ᠸᠠᠲ᠋ᠧᠷᠯᠤ᠎ᠠ ᠶᠢᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠠᠲ᠋ᠧᠷᠯᠤ᠎ᠠ ᠶᠢᠨ ᠲᠤᠯᠤᠯᠳᠤᠭᠠᠨ
ᠬᠠᠮᠢᠶᠠᠷᠬᠤ ᠳᠠᠶᠢᠨ: ᠳᠣᠯᠣᠭ᠎ᠠ ᠳᠠᠬᠢ ᠡᠪᠰᠡᠯ ᠦᠨ ᠳᠠᠶᠢᠨ
Battle of Waterloo 1815.PNG
"ᠸᠠᠲ᠋ᠧᠷᠯᠤ᠎ᠠ ᠶᠢᠨ ᠲᠤᠯᠤᠯᠳᠤᠭᠠᠨ", ᠸᠢᠯᠤᠮ ᠰᠠᠳᠤᠯᠧᠷ ᠍ ᠤᠨ ᠪᠦᠲᠦᠭᠡᠯ
ᠣᠩᠨᠠᠭ᠎ᠠ 1815 ᠣᠨ ᠤ 7 ᠰᠠᠷ᠎ᠠ ᠶᠢᠨ 18
ᠪᠠᠶᠢᠷᠢᠯᠠᠯ ᠸᠠᠲ᠋ᠧᠷᠠᠯ᠎ᠠ᠂ ᠣᠳᠣ ᠶᠢᠨ ᠸᠠᠯᠯᠠᠨ ᠪᠷᠠᠪᠠᠨᠲ
ᠦᠷ᠎ᠡ ᠳᠠᠭᠠᠪᠤᠷᠢ ᠡᠪᠰᠡᠯ ᠦᠨ ᠰᠢᠢᠳᠪᠦᠷᠢᠯᠡᠬᠦ ᠢᠯᠠᠯᠲᠠ
ᠪᠠᠶᠢᠯᠳᠤᠭᠴᠢ ᠲᠠᠯ᠎ᠠ ᠨᠤᠭᠤᠳ
ᠹᠷᠠᠨᠼᠢ ᠹᠷᠠᠨᠼᠢ ᠶᠢᠨ ᠡᠵᠡᠨᠲᠦ ᠭᠦᠷᠦᠨ ᠳᠣᠯᠣᠭᠠᠳᠤᠭᠠᠷ ᠡᠪᠰᠡᠯ:
ᠶᠡᠬᠡ ᠪᠷᠢᠲ᠋ᠠᠨ(ᠠᠩᠭᠯᠢ) ᠶᠡᠬᠡ ᠪᠷᠢᠲ᠋ᠠᠨ(ᠠᠩᠭᠯᠢ)
Flag of the Kingdom of Prussia (1803-1892).svg ᠫᠷᠦᠰ
ᠨᠢᠳᠧᠷᠯᠠᠨᠲ ᠨᠢᠭᠡᠳᠦᠭᠰᠡᠨ ᠨᠢᠳᠧᠷᠯᠠᠨᠲ
ᠬᠠᠨᠨᠣᠸᠧᠷ ᠮᠤᠵᠢ ᠬᠠᠨᠨᠣᠸᠧᠷ
ᠨᠠᠰᠰᠠᠤ
ᠪᠷᠦᠨᠰᠸᠢᠭ
ᠤᠳᠤᠷᠢᠳᠤᠭᠴᠢᠳ
I ᠨᠠᠫᠣᠯᠶᠣᠨ ᠸᠧᠯᠯᠢᠩᠲ᠋ᠣᠨ ᠤ ᠭᠦᠨ

ᠭᠧᠪᠬᠤᠷᠳᠠ ᠹᠣᠨ ᠪᠡᠯ ᠳᠬᠧᠷ

ᠬᠣᠬᠢᠷᠠᠯ
ᠨᠡᠶᠢᠲᠡ: 48,000

  • 25,000 ᠠᠯᠠᠭᠳᠠᠭᠰᠠᠨ ᠡᠰᠡᠪᠡᠯ ᠰᠢᠷᠬᠠᠲᠤᠭᠰᠠᠨ
  • 8,000 ᠣᠯᠵᠠᠯᠠᠭᠳᠠᠭᠰᠠᠨ
  • 15,000 ᠰᠤᠷᠠᠭ ᠦᠭᠡᠢ ᠠᠯᠠᠭ᠎ᠠ ᠪᠣᠯᠤᠭᠰᠠᠨ[1]
ᠨᠡᠶᠢᠲᠡ:17,000
  • 3,500 ᠠᠯᠠᠭᠳᠠᠭᠰᠠᠨ;
  • 10,200 ᠰᠢᠷᠬᠠᠲᠤᠭᠰᠠᠨ;
  • 3,300 ᠰᠤᠷᠠᠭ ᠦᠭᠡᠢ ᠠᠯᠠᠭ᠎ᠠ ᠪᠣᠯᠤᠭᠰᠠᠨ[2]

ᠫᠷᠦᠰ:ᠨᠡᠶᠢᠲᠡ: 7,000

  • 1,200 ᠠᠯᠠᠭᠳᠠᠭᠰᠠᠨ;
  • 4,400 ᠰᠢᠷᠬᠠᠲᠤᠭᠰᠠᠨ;
  • 1,400 ᠰᠤᠷᠠᠭ ᠦᠭᠡᠢ ᠠᠯᠠᠭ᠎ᠠ ᠪᠣᠯᠤᠭᠰᠠᠨ᠃[2]

ᠸᠠᠲ᠋ᠧᠷᠯᠤ᠎ᠠ ᠶᠢᠨ ᠲᠤᠯᠤᠯᠳᠤᠭᠠᠨ ᠨᠢ ᠣᠳᠣ ᠶᠢᠨ ᠪᠧᠯ ᠶᠢᠨ ᠨᠤᠲᠤᠭ ᠳᠡᠪᠢᠰᠬᠡᠷ ᠳᠡᠭᠡᠷ᠎ᠡ 1815 ᠣᠨ ᠤ 7 ᠰᠠᠷ᠎ᠠ ᠶᠢᠨ 15 ᠍ ᠤ ᠡᠳᠦᠷ ᠪᠣᠯᠤᠭᠰᠠᠨ ᠲᠤᠯᠤᠯᠳᠤᠭᠠᠨ ᠶᠤᠮ᠃ ᠡᠨᠡᠬᠦ ᠲᠤᠯᠤᠯᠳᠤᠭᠠᠨ ᠳᠤ I ᠨᠠᠫᠣᠯᠶᠣᠨ ᠤ ᠤᠳᠤᠷᠢᠳᠤᠭᠰᠠᠨ ᠹᠷᠠᠨᠼᠢ ᠶᠢᠨ ᠡᠵᠡᠨᠲᠦ ᠭᠦᠷᠦᠨ ᠨᠢ ᠳᠣᠯᠣᠭᠠᠳᠤᠭᠠᠷ ᠡᠪᠰᠡᠯᠲᠡᠢ ᠲᠤᠯᠭᠠᠷᠠᠨ ᠪᠠᠶᠢᠯᠳᠤᠵᠤ᠂ ᠠᠩᠭᠯᠢ ᠪᠠ ᠲᠡᠭᠦᠨ ᠦ ᠬᠣᠯᠪᠣᠭᠠᠲᠠᠨ ᠨᠤᠭᠤᠳ ᠫᠷᠦ᠋ᠰ ᠤᠨ ᠠᠷᠮᠢ ᠲᠠᠢ ᠬᠠᠮᠲᠤᠷᠠᠨ ᠨᠠᠫᠣᠯᠶᠣᠨ ᠍ ᠢ ᠢᠯᠠᠵᠠᠢ᠃ ᠸᠠᠲ᠋ᠧᠷᠠᠯ᠎ᠠᠭᠡᠶᠢᠨ ᠲᠤᠯᠤᠯᠳᠤᠭᠠᠨ ᠨᠢ ᠨᠠᠫᠣᠯᠶᠣᠨ ᠤ ᠰᠡᠭᠦᠯᠴᠢ ᠶᠢᠨ ᠲᠤᠯᠤᠯᠳᠤᠭᠠᠨ ᠭᠡᠳᠡᠭ ᠢᠶᠡᠷ ᠢᠶᠡᠨ ᠲᠡᠦᠬᠡᠨ ᠳᠦ ᠦᠯᠡᠳᠡᠭᠰᠡᠨ ᠪᠢᠯᠡ᠃ ᠨᠠᠫᠣᠯᠶᠣᠨ ᠤ ᠢᠯᠠᠭᠳᠠᠯ ᠨᠢ ᠲᠡᠭᠦᠨ ᠢ ᠬᠠᠭᠠᠨ ᠰᠢᠷᠡᠭᠡᠨ ᠡᠴᠡ ᠪᠡᠨ ᠲᠠᠲᠠᠭᠠᠯᠵᠠᠵᠤ ᠭᠡᠭᠡᠨ ᠶᠡᠯᠠᠨ᠎ᠠ ᠠᠷᠠᠯ ᠷᠤ ᠴᠥᠯᠡᠭᠳᠡᠬᠦ ᠳᠦ ᠬᠦᠷᠭᠡᠭᠰᠡᠨ ᠶᠤᠮ᠃

1815 ᠣᠨ ᠳᠤ ᠨᠠᠫᠣᠯᠶᠣᠨ ᠡᠯᠪᠠ ᠠᠷᠠᠯ ᠠᠴᠠ ᠣᠷᠭᠣᠵᠤ᠂ ᠳᠠᠬᠢᠨ ᠬᠠᠭᠠᠨ ᠰᠢᠷᠡᠭᠡᠨ ᠳᠦ ᠪᠡᠨ ᠰᠠᠭᠤᠬᠤ ᠳᠤ ᠳᠣᠯᠣᠭᠠᠳᠤᠭᠠᠷ ᠡᠪᠰᠡᠯ ᠲᠡᠭᠦᠨ ᠦ ᠡᠰᠡᠷᠬᠦ ᠬᠥᠳᠡᠯᠦᠭᠰᠡᠨ᠃ ᠳᠣᠯᠣᠭᠠᠳᠤᠭᠠᠷ ᠡᠪᠰᠡᠯ ᠬᠣᠶᠠᠷ ᠰᠠᠯᠵᠤ᠂ ᠨᠢᠭᠡ ᠶᠢ ᠨᠢ ᠸᠧᠯᠯᠢᠩᠲ᠋ᠣᠨ᠂ ᠨᠥᠭᠥᠭᠡ ᠶᠢ ᠨᠢ ᠪᠡᠯ ᠳᠬᠧᠷ ᠤᠳᠤᠷᠢᠳᠤᠨ ᠬᠣᠶᠢᠳᠤ ᠹᠷᠠᠨᠼᠢ ᠶᠢᠨ ᠨᠤᠲᠤᠭ ᠠᠴᠠ ᠬᠥᠳᠡᠯᠵᠦ ᠡᠬᠢᠯᠡᠪᠡ᠃ ᠨᠠᠫᠣᠯᠶᠣᠨ ᠲᠡᠷᠡ ᠬᠣᠶᠠᠷ ᠢ ᠨᠢᠭᠡᠳᠬᠦ ᠡᠴᠡ ᠨᠢ ᠡᠮᠦᠨ᠎ᠡ ᠴᠣᠬᠢᠬᠤ ᠪᠠᠷ ᠶᠠᠭᠠᠷᠠᠪᠴᠢᠯᠠᠨ ᠫᠠᠷᠢᠰᠠ ᠠᠴᠠ ᠭᠠᠷᠴᠠᠢ᠃ ᠸᠠᠲ᠋ᠧᠷᠯᠤ᠎ᠠ ᠶᠢᠨ ᠠᠶᠠᠨ ᠳᠠᠶᠢᠨ ᠤ ᠭᠣᠣᠯ ᠦᠢᠯᠡ ᠶᠠᠪᠤᠳᠠᠯ 1815 ᠣᠨ ᠤ 6 ᠰᠠᠷ᠎ᠠ ᠶᠢᠨ 16-19 ᠍ ᠦ ᠬᠣᠭᠣᠷᠣᠨᠳᠣ ᠪᠣᠯᠤᠭᠰᠠᠨ ᠪᠥᠭᠡᠳ ᠸᠠᠲ᠋ᠧᠷᠯᠤ᠎ᠠ ᠶᠢᠨ ᠳᠡᠷᠭᠡᠳᠡᠬᠢ ᠲᠤᠯᠤᠭᠠᠨ ᠢᠶᠠᠷ ᠥᠨᠳᠥᠷᠯᠡᠭᠰᠡᠨ᠃

ᠨᠠᠫᠣᠯᠶᠣᠨ ᠪᠠᠶᠢᠯᠳᠤᠭᠠᠨ ᠤ ᠲᠤᠰᠢᠶᠠᠯ ᠢ 1815 ᠣᠨ ᠤ 6 ᠰᠠᠷ᠎ᠠ ᠶᠢᠨ 18 ᠍ ᠳᠦ ᠥᠭᠴᠡᠢ᠃ ᠸᠧᠯᠯᠢᠩᠲ᠋ᠣᠨ ᠤ ᠠᠷᠮᠢ ᠮᠣᠨ-ᠰᠧᠨ-ᠵᠠᠩᠢ ᠨᠠᠯᠠᠤ ᠳᠡᠭᠡᠷ᠎ᠡ ᠪᠷᠣᠰᠸᠸᠯ ᠦᠨ ᠵᠠᠮ ᠳᠠᠭᠠᠤ ᠪᠠᠶᠢᠷᠢᠯᠠᠪᠠ᠃ ᠦᠳᠡ ᠪᠣᠯᠵᠤ ᠪᠠᠶᠢᠬᠤ ᠳᠤ ᠨᠠᠫᠣᠯᠶᠣᠨ ᠤ ᠠᠷᠮᠢ ᠠᠩᠭᠯᠢ ᠪᠠ ᠲᠡᠭᠦᠨ ᠦ ᠬᠣᠯᠪᠣᠭᠠᠲᠠᠨ ᠨᠤᠭᠤᠳ ᠢ ᠰᠢᠬᠠᠵᠤ ᠡᠬᠢᠯᠡᠭᠡᠳ ᠤᠳᠠᠭ᠎ᠠ ᠦᠭᠡᠢ ᠪᠠᠶᠢᠬᠤ ᠳᠤ ᠫᠷᠥᠰᠰᠴᠤᠳ ᠲᠡᠭᠦᠨ ᠦ ᠪᠠᠷᠠᠭᠤᠨ ᠵᠢᠭᠦᠷ ᠢ ᠪᠤᠲᠠ ᠴᠣᠬᠢᠵᠤ᠂ ᠠᠩᠭᠯᠢ ᠶᠢᠨ ᠠᠷᠮᠢ ᠰᠥᠷᠭᠦ ᠳᠠᠭᠠᠷᠢᠯᠲᠠ ᠳᠤ ᠣᠷᠣᠭᠰᠠᠨ ᠢᠶᠠᠷ ᠹᠷᠠᠨᠼᠢ ᠶᠢᠨ ᠠᠷᠮᠢ ᠶᠢ ᠪᠤᠲᠠ ᠴᠣᠬᠢᠵᠠᠢ᠃ ᠨᠠᠫᠣᠯᠶᠣᠨ ᠤ ᠠᠷᠮᠢ ᠪᠠᠭᠤᠵᠤ ᠥᠭᠴᠦ᠂ ᠨᠠᠫᠣᠯᠶᠣᠨ ᠬᠠᠭᠠᠨ ᠰᠢᠷᠡᠭᠡᠨ ᠡᠴᠡ ᠪᠡᠨ ᠲᠠᠲᠠᠭᠠᠯᠵᠠᠨ ᠭᠡᠭᠡᠨ ᠶᠡᠯᠠᠨ᠎ᠠ ᠠᠷᠠᠯ ᠷᠤ ᠴᠥᠯᠡᠭᠳᠡᠭᠰᠡᠨ᠃ ᠲᠡᠭᠦᠨ ᠢ ᠬᠠᠭᠠᠨ ᠰᠢᠷᠡᠭᠡᠨ ᠡᠴᠡ ᠲᠠᠲᠠᠭᠠᠯᠵᠠᠭᠰᠠᠨ ᠤ ᠳᠠᠷᠠᠭ᠎ᠠ XVIII ᠯᠤᠪᠢ ᠬᠠᠭᠠᠨ ᠰᠢᠷᠡᠭᠡ ᠶᠢ ᠠᠪᠴᠠᠢ᠃

ᠥᠨᠥᠳᠥᠷ ᠤᠭ ᠲᠤᠯᠤᠭᠠᠨ ᠤ ᠲᠠᠯᠠᠪᠤᠷ ᠳᠡᠭᠡᠷ᠎ᠡ ᠠᠷᠰᠯᠠᠨ ᠳᠤ ᠥᠨᠳᠥᠷᠯᠢᠭ ᠭᠡᠳ ᠲᠣᠮᠣ ᠬᠥᠰᠢᠶ᠎ᠡ ᠰᠦᠨᠳᠡᠷᠯᠡᠵᠦ ᠪᠠᠶᠢᠭ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Barbero 2005, p. 420.
  2. 2.0 2.1 Barbero 2005, p. 419.

ᠪᠢᠴᠢᠭᠡᠰᠦ