ᠷᠣᠢ ᠮᠠᠲ᠋ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠳᠤᠷᠢᠳᠤᠭᠴᠢ ᠷᠣᠢ ᠮᠠᠲᠠᠭ ᠤᠨ ᠡᠳ᠋ᠯᠡᠨ*
United Nations Educational Scientific and Cultural Organization ᠍ ᠶᠢᠨ ᠳᠡᠯᠡᠬᠡᠢ ᠶᠢᠨ ᠥᠪ

Eretoka-2008-11-02.jpg
ᠡᠷᠧᠲ᠋ᠣᠺᠠ ᠠᠷᠠᠯ
ᠲᠥᠷᠥᠯ ᠰᠤᠶᠤᠯ ᠤᠨ
ᠰᠢᠯᠭᠠᠭᠤᠷ iii, v, vi
ᠳ᠋ᠤᠭᠠᠷ 1280
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 2008  (32 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠷᠣᠢ ᠮᠠᠲ᠋ᠠ (ᠠᠩᠭᠯᠢ ᠪᠠᠷ Roy Mata) ᠨᠢ ᠸᠧᠨᠧᠰᠭᠠ ᠠᠴᠠ ᠭᠠᠷᠤᠯ ᠲᠠᠢ ᠬᠦᠴᠦᠷᠬᠡᠭ ᠤᠳᠤᠷᠢᠳᠤᠭᠴᠢ ᠪᠥᠭᠡᠳ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠮᠧᠯᠢᠨᠧᠽᠢᠭᠢᠭ ᠬᠢᠨᠠᠯᠲᠠᠨ ᠳᠤ ᠪᠠᠨ ᠪᠠᠶᠢᠯᠭᠠᠵᠤ ᠪᠠᠶᠢᠴᠠᠢ᠃ ᠷᠧᠲ᠋ᠣᠺᠠ ᠠᠷᠠᠯ ᠤᠨ ᠬᠢᠨ ᠤ ᠠᠮᠠ ᠳᠠᠮᠵᠢᠭ᠌ᠰᠠᠨ ᠦᠯᠢᠭᠡᠷ ᠳᠣᠮᠣᠭᠲᠤ ᠦᠨᠳᠦᠰᠦᠯᠡᠨ ᠬᠠᠶᠢᠭᠤᠯ ᠬᠢᠭᠰᠡᠨ ᠹᠷᠠᠨᠼᠢ ᠍ ᠤᠨ ᠠᠷᠬᠧᠣᠯᠣᠭᠢᠴᠢ ᠵᠣᠽᠧ ᠭᠠᠷᠷᠠᠨᠵᠧᠷ 1967 ᠣᠨ ᠳᠤ 25 ᠳᠠᠭᠠᠯᠳᠤᠭᠰᠠᠳ ᠤᠨ ᠬᠢ ᠨᠢ ᠬᠠᠮᠲᠤ ᠣᠷᠣᠰᠢᠭᠤᠯᠤᠭᠰᠠᠨ ᠷᠣᠢ ᠮᠠᠲᠠᠭ ᠤᠨ ᠪᠤᠯᠠᠰᠢ ᠶᠢ ᠢᠯᠡᠷᠡᠭᠦᠯᠦᠭᠰᠡᠨ ᠪᠥᠭᠡᠳ United Nations Educational Scientific and Cultural Organization ᠍ ᠶᠢᠨ ᠳᠡᠯᠡᠬᠡᠢ ᠶᠢᠨ ᠥᠪ ᠳᠤ 2008 ᠣᠨ ᠳᠤ ᠪᠦᠷᠢᠳᠬᠡᠭᠳᠡᠵᠡᠢ᠃ ᠳᠣᠮᠣᠭ ᠲᠤ ᠦᠭᠦᠯᠡᠭᠰᠡᠨ ᠢᠶᠡᠷ ᠷᠣᠢ ᠮᠠᠲ᠋ᠠ ᠠᠭᠤᠳᠠᠮ ᠨᠤᠲᠤᠭ ᠲᠤ ᠲᠠᠷᠬᠠᠨ ᠰᠠᠭᠤᠷᠢᠰᠢᠭᠰᠠᠨ ᠣᠯᠠᠨ ᠣᠪᠤᠭ ᠠᠶᠢᠮᠠᠭ ᠤᠳ ᠤᠨ ᠨᠢᠭᠡᠳᠬᠡᠨ᠂ ᠡᠩᠬᠡ ᠲᠠᠶᠢᠪᠤᠩ ᠤᠨ ᠢ ᠮᠠᠨᠳᠤᠭᠤᠯᠵᠠᠢ᠃ ᠭᠡᠪᠡᠴᠦ ᠲᠡᠭᠦᠨ ᠦ ᠳᠡᠭᠦᠦ ᠨᠢ ᠬᠣᠣᠷ ᠥᠭᠭᠦᠨ ᠬᠥᠨᠥᠭᠡᠭᠰᠡᠨ ᠭᠡᠳᠡᠭ᠃ ᠥᠨᠥᠳᠥᠷ ᠸᠠᠩᠠᠲᠤᠳ ᠷᠣᠢ ᠮᠠᠲᠠᠭ ᠤᠨ ᠨᠡᠷ᠎ᠡ ᠶᠢ ᠥᠭᠡᠷ᠎ᠡ ᠵᠦᠢᠯ ᠳᠦ ᠬᠡᠷᠡᠭᠯᠡᠬᠦ ᠶᠢ ᠬᠣᠷᠢᠭᠯᠠᠭᠰᠠᠨ ᠪᠠᠶᠢᠳᠠᠭ᠃ ᠳᠡᠯᠡᠬᠡᠢ ᠶᠢᠨ ᠥᠪ ᠲᠦ ᠷᠣᠢ ᠮᠠᠲ᠋ᠠ ᠲᠠᠢ ᠬᠣᠯᠪᠣᠭᠳᠠᠬᠤ ᠳᠤᠷᠠᠰᠬᠠᠯ ᠤᠳ ᠪᠦᠬᠦᠢ ᠡᠹᠠᠲ᠋ᠧ᠂ ᠯᠧᠯᠧᠫᠠ᠂ ᠠᠷᠲ᠋ᠣᠺ ᠠᠷᠠᠯ ᠤᠳ ᠪᠦᠷᠢᠳᠬᠡᠭᠳᠡᠭᠰᠡᠨ ᠪᠠᠶᠢᠳᠠᠭ ᠠᠵᠡᠢ᠃

ᠪᠢᠴᠢᠭᠡᠰᠦ