ᠷᠤᠮᠠᠨᠢᠶ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠷᠤᠮᠠᠨᠢᠶ ᠠ ᠤᠯᠤᠰ
România
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠷᠤᠮ᠃ "Deșteaptă-te, române!"
«ᠷᠣᠮ ᠤᠨᠴᠤᠳ᠎ᠠ᠂ ᠰᠡᠷᠡᠴᠡᠭᠡ!»
ᠧᠦ᠋ᠷᠣᠫᠠ ᠶᠢᠨ ᠬᠣᠯᠪᠣᠭ᠎ᠠᠨ (ᠤᠯᠠᠪᠢᠷ ᠰᠢᠷ᠎ᠠ) ᠳᠠᠬᠢ ᠷᠤᠮᠠᠨᠢᠶ ᠠ (ᠤᠯᠠᠭᠠᠨ)
ᠧᠦ᠋ᠷᠣᠫᠠ ᠶᠢᠨ ᠬᠣᠯᠪᠣᠭ᠎ᠠᠨ (ᠤᠯᠠᠪᠢᠷ ᠰᠢᠷ᠎ᠠ) ᠳᠠᠬᠢ ᠷᠤᠮᠠᠨᠢᠶ ᠠ (ᠤᠯᠠᠭᠠᠨ)
ᠨᠡᠶᠢᠰᠯᠡᠯ 
(ᠶᠡᠬᠡ ᠬᠣᠲᠠ)
Bucharest-Coat-of-Arms.png ᠪᠤᠬᠠᠷᠧᠰᠲ
ᠠᠯᠪᠠᠨ ᠬᠡᠯᠡ ᠷᠤᠮᠠᠨᠢᠶ ᠠ ᠬᠡᠯᠡ
ᠠᠷᠠᠳ ᠲᠦᠮᠡᠨ 
(2011 ᠤᠨ)
88.6% - ᠷᠤᠮᠠᠨᠢᠶ ᠠ
6.5% - ᠬᠠᠩᠭᠠᠷᠢ
3.2% - ᠴ ᠢᠶᠠᠨ
1.7% - ᠪᠤᠰᠤᠳ[1]
ᠣᠯᠠᠨ ᠲᠦᠮᠡᠨ ᠷᠤᠮᠠᠨᠢᠶ ᠠ ᠤ ᠬᠢᠨ
ᠲᠥᠷᠥ ᠵᠠᠰᠠᠭ ᠫᠠᠷᠯᠠᠮᠧᠨᠲ ᠤᠨ ᠪᠦᠭᠦᠳᠡ ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠲᠷᠠᠶᠠᠨ ᠪᠰᠧᠰᠺᠦ᠋
 -  ᠶᠡᠷᠦᠩᠬᠡᠢ ᠰᠠᠶᠢᠳ ᠸᠢᠺᠲ᠋ᠣᠷ ᠫᠣᠨᠲ᠋ᠠ
ᠤᠯᠤᠰ ᠤᠨ ᠬᠤᠷᠠᠯ 2 ᠲᠠᠩᠬᠢᠮ ᠲᠠᠢ «ᠫᠠᠷᠯᠠᠮᠧᠨᠲ»
ᠲᠤᠰᠠᠭᠠᠷ ᠲᠣᠭᠲᠠᠨᠢᠯ
 -  ᠲᠷᠠᠨᠰᠡᠯᠸᠠᠨᠢ ᠲᠠᠪᠤᠳᠤᠭᠠᠷ ᠵᠠᠭᠤᠨ 
 -  ᠸᠠᠯᠯᠠᠬᠢ 1290 ᠣᠨ 
 -  ᠮᠣᠯᠳᠤᠪᠠ 1346 ᠣᠨ 
 -  ᠨᠢᠭᠡᠳᠦᠭᠰᠡᠨ ᠤᠯᠤᠰ 1599 
 -  ᠮᠣᠯᠳᠤᠪᠠ᠂ ᠸᠠᠯᠯᠠᠬᠢ ᠶᠢ ᠳᠠᠬᠢᠨ ᠨᠢᠭᠡᠳᠬᠡᠭᠰᠡᠨ 1859 ᠣᠨ ᠤ 1 ᠰᠠᠷ᠎ᠠ ᠶᠢᠨ 24 
 -  ᠪᠣᠳᠠᠲᠤ ᠪᠠᠷ ᠪᠠᠲᠤ ᠲᠠᠢ ᠲᠤᠰᠠᠭᠠᠷ ᠲᠣᠭᠲᠠᠨᠢᠭᠰᠠᠨ 1878 ᠣᠨ ᠤ 7 ᠰᠠᠷ᠎ᠠ ᠶᠢᠨ 13 
 -  ᠲᠷᠠᠨᠰᠡᠯᠸᠠᠨ ᠢ ᠨᠢᠭᠡᠳᠬᠡᠭᠰᠡᠨ 1918 ᠣᠨ ᠤ 12 ᠰᠠᠷ᠎ᠠ ᠶᠢᠨ 1 
ᠨᠤᠲᠤᠭ ᠳᠡᠪᠢᠰᠬᠡᠷ
 -  ᠪᠦᠬᠦ ᠲᠠᠯᠠᠪᠠᠢ 238,391 km2 (83)
 -  ᠭᠠᠳᠠᠷᠭᠤ ᠶᠢᠨ ᠤᠰᠤ (%) 3 %
ᠬᠦᠮᠦᠨ ᠠᠮᠠ
 -  ᠲᠣᠭᠠᠯᠠᠯᠭ᠎ᠠ (2011) 19,042,936 [1] (59)
 -  ᠨᠢᠭᠲᠠᠴᠠ ᠰᠡᠶᠢᠷᠡᠭ 80 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $267.151 ᠲᠡᠷᠪᠤᠮ[2] 
 -  ᠨᠢᠭᠡ ᠬᠦᠨᠳᠦ $14,029[2] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $189.776 ᠲᠡᠷᠪᠤᠮ[2] 
 -  ᠨᠢᠭᠡ ᠬᠦᠨᠳᠦ $8,862[2] 
Gini (2008) 32[3] (ᠳᠤᠮᠳᠠᠴᠢ
ᠬᠡᠦᠬᠡᠳ ᠦᠨ ᠬᠥᠭᠵᠢᠯ ᠦᠨ ᠢᠨᠳᠧᠺᠰ (2011) 0.781[4] (ᠰᠠᠶᠢᠨ) (50)
ᠮᠥᠩᠭᠥᠨ ᠦ ᠨᠢᠭᠡᠴᠡ ᠷᠤᠮᠠᠨᠢᠶ ᠠ ᠯᠸ (RON)
ᠴᠠᠭ ᠤᠨ ᠪᠥᠰᠡ ДЕЦ (GMT+2)
 -  ᠵᠤᠨ ᠤ ᠴᠠᠭ ДЕЗЦ (GMT+3)
ᠳ᠋ᠦᠮᠠᠢᠨ ᠤ ᠨᠡᠷ᠎ᠡ .ro1
ᠤᠲᠠᠰᠤᠨ ᠤ ᠲᠣᠮᠢᠶ᠎ᠠ +40
1ᠧᠦ᠋ᠷᠣᠫᠠ ᠶᠢᠨ ᠬᠣᠯᠪᠣᠭ᠎ᠠᠨ ᠤ ᠭᠡᠰᠢᠭᠦᠨ ᠲᠤᠯᠠ ᠮᠥᠨ .eu ᠍ ᠢ ᠬᠡᠷᠡᠭᠯᠡᠨ᠎ᠡ᠃

ᠷᠤᠮᠠᠨᠢᠶ ᠠ ᠨᠢ ᠵᠡᠭᠦᠨ ᠧᠦ᠋ᠷᠣᠫᠠ ᠲᠤ ᠤᠷᠤᠰᠢᠬᠤ ᠤᠯᠤᠰ ᠶᠤᠮ᠃ ᠪᠠᠷᠠᠭᠤᠨ ᠤᠷᠢᠳᠤ ᠲᠠᠯ᠎ᠠ ᠪᠠᠷ ᠢᠶᠠᠨ ᠰᠧᠷᠪᠢ᠂ ᠪᠠᠷᠠᠭᠤᠨ ᠲᠠᠯ᠎ᠠ ᠪᠠᠷ ᠢᠶᠠᠨ ᠬᠠᠩᠭᠠᠷᠢ᠂ ᠬᠣᠶᠢᠳᠤ ᠲᠠᠯ᠎ᠠ ᠪᠠᠷ ᠢᠶᠠᠨ ᠦᠺᠷᠠᠶᠢᠨ᠂ ᠵᠡᠭᠦᠨ ᠬᠣᠶᠢᠳᠤ ᠲᠠᠯ᠎ᠠ ᠪᠠᠷ ᠢᠶᠠᠨ ᠮᠣᠯᠳᠤᠪᠠ᠂ ᠡᠮᠦᠨ᠎ᠡ ᠲᠠᠯ᠎ᠠ ᠪᠠᠷ ᠢᠶᠠᠨ ᠪᠣᠯᠭᠠᠷᠢᠶ᠎ᠠ ᠤᠯᠤᠰ ᠤᠳ ᠲᠠᠢ ᠬᠢᠯᠢᠯᠡᠬᠦ ᠪᠥᠭᠡᠳ ᠵᠡᠭᠦᠨ ᠲᠠᠯ᠎ᠠ ᠪᠠᠷ ᠢᠶᠠᠨ ᠬᠠᠷ᠎ᠠ ᠲᠡᠩᠭᠢᠰ ᠡᠭᠡᠷᠡ ᠬᠦᠷᠢᠶᠡᠯᠡᠭᠳᠡᠨ᠎ᠡ᠃ ᠨᠡᠶᠢᠰᠯᠡᠯ ᠨᠢ ᠪᠤᠬᠠᠷᠧᠰᠲ ᠬᠣᠲᠠ᠃

ᠵᠡᠭᠦᠨ ᠧᠦ᠋ᠷᠣᠫᠠ ᠶᠢᠨ ᠰᠯᠠᠪ ᠭᠠᠷᠤᠯ ᠲᠠᠢ ᠤᠯᠤᠰ ᠤᠳ ᠳᠤᠮᠳᠠ ᠤᠷᠤᠰᠢᠬᠤ ᠷᠤᠮᠠ ᠭᠠᠷᠤᠯ ᠲᠠᠢ ᠤᠯᠤᠰ ᠪᠥᠭᠡᠳ ᠴᠣᠷ ᠤᠨ ᠭᠠᠭᠴᠠ ᠠᠯᠪᠠᠨ ᠶᠣᠰᠣᠨ ᠤ ᠬᠡᠯᠡ ᠨᠢ ᠷᠤᠮᠠᠨᠢᠶ ᠠ ᠬᠡᠯᠡ ᠶᠤᠮ᠃ ᠦᠨᠡᠨ ᠠᠯᠳᠠᠷᠲᠠᠨ ᠤ ᠱᠠᠰᠢᠨ ᠤ ᠨᠥᠯᠥᠭᠡ ᠶᠡᠬᠡ ᠲᠡᠢ᠃

ᠲᠥᠷᠥ ᠶᠢᠨ ᠳᠠᠯᠪᠠᠭ᠎ᠠ ᠨᠢ ᠴᠢᠳ ᠍ ᠤᠨ ᠲᠥᠷᠥ ᠶᠢᠨ ᠳᠠᠯᠪᠠᠭ᠎ᠠ ᠲᠠᠢ ᠠᠨᠳᠠᠭᠤᠷᠠᠭᠳᠠᠬᠤ ᠲᠣᠬᠢᠶᠠᠯᠳᠤᠯ ᠶᠡᠬᠡ ᠪᠠᠶᠢᠳᠠᠭ ᠴᠤ ᠷᠤᠮᠠᠨᠢᠶ ᠠ ᠤ ᠲᠥᠷᠥ ᠶᠢᠨ ᠳᠠᠯᠪᠠᠭᠠᠨ ᠤ ᠴᠡᠩᠬᠡᠷ ᠥᠩᠭᠡ ᠨᠢ ᠠᠷᠠᠢ ᠪᠦᠳᠡᠭᠢ ᠶᠤᠮ᠃ 1989 ᠣᠨ ᠳᠤ ᠠᠷᠠᠳᠴᠢᠯᠠᠭᠰᠠᠨ ᠰᠢᠰᠲ᠋ᠧᠮ ᠳᠦ ᠰᠢᠯᠵᠢᠬᠦ ᠬᠦᠷᠲᠡᠯ᠎ᠡ ᠲᠥᠷᠥ ᠶᠢᠨ ᠳᠠᠯᠪᠠᠭᠠᠨ ᠤ ᠭᠣᠣᠯ ᠳᠤ ᠨᠢ ᠲᠡᠷᠡ ᠦᠶ᠎ᠡ ᠶᠢᠨ ᠲᠥᠷᠥ ᠶᠢᠨ ᠰᠦᠯᠳᠡ ᠨᠢ ᠳᠦᠷᠰᠦᠯᠡᠭᠳᠡᠭᠰᠡᠨ ᠪᠠᠶᠢᠳᠠᠭ ᠪᠠᠶᠢᠪᠠ᠃

ᠨᠡᠷᠡᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠨᠡᠷ᠎ᠡ ᠨᠢ ᠷᠤᠮᠠᠨᠢᠶ ᠠ ᠬᠡᠯᠡ ᠪᠡᠷ Romᠸnia, ᠮᠣᠩᠭᠣᠯ ᠬᠡᠯᠡᠡᠭᠡᠷᠡ ᠷᠤᠮᠠᠨᠢᠶ ᠠ ᠭᠡᠳᠡᠭ᠃

ᠤᠭ ᠨᠡᠷ᠎ᠡ ᠨᠢ "ᠷᠤᠮᠠᠴᠤᠳ ᠤᠨ ᠨᠤᠲᠤᠭ" ᠬᠡᠮᠡᠬᠦ ᠤᠳᠬ᠎ᠠ ᠲᠠᠢ᠃ ᠬᠠᠭᠤᠴᠢᠨ ᠨᠡᠷ᠎ᠡ ᠨᠦᠭᠦᠳ ᠢ ᠨᠢ ᠳᠣᠣᠷ᠎ᠠ ᠤᠷᠤᠭᠤᠯᠪᠠ:

  • 1947-1965 ᠪᠦᠭᠦᠳᠡ ᠨᠠᠶᠢᠷᠠᠮᠳᠠᠬᠤ ᠷᠤᠮᠠᠨᠢᠶ ᠠ ᠠᠷᠠᠳ ᠤᠯᠤᠰ
  • 1965-1989 ᠪᠦᠭᠦᠳᠡ ᠨᠠᠶᠢᠷᠠᠮᠳᠠᠬᠤ ᠰᠣᠴᠢᠶᠠᠯᠢᠰᠲᠤ ᠷᠤᠮᠠᠨᠢᠶ ᠠ ᠤᠯᠤᠰ
  • 1989- ᠷᠤᠮᠠᠨᠢᠶ ᠠ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠷᠤᠮᠠᠨᠢᠶ ᠠ ᠤ ᠲᠡᠦᠬᠡ

ᠮᠥᠨ ᠮᠣᠯᠳᠠᠪᠠ ᠶᠢᠨ ᠲᠡᠦᠬᠡᠡᠶᠢᠭ ᠦᠵᠡᠨ᠎ᠡ ᠦᠦ᠃

ᠡᠷᠲᠡᠨ ᠦ ᠳᠠᠺᠢ

ᠡᠷᠲᠡ ᠴᠠᠭ ᠲᠤ ᠳᠠᠺᠢᠴᠤᠳ ᠷᠤᠮᠠᠨᠢᠶ ᠠ ᠤ ᠨᠤᠲᠤᠭ ᠲᠤ ᠣᠷᠣᠰᠢᠨ ᠰᠠᠭᠤᠳᠠᠭ ᠪᠠᠶᠢᠪᠠ᠃ ᠤᠯᠠᠮ ᠢᠶᠠᠷ ᠷᠤᠮᠠᠨᠢᠶ ᠠ ᠡᠵᠡᠨᠲᠦ ᠭᠦᠷᠦᠨ ᠦ ᠮᠡᠳᠡᠯ ᠳᠦ ᠪᠠᠭᠲᠠᠰᠤᠨ ᠢᠶᠠᠷ ᠷᠤᠮᠠᠨᠢᠶ ᠠ ᠬᠡᠮᠡᠬᠦ ᠨᠡᠷ᠎ᠡ ᠡᠭᠦᠰᠴᠡᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠤᠮᠠᠨᠢᠶ ᠠ ᠵᠠᠰᠠᠭ ᠵᠠᠬᠢᠷᠭᠠᠨ ᠤ ᠬᠤᠪᠢ ᠳᠤ 41 ᠠᠶᠢᠮᠠᠭ , 1 ᠨᠡᠶᠢᠰᠯᠡᠯ (ᠪᠤᠬᠠᠷᠧᠰᠲ) ᠍ ᠳᠦ ᠬᠤᠪᠢᠶᠠᠭᠳᠠᠨ᠎ᠠ᠃

ᠷᠤᠮᠠᠨᠢᠶ ᠠ ᠤ ᠠᠶᠢᠮᠠᠭᠴᠢᠯᠠᠯ

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠤᠮᠠᠨᠢᠶ ᠠ ᠤ ᠭᠠᠵᠠᠷ ᠤᠨ ᠵᠢᠷᠤᠭ

ᠰᠧᠷᠪᠢᠪᠣᠯᠭᠠᠷᠢᠶ᠎ᠠ ᠤᠯᠤᠰ ᠲᠠᠢ ᠬᠢᠯᠢᠯᠡᠬᠦ ᠬᠢᠯᠢ ᠨᠢ ᠶᠡᠷᠦᠩᠬᠡᠢ ᠳᠤ ᠪᠡᠨ ᠳᠤᠨᠠᠢ ᠮᠥᠷᠡᠨ ᠦ ᠳᠠᠭᠠᠤ ᠪᠠᠶᠢᠳᠠᠭ᠃ ᠮᠣᠯᠳᠤᠪᠠᠲᠠᠢ ᠬᠢᠯᠢᠯᠡᠬᠦ ᠬᠢᠯᠢ ᠪᠣᠯᠬᠤ ᠫᠠᠷ ᠲᠤ ᠭᠣᠣᠯ ᠨᠢ ᠳᠤᠨᠠᠢ ᠮᠥᠷᠡᠨ ᠲᠡᠢ ᠨᠡᠶᠢᠯᠡᠵᠦ᠂ ᠬᠠᠷ᠎ᠠ ᠲᠡᠩᠭᠢᠰ ᠲᠤ ᠴᠢᠳᠬᠤᠨ᠎ᠠ᠃ ᠳᠤᠨᠠᠢ ᠮᠥᠷᠡᠨ ᠦ ᠠᠳᠠᠭ ᠳᠧᠯᠲ ᠨᠢ ᠲᠤᠰᠬᠠᠢ ᠬᠠᠮᠠᠭᠠᠯᠠᠯᠲᠠ ᠲᠠᠢ᠃

ᠷᠤᠮᠠᠨᠢᠶ ᠠ ᠤ ᠨᠤᠲᠤᠭ ᠤᠨ 34% ᠍ ᠢ ᠠᠤᠯᠠᠯᠠᠰ᠂ 33% ᠍ ᠢ ᠲᠣᠯᠣᠭᠠᠳ᠂ 33% ᠍ ᠢ ᠲᠠᠯ᠎ᠠ ᠭᠠᠵᠠᠷ ᠡᠵᠡᠯᠡᠨ᠎ᠡ᠃ ᠲᠤᠰ ᠤᠯᠤᠰ ᠤᠨ ᠲᠥᠪᠡᠳ ᠺᠠᠷᠫᠠᠲ ᠤᠨ ᠨᠢᠷᠤᠭᠤ ᠲᠷᠠᠨᠰᠡᠯᠸᠡᠨ ᠦ ᠲᠡᠭᠰᠢ ᠥᠨᠳᠥᠷᠯᠢᠭ ᠢᠶᠡᠷ ᠬᠦᠷᠢᠶᠡᠯᠡᠭᠳᠡᠨ ᠣᠷᠣᠰᠢᠨ᠎ᠠ᠃ ᠺᠠᠷᠫᠠᠲ ᠤᠨ ᠨᠢᠷᠤᠭᠤᠨ ᠳᠤ ᠳᠠᠯᠠᠢ ᠶᠢᠨ ᠲᠦᠪᠰᠢᠨ ᠡᠴᠡ ᠳᠡᠭᠡᠭᠰᠢ 2,000 ᠮ ᠡᠴᠡ ᠥᠨᠳᠥᠷ 14 ᠣᠷᠭᠢᠯ ᠪᠤᠢ᠃ ᠬᠠᠮᠤᠭ ᠤᠨ ᠥᠨᠳᠥᠷ ᠮᠣᠯᠳᠤᠪᠢᠨᠤ ᠣᠷᠭᠢᠯ ᠨᠢ 2,544 ᠮ ᠥᠨᠳᠥᠷ ᠶᠠᠭᠤᠮ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1961-2003 ᠣᠨ ᠤ ᠬᠦᠮᠦᠨ ᠠᠮᠠ ᠶᠢᠨ ᠥᠭᠡᠷᠡᠴᠢᠯᠡᠯᠲᠡ ᠶᠢᠨ ᠭᠷᠠᠹᠢᠺ

ᠣᠷᠣᠰᠢᠨ ᠰᠠᠭᠤᠭᠴᠢᠳ ᠤᠨ 89% ᠢᠨᠦ ᠷᠤᠮᠠᠨᠢᠶ ᠠ᠂ 6% ᠨᠢ ᠮᠠᠵᠠᠷ᠂ 2% ᠨᠢ ᠴ ᠢᠶᠠᠨ ᠦᠨᠳᠦᠰᠦᠲᠡᠨ ᠪᠣᠯᠤᠨ᠎ᠠ᠃ ᠮᠥᠨ ᠰᠧᠷᠪᠦᠺᠷᠠᠶᠢᠨᠭᠧᠷᠮᠠᠨᠲᠦᠷᠺᠲᠠᠲ᠋ᠠᠷᠰᠯᠣᠸᠠᠺᠪᠣᠯᠭᠠᠷᠢᠶ᠎ᠠᠣᠷᠣᠰᠢᠪᠡᠷᠡᠢᠴᠦᠦ ᠳᠦ ᠴᠥᠭᠡᠨ ᠲᠣᠭ᠎ᠠ ᠲᠠᠢ ᠪᠤᠢ᠃ ᠷᠤᠮᠠ ᠤᠨᠴᠤᠳ ᠨᠢ ᠡᠷᠲᠡᠨ ᠦ ᠳᠠᠺᠢ ᠪᠣᠯᠤᠨ ᠰᠢᠯᠵᠢᠨ ᠰᠠᠭᠤᠷᠢᠰᠢᠭᠰᠠᠨ ᠴ ᠢᠶᠠᠨ ᠨᠤᠭᠤᠳ ᠤᠨ ᠴᠢᠰᠤ ᠬᠣᠯᠢᠯᠳᠤᠵᠤ ᠡᠭᠦᠰᠦᠭᠰᠡᠨ ᠭᠡᠵᠦ ᠦᠵᠡᠳᠡᠭ ᠴᠤ ᠬᠦᠯᠢᠶᠡᠨ ᠵᠥᠪᠰᠢᠶᠡᠷᠡᠳᠡᠭ ᠦᠭᠡᠢ ᠬᠦᠮᠦᠰ ᠪᠤᠢ᠃ ᠮᠠᠵᠠᠷ ᠤᠳ ᠤᠨ ᠶᠡᠬᠡᠩᠬᠢ ᠨᠢ ᠬᠠᠩᠭᠠᠷᠢ ᠲᠠᠢ ᠭᠠᠵᠠᠷ ᠨᠤᠲᠤᠭ ᠤᠨ ᠮᠠᠷᠭᠤᠭᠠᠨ ᠲᠠᠢ ᠲᠷᠠᠨᠰᠡᠯᠸᠠᠨᠢ ᠳᠤ ᠠᠮᠢᠳᠤᠷᠠᠳᠠᠭ᠃

ᠴᠠᠭᠱᠧᠰᠺᠦ᠋ ᠍ ᠶᠢᠨ ᠵᠠᠰᠠᠭᠯᠠᠯ ᠤᠨ ᠦᠶ᠎ᠡ ᠳᠦ ᠲᠥᠷᠥᠯᠲᠡ ᠶᠢ ᠳᠡᠮᠵᠢᠬᠦ ᠪᠣᠳᠣᠯᠭ᠎ᠠ ᠪᠠᠷᠢᠮᠲᠠᠯᠠᠵᠤ᠂ ᠪᠠᠯᠺᠠᠨ ᠤ ᠬᠣᠶᠢᠭ ᠤᠨ ᠬᠠᠮᠤᠭ ᠤᠨ ᠶᠡᠬᠡ ᠬᠦᠮᠦᠨ ᠠᠮᠠ ᠲᠠᠢ ᠤᠯᠤᠰ ᠪᠣᠯᠤᠭᠰᠠᠨ ᠴᠤ ᠵᠠᠬ᠎ᠠ ᠵᠡᠭᠡᠯᠢ ᠶᠢᠨ ᠰᠢᠰᠲ᠋ᠧᠮ ᠳᠦ ᠰᠢᠯᠵᠢᠭᠰᠡᠨ ᠦ ᠳᠠᠷᠠᠭ᠎ᠠ ᠬᠡᠦᠬᠡᠳ ᠢᠶᠡᠨ ᠥᠰᠬᠡᠵᠦ ᠬᠦᠴᠦᠷᠡᠬᠦ ᠦᠭᠡᠢ ᠪᠣᠯᠤᠭᠰᠠᠨ ᠡᠴᠢᠭᠡ ᠡᠬᠡᠴᠦᠳ ᠬᠡᠦᠬᠡᠳ ᠢᠶᠡᠨ ᠬᠠᠶᠠᠬᠤ ᠦᠵᠡᠭᠳᠡᠯ  ᠶᠡᠬᠡ ᠭᠠᠷᠤᠭᠰᠠᠨ ᠪᠢᠯᠡ᠃

ᠳᠡᠯᠡᠬᠡᠢ ᠶᠢᠨ ᠥᠪ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠤᠮᠠᠨᠢᠶ ᠠ ᠤ ᠨᠤᠲᠤᠭ ᠲᠤ United Nations Educational Scientific and Cultural Organization ᠍ ᠶᠢᠨ ᠳᠡᠯᠡᠬᠡᠢ ᠶᠢᠨ ᠥᠪᠡᠶᠢᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠰᠤᠶᠤᠯ ᠤᠨ ᠥᠪ 6, ᠪᠠᠶᠢᠭᠠᠯᠢ ᠶᠢᠨ ᠥᠪ 1 ᠪᠤᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 Romanian 2011 census (ᠷᠤᠮᠠᠨᠢᠶ ᠠ). www.edrc.ro. 2010-02-22 ᠍ ᠳᠦ ᠬᠠᠨᠳᠤᠭᠰᠠᠨ᠃
  2. 2.0 2.1 2.2 2.3 Romania. International Monetary Fund. 20 April 2012 ᠍ ᠳᠦ ᠬᠠᠨᠳᠤᠭᠰᠠᠨ᠃
  3. CIA – The World Factbook – Field Listing :: Distribution of family income – Gini index. Central Intelligence Agency. 31 December 2010 ᠍ ᠳᠦ ᠬᠠᠨᠳᠤᠭᠰᠠᠨ᠃
  4. Human Development Report 2010. United Nations (2010). 5 November 2010 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠷᠤᠮᠠᠨᠢᠶ ᠠ»
ᠵᠠᠰᠠᠭ ᠤᠨ ᠭᠠᠵᠠᠷ
ᠶᠡᠷᠦᠩᠬᠡᠢ ᠮᠡᠳᠡᠭᠡᠯᠡᠯ
ᠡᠳ᠋ ᠍ ᠦᠨ ᠵᠠᠰᠠᠭ ᠪᠣᠯᠤᠨ ᠬᠠᠤᠯᠢ
ᠰᠤᠶᠤᠯ ᠤᠷᠠᠯᠢᠭᠪᠠ ᠲᠡᠦᠬᠡ
ᠵᠢᠭᠤᠯᠴᠢᠯᠠᠯ

ᠪᠢᠴᠢᠭᠡᠰᠦ