᠳᠦ᠂ᠰᠣᠯᠣᠩᠭᠣᠰ ᠤᠨ ᠳᠠᠶᠢᠨ ᠤ ᠦᠶ᠎ᠡ ᠳᠦ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ ᠳᠦ ᠲᠤᠰᠠᠯᠠᠭᠰᠠᠨ ᠲᠠᠢ ᠨᠢᠭᠡᠨ ᠠᠳᠠᠯᠢ ᠬᠥᠳᠡᠯᠭᠡᠭᠡᠨ ᠥᠷᠨᠢᠵᠦ᠂ ᠪᠠᠭ᠎ᠠ ᠦᠭᠡᠢ ᠬᠡᠮᠵᠢᠶᠡᠨ ᠦ ᠡᠳ᠋ ᠮᠠᠲ᠋ᠧᠷᠢᠶᠠᠯ ᠤᠨ ᠲᠤᠰᠠᠯᠠᠮᠵᠢ᠂ ᠴᠡᠷᠢᠭ ᠦᠨ ᠠᠭᠲᠠ ᠮᠣᠷᠢ ᠪᠡᠯᠡᠭᠯᠡᠵᠦ᠂ ᠳᠠᠶᠢᠨ ᠳᠤ ᠥᠨᠦᠴᠢᠷᠡᠭᠰᠡᠨ ᠸᠢᠶᠧᠲ᠋ᠨᠠᠮ᠂ᠯ ᠠᠴᠠ᠂ᠺᠠᠮᠪᠣᠵᠢ ᠬᠡᠦᠬᠡᠳ ᠦᠳ ᠢ ᠲᠤᠰᠬᠠᠢ ᠠᠰᠠᠷᠠᠭᠠᠨ ᠳᠤ ᠬᠦᠯᠢᠶᠡᠨ ᠠᠪᠴᠤ᠂ ᠡᠮᠴᠢᠯᠡᠵᠦ ᠠᠰᠠᠷᠠᠵᠤ᠂ ᠰᠤᠷᠭᠠᠭᠤᠯᠢ᠂ ᠴᠡᠴᠡᠷᠯᠢᠭ ᠲᠦ ᠬᠦᠮᠦᠵᠢᠭᠦᠯᠦᠭᠰᠡᠨ ᠠᠵᠡᠢ᠃ ᠳᠠᠶᠢᠨ ᠤ ᠦᠶ᠎ᠡ ᠳᠦ ᠮᠣᠩᠭᠣᠯᠴᠤᠳ ᠮᠥᠨ ᠯᠠ ᠲᠡᠨᠳᠡ ᠠᠵᠢᠯᠯᠠᠵᠤ ᠪᠠᠶᠢᠭᠰᠠᠨ ᠶᠤᠮ᠃ ᠮᠠᠨ ᠤ ᠳ᠋ᠢᠫᠯᠣᠮᠠᠲ ᠤᠳ ᠪᠣᠯᠤᠨ ᠪᠤᠰᠤᠳ ᠰᠣᠴ ᠯᠠᠭᠧᠷ ᠤᠨ ᠣᠷᠣᠨ ᠨᠤᠭᠤᠳ ᠤᠨ ᠳ᠋ᠢᠫᠯᠣᠮᠠᠲ ᠠᠵᠢᠯᠲᠠᠨ ᠨᠤᠭᠤᠳ ᠤᠨ ᠠᠦ᠋ᠲ᠋ᠣ᠋ ᠴᠤᠪᠤᠭ᠎ᠠ ᠠᠮᠧᠷᠢᠺᠠ ᠶᠢᠨ ᠨᠢᠰᠬᠦ ᠬᠦᠴᠦᠨ ᠦ ᠪᠥᠮᠪᠦᠭᠡᠳᠡᠯᠲᠡᠨ ᠳᠦ ᠥᠷᠲᠥᠵᠦ ᠮᠠᠨ ᠤ ᠡᠯᠴᠢᠨ ᠰᠠᠶᠢᠳ ᠤᠨ ᠣᠷᠣᠯᠠᠭᠴᠢ ᠬᠦᠨᠳᠦ ᠪᠡᠷ ᠰᠢᠷᠬᠠᠲᠤᠭᠰᠠᠨ᠂ ᠮᠥᠨ ᠨᠢᠭᠡ ᠠᠵᠢᠯᠲᠠᠨ ᠪᠢᠲᠡᠭᠦᠦ ᠪᠡᠷᠲᠡᠯ ᠠᠪᠤᠭᠰᠠᠨ ᠪᠠᠶᠢᠳᠠᠭ ᠪᠠ ᠠᠵᠠ ᠪᠠᠷ ᠬᠦᠮᠦᠨ ᠦ ᠠᠮᠢ ᠦᠷᠡᠭᠳᠡᠭᠡ ᠦᠭᠡᠢ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. CIA – The World Factbook
  2. General Statistics Office of Vietnam
  3. 3.0 3.1 3.2 Vietnam. International Monetary Fund. 2010-04-21 ᠍ ᠳᠦ ᠬᠠᠨᠳᠤᠭᠰᠠᠨ᠃
  4. GDP năm 2010 của Việt Nam vượt 100 tỷ USD. Vnexpress.net (2010-12-29). 2011-08-06 ᠍ ᠳᠦ ᠬᠠᠨᠳᠤᠭᠰᠠᠨ᠃
  5. Gini Index. World Bank. 2 March 2011 ᠍ ᠳᠦ ᠬᠠᠨᠳᠤᠭᠰᠠᠨ᠃
  6. Human Development Report 2010. Human development index trends: Table G. The United Nations. 2011-01-05 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠸᠢᠶᠧᠲ᠋ᠨᠠᠮ

ᠪᠢᠴᠢᠭᠡᠰᠦ