ᠸᠠᠭᠢᠨᠳᠠᠷ᠎ᠠ ᠶᠢᠨ ᠦᠰᠦᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠸᠠᠭᠢᠨᠳᠠᠷ᠎ᠠ ᠶᠢᠨ ᠦᠰᠦᠭ (ᠸᠠᠭᠢᠨᠳᠠᠷ᠎ᠠ ᠦᠰᠦᠭ ᠢᠶᠡᠷ ᠮᠣᠩᠭᠣᠯ ᠭᠡᠳᠡᠭ ᠢ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
) ᠨᠢ 20 ᠍ ᠳᠦᠭᠡᠷ ᠵᠠᠭᠤᠨ ᠤ ᠡᠬᠢ ᠪᠡᠷ ᠪᠤᠶᠤ 1905 ᠤᠨ ᠳᠤ ᠪᠤᠷᠢᠶᠠᠳ ᠯᠠᠮᠠ᠂ ᠰᠣᠶᠣᠨ ᠭᠡᠭᠡᠷᠡᠭᠦᠯᠦᠭᠴᠢ ᠠᠭᠸᠠᠩᠳᠣᠷᠵᠢ (ᠠᠭᠸᠠᠩ ᠳᠣᠷᠣᠵᠢᠶᠧᠸ) ᠬᠤᠳᠤᠮ ᠮᠣᠩᠭᠣᠯᠲᠣᠳᠣ ᠪᠢᠴᠢᠭ ᠦᠳ ᠲᠦ ᠲᠤᠯᠭᠠᠭᠤᠷᠢᠯᠠᠨ ᠵᠣᠬᠢᠶᠠᠭᠰᠠᠨ ᠰᠢᠨ᠎ᠡ ᠦᠰᠦᠭ ᠶᠤᠮ᠃ ᠸᠠᠭᠢᠨᠳᠠᠷ᠎ᠠ ᠭᠡᠳᠡᠭ ᠨᠢ ᠲᠡᠭᠦᠨ ᠦ ᠨᠡᠷ᠎ᠡ ᠶᠢᠨ ᠠᠭᠸᠠᠩ ᠭᠡᠳᠡᠭ ᠬᠡᠰᠡᠭ ᠦᠨ ᠰᠠᠨᠰᠺᠷᠢᠳ᠋ ᠣᠷᠴᠢᠭᠤᠯᠭ᠎ᠠ ᠶᠤᠮ᠃

ᠴᠠᠭᠠᠨ ᠲᠣᠯᠣᠭᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ 36 ᠦᠰᠦᠭ᠂ ᠡᠭᠦᠨ ᠡᠴᠡ 8 ᠨᠢ ᠡᠭᠡᠰᠢᠭ᠃ ᠮᠥᠨ ᠴᠡᠭ ᠴᠡᠭᠯᠡᠯ ᠦᠨ 7 ᠲᠡᠮᠳᠡᠭ ᠲᠡᠢ ᠪᠣᠯᠤᠨ᠎ᠠ᠃ VagindraAlfabet.gif

ᠤᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠪᠢᠴᠢᠭ ᠤᠶᠢᠭᠤᠷᠵᠢᠨ ᠮᠣᠩᠭᠣᠯ ᠪᠢᠴᠢᠭ ᠡᠴᠡ ᠭᠠᠷᠤᠯ ᠡᠭᠦᠰᠦᠯ ᠲᠡᠢ ᠪᠣᠯᠪᠠᠴᠤ ᠮᠣᠩᠭᠣᠯ ᠪᠢᠴᠢᠭ ᠲᠦ ᠢᠵᠢᠯ ᠳᠦᠷᠰᠦ ᠪᠡᠷ ᠪᠢᠴᠢᠳᠡᠭ᠎ ‍ᠠ ᠡ᠂ ᠣ ᠤ᠂ ᠳ ᠲ᠂ ᠬ ᠢ ᠢ ᠥᠭᠡᠷᠡᠴᠢᠯᠡᠵᠦ ᠲᠣᠳᠣ ᠦᠰᠦᠭ ᠦᠨ ᠳᠦᠷᠰᠦ ᠢᠯᠭᠠᠨ ᠲᠡᠮᠳᠡᠭᠯᠡᠳᠡᠭ ᠵᠠᠷᠴᠢᠮ ᠢ ᠪᠠᠷᠢᠮᠲᠠᠯᠠᠨ ᠵᠣᠬᠢᠶᠠᠭᠰᠠᠨ ᠪᠣᠯᠤᠨ᠎ᠠ᠃ ᠮᠥᠨ ᠪᠤᠷᠢᠶᠠᠳ ᠠᠶᠠᠯᠭᠤᠨ ᠤ ᠱᠦᠷᠭᠦᠬᠦ ᠬ (h) ᠠᠪᠢᠶ᠎ᠠ ᠶᠢ ᠲᠡᠮᠳᠡᠭᠯᠡᠬᠦ ᠲᠤᠰᠬᠠᠢ ᠦᠰᠦᠭ ᠢ ᠨᠡᠮᠡᠵᠦ ᠥᠭᠭᠦᠭᠰᠡᠨ᠃ ᠸᠠᠭᠢᠨᠳᠠᠷ᠎ᠠ ᠦᠰᠦᠭ ᠮᠣᠩᠭᠣᠯ ᠪᠣᠯᠤᠨ ᠲᠣᠳᠣ ᠪᠢᠴᠢᠭ ᠦᠨ ᠠᠯᠢ ᠠᠯᠢᠨ ᠠᠴᠠ ᠢᠯᠭᠠᠷᠠᠬᠤ ᠨᠢᠭᠡ ᠭᠣᠣᠯ ᠢᠯᠭᠠᠭ᠎ᠠ ᠨᠢ ᠦᠭᠡ ᠶᠢᠨ ᠡᠬᠢᠨ᠂ ᠳᠤᠮᠳᠠ᠂ ᠠᠳᠠᠭ ᠲᠤ ᠤᠷᠤᠬᠤ ᠦᠰᠦᠭ ᠦᠨ ᠳᠦᠷᠰᠦ ᠬᠡᠯᠪᠡᠷᠢ ᠬᠤᠪᠢᠷᠠᠬᠤ ᠶᠣᠰᠣ ᠪᠠᠶᠢᠬᠤ ᠦᠭᠡᠢ᠃ ᠡᠨᠡ ᠨᠢ ᠣᠷᠣᠰ (ᠺᠢᠷᠢᠯ), ᠰᠯᠠᠸᠶᠠᠨ ᠵᠡᠷᠭᠡ ᠥᠷᠥᠨ᠎ᠡ ᠳᠠᠬᠢᠨ ᠤ ᠪᠢᠴᠢᠭ ᠦᠨ ᠲᠣᠭᠲᠠᠯᠴᠠᠭᠠᠨ ᠤ ᠨᠥᠯᠥᠭᠡ ᠶᠤᠮ᠃

ᠵᠣᠬᠢᠶᠠᠭᠴᠢ ᠲᠡᠷᠡ ᠬᠦ ᠦᠰᠦᠭ ᠢᠶᠡᠨ ᠵᠥᠪᠬᠡᠨ ᠪᠤᠷᠢᠶᠠᠳ ᠠᠶᠠᠯᠭᠤᠨ ᠳᠤ ᠲᠡᠳᠦᠢ ᠦᠭᠡᠢ ᠮᠣᠩᠭᠣᠯ ᠤᠨ ᠪᠤᠰᠤᠳ ᠣᠯᠠᠨ ᠠᠶᠠᠯᠭᠤᠨ ᠳᠤ ᠨᠡᠶᠢᠴᠡᠭᠦᠯᠦᠨ ᠵᠣᠬᠢᠶᠠᠭᠰᠠᠨ ᠪᠠᠶᠢᠨ᠎ᠠ᠃ ᠵᠢᠱᠢᠶ᠎ᠡ ᠨᠢ: ᠵ᠂ ᠽ᠂ ᠴ᠂ ᠼ ᠵᠡᠷᠭᠡ ᠦᠰᠦᠭ ᠢ ᠣᠷᠣᠭᠤᠯᠤᠭᠰᠠᠨ ᠨᠢ ᠮᠣᠩᠭᠣᠯ ᠬᠡᠯᠡᠨ ᠦ ᠣᠯᠠᠨ ᠠᠶᠠᠯᠭᠤᠨ ᠳᠤ ᠲᠣᠬᠢᠷᠠᠨ᠎ᠠ᠃ ᠮᠥᠨ ᠣᠷᠣᠰ ᠬᠡᠯᠡᠨ ᠦ ᠦᠭᠡ ᠶᠢ ᠲᠡᠮᠳᠡᠭᠯᠡᠬᠦ ᠳᠦ ᠵᠣᠷᠢᠭᠤᠯᠵᠤ ᠶᠡ᠂ ᠫ᠂ ᠺ᠂ ᠳᠵ᠂ ᠹ᠂ ᠱᠴ ᠵᠡᠷᠭᠡ ᠨᠢᠭᠡᠨ ᠬᠡᠰᠡᠭ ᠦᠰᠦᠭ (ᠡᠨᠡ ᠨᠢ ᠭᠠᠯᠢᠭ ᠦᠰᠦᠭ ᠦᠨ ᠡᠭᠦᠷᠭᠡ ᠲᠡᠢ ᠪᠣᠯᠪᠠᠴᠤ ᠣᠳᠣ ᠶᠢᠨ ᠪᠤᠷᠢᠶᠠᠳ ᠤᠨ ᠠᠶᠠᠯᠭᠤᠨ ᠤ ᠦᠭᠡ ᠶᠢ ᠲᠡᠮᠳᠡᠭᠯᠡᠬᠦ ᠳᠦ ᠬᠡᠷᠡᠭᠲᠡᠢ ᠶᠤᠮ) ᠪᠤᠢ ᠶᠢ ᠳᠤᠷᠠᠳᠤᠯᠲᠠᠢ᠃ ᠸᠠᠭᠢᠨᠳᠠᠷ᠎ᠠ ᠶᠢᠨ ᠦᠰᠦᠭ ᠢᠶᠡᠷ 1905-1910 ᠤᠨ ᠤ ᠬᠣᠭᠣᠷᠣᠨᠳᠣ ᠰᠠᠨᠺᠲ ᠫᠧᠲ᠋ᠧᠷᠪᠦ᠋ᠷᠡᠭ ᠬᠣᠲᠠᠨ᠎ᠠ ᠴᠢᠯᠠᠭᠤᠨ ᠪᠠᠷ ᠢᠶᠠᠷ ᠬᠡᠯᠡ ᠵᠦᠢ ᠶᠢᠨ ᠪᠢᠴᠢᠭ᠂ ᠠᠷᠠᠳ ᠤᠨ ᠪᠢᠯᠢᠭ ᠦᠨ ᠵᠦᠢᠯ ᠦᠨ ᠡᠮᠬᠢᠳᠬᠡᠯ 10 ᠭᠠᠷᠤᠢ ᠳᠡᠪᠲᠡᠷ᠂ ᠨᠣᠮ ᠬᠡᠪᠯᠡᠨ ᠭᠠᠷᠭᠠᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ