ᠷᠢᠨᠴᠢᠨᠨᠢᠮ᠎ᠠ ᠶᠢᠨ ᠠᠮᠤᠷᠵᠢᠷᠭᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠷᠢᠨᠴᠢᠨᠨᠢᠮ᠎ᠠ ᠶᠢᠨ ᠠᠮᠤᠷᠵᠢᠷᠭᠠᠯ (1961 ᠣᠨ ᠤ 2 ᠰᠠᠷ᠎ᠠ ᠶᠢᠨ 27 ᠍ ᠳᠦ ᠲᠦᠷᠦᠭᠰᠡᠨ᠂ 1999 ᠣᠨ ᠤ 7 ᠰᠠᠷ᠎ᠠ ᠶᠢᠨ 30 ᠍ ᠨ ᠠᠴᠠ 2000 ᠣᠨ ᠤ 7 ᠰᠠᠷ᠎ᠠ ᠶᠢᠨ 26 ᠍ ᠤ ᠬᠣᠭᠣᠷᠣᠨᠳᠣ ᠠᠵᠢᠯᠯᠠᠭᠰᠠᠨ) ᠨᠢ ᠮᠣᠩᠭᠣᠯ ᠤᠯᠤᠰ ᠤᠨ 21 ᠳ᠋ᠡᠬᠢ ᠶᠡᠷᠦᠩᠬᠡᠢ ᠰᠠᠶᠢᠳ ᠪᠠᠶᠢᠪᠠ᠃ ᠡᠳ᠋ ᠍ ᠦᠨ ᠵᠠᠰᠠᠭᠴᠢ ᠮᠡᠷᠭᠡᠵᠢᠯ ᠲᠡᠢ᠃ ᠡᠬᠡᠨᠡᠷ᠂ 2 ᠬᠦᠦᠲᠡᠢ᠃

ᠬᠡᠦᠬᠡᠳ ᠠᠬᠤᠢ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠷᠢᠨᠴᠢᠨᠨᠢᠮ᠎ᠠ ᠶᠢᠨ ᠠᠮᠤᠷᠵᠢᠷᠭᠠᠯ ᠨᠢ 1961 ᠣᠨ ᠤ 2 ᠰᠠᠷ᠎ᠠ ᠶᠢᠨ 27 ᠍ ᠳᠦ ᠤᠯᠠᠭᠠᠨᠪᠠᠭᠠᠲᠤᠷ ᠬᠣᠲᠠᠣᠳᠣ ᠲᠥᠷᠦᠵᠢᠭᠡ᠃ ᠠᠶᠢᠯ ᠤᠨ ᠤᠤᠭᠠᠨ ᠬᠦᠦ ᠠᠮᠤᠷᠵᠢᠷᠭᠠᠯ ᠤᠨ ᠡᠴᠢᠭᠡ ᠳ᠃ᠷᠢᠨᠴᠢᠨᠨᠢᠮ᠎ᠠ ᠵᠢᠯᠣᠭᠣᠴᠢ ᠶᠢᠨ ᠮᠡᠷᠭᠡᠵᠢᠯ ᠲᠡᠢ᠂ ᠬᠣᠪᠳᠣ ᠠᠶᠢᠮᠠᠭ ᠤᠨ ᠵᠡᠷᠭᠡ ᠰᠤᠮᠤ ᠍ ᠤᠨ ᠠᠭᠤᠭᠤᠯ ᠪᠠ ᠡᠬᠡ ᠪ᠃ᠶᠠᠩᠵᠢᠨ ᠨᠢ ᠡᠮ᠎ᠡ ᠵᠦᠢᠴᠢ ᠪᠥᠭᠡᠳ ᠡᠳᠡᠨ ᠦ ᠬᠢ 3 ᠬᠡᠦᠬᠡᠳ ᠥᠰᠬᠡᠵᠦ ᠲᠣᠷᠨᠢᠭᠤᠯᠤᠭᠰᠠᠨ ᠠᠶᠢᠯ᠃

ᠡᠴᠢᠭᠡ ᠶᠢ ᠪᠡᠨ ᠲᠤᠬᠠᠢ ᠶᠢᠨ ᠦᠶ᠎ᠡ ᠶᠢᠨ ᠵᠥᠪᠯᠡᠯᠲᠦ ᠬᠣᠯᠪᠣᠭᠠᠲᠤ ᠤᠯᠤᠰ ᠳᠠᠬᠢ ᠮᠣᠩᠭᠣᠯ ᠤᠨ ᠡᠯᠴᠢᠨ ᠰᠠᠶᠢᠳ ᠤᠨ ᠶᠠᠮᠤᠠᠨᠳᠠ ᠠᠵᠢᠯᠯᠠᠵᠤ ᠪᠠᠶᠢᠭᠰᠠᠨ 4 ᠵᠢᠯ ᠢ ᠮᠣᠰᠺᠸᠠ ᠬᠣᠲᠣᠩ ᠢᠶᠠᠨ ᠥᠩᠭᠡᠷᠡᠭᠦᠯᠦᠭᠰᠡᠨ ᠢ ᠡᠰᠡ ᠲᠣᠭᠠᠴᠠᠪᠠᠯ ᠠᠮᠤᠷᠵᠢᠷᠭᠠᠯ ᠬᠡᠦᠬᠡᠳ ᠨᠠᠰᠤ ᠪᠠᠨ ᠲᠥᠷᠥᠯᠬᠢ ᠬᠣᠲᠠ ᠶᠢᠨ ᠢᠶᠠᠨ ᠮᠠᠬᠤᠸᠠᠷ ᠲᠣᠯᠣᠭᠠᠢ ᠭᠡᠳᠡᠭ ᠭᠠᠵᠠᠷ ᠥᠩᠭᠡᠷᠡᠭᠡᠵᠡᠢ᠃ ᠲᠡᠷᠡ ᠪᠡᠷ ᠨᠣᠮ ᠶᠡᠬᠡ ᠤᠩᠰᠢᠵᠤ᠂ ᠠᠩᠭᠢ ᠳᠡᠪᠰᠢᠬᠦ ᠲᠤᠰᠤᠮ ᠲᠣᠭᠠᠨ ᠳᠤ ᠲᠣᠯᠣᠭᠠᠢ ᠡᠪᠡᠳᠬᠦ ᠦᠭᠡᠢ᠂ ᠨᠡᠶᠢᠭᠡᠮ ᠤᠨ ᠲᠠᠯ᠎ᠠ ᠶᠢᠨ ᠬᠢᠴᠢᠶᠡᠯ ᠳᠦ ᠪᠦᠷ ᠴᠤ ᠢᠯᠡᠭᠦᠦ ᠰᠣᠨᠢᠷᠬᠠᠯᠲᠠᠢ ᠪᠣᠯᠵᠤ ᠪᠠᠶᠢᠯ᠎ᠠ᠃ ᠠᠮᠤᠷᠵᠢᠷᠭᠠᠯ ᠦᠶ᠎ᠡ ᠲᠡᠩ ᠦᠨ ᠨᠠᠶᠢᠵᠠ ᠨᠠᠷ ᠤᠨ ᠬᠠᠮᠲᠤ ᠪᠥᠮᠪᠥᠭᠡ ᠲᠣᠭᠯᠠᠵᠤ᠂ ᠬᠠᠶᠠ ᠨᠢᠭᠡ ᠺᠢᠨᠣ᠋ ᠦᠵᠡᠬᠦ ᠳᠤᠷᠠᠲᠠᠢ ᠪᠠᠶᠢᠴᠠᠢ᠃

ᠬᠥᠯ ᠪᠥᠮᠪᠥᠭᠡ ᠲᠤ ᠳᠤᠷᠠᠲᠠᠢ ᠪᠠᠶᠢᠭᠰᠠᠨ ᠲᠡᠷᠡ ᠪᠡᠷ ᠬᠣᠵᠢᠮ 1997 ᠣᠨ ᠳᠤ ᠮᠣᠩᠭᠣᠯ ᠤᠨ ᠬᠥᠯᠪᠥᠮᠪᠥᠭᠡ ᠶᠢᠨ ᠬᠣᠯᠪᠣᠭ᠎ᠠᠨ ᠤ ᠲᠡᠷᠢᠭᠦᠨ ᠢᠶᠡᠷ ᠰᠣᠩᠭᠣᠭᠳᠠᠨ ᠣᠳᠣ ᠶᠢ ᠬᠦᠷᠲᠡᠯ᠎ᠡ ᠦᠷ᠎ᠡ ᠪᠦᠲᠦᠭᠡᠯ ᠲᠡᠢ ᠠᠵᠢᠯᠯᠠᠵᠤ ᠪᠠᠶᠢᠨ᠎ᠠ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠮᠡᠳᠡᠯᠭᠡ ᠪᠣᠯ ᠬᠦᠴᠦ" ᠬᠡᠮᠡᠨ ᠬᠡᠯᠡᠬᠦ ᠳᠤᠷᠠᠲᠠᠢ ᠲᠡᠷᠡ ᠪᠡᠷ ᠤᠯᠠᠭᠠᠨᠪᠠᠭᠠᠲᠤᠷᠮᠣᠰᠺᠸᠠ᠂ ᠡᠷᠭᠢᠭᠡᠳ ᠤᠯᠠᠭᠠᠨᠪᠠᠭᠠᠲᠤᠷ ᠲᠤ ᠰᠤᠷᠤᠯᠴᠠᠵᠤ᠂ 1978 ᠣᠨ ᠳᠤ ᠨᠡᠶᠢᠰᠯᠡᠯ ᠦᠨ 10 ᠵᠢᠯ ᠦᠨ 14 ᠍ ᠳᠦᠭᠡᠷ ᠳᠤᠮᠳᠠ ᠰᠤᠷᠭᠠᠭᠤᠯᠢ ᠍ ᠢ ᠲᠡᠭᠦᠰᠴᠦ᠂ ᠮᠥᠨ ᠣᠨᠳᠣᠣ ᠮᠣᠰᠺᠸᠠ ᠬᠣᠲᠠ ᠶᠢᠨ ᠫᠯᠧᠬᠠᠨᠨᠣᠸ ᠍ ᠤᠨ ᠨᠡᠷᠡᠮᠵᠢᠲᠦ ᠤᠯᠤᠰ ᠠᠷᠠᠳ ᠤᠨ ᠠᠵᠤ ᠠᠬᠤᠢ ᠶᠢᠨ ᠳᠡᠭᠡᠳᠦ ᠰᠤᠷᠭᠠᠭᠤᠯᠢ ᠳᠤ ᠡᠯᠰᠡᠭᠰᠡᠨ ᠣᠷᠣᠵᠠᠢ᠃ 1982 ᠣᠨ ᠳᠤ ᠲᠤᠰ ᠰᠤᠷᠭᠠᠭᠤᠯᠢ ᠪᠠᠨ ᠡᠳ᠋ ᠍ ᠦᠨ ᠵᠠᠰᠠᠭᠴᠢ ᠮᠡᠷᠭᠡᠵᠢᠯ ᠢᠶᠡᠷ ᠲᠡᠭᠦᠰᠦᠭᠰᠡᠨ᠃

ᠮᠠᠰᠲᠷᠢᠬᠤᠲᠤ ᠶᠢᠨ ᠮᠧᠨᠧᠵᠮᠧᠨᠲ ᠦᠨ ᠣᠯᠠᠨ ᠤᠯᠤᠰ ᠤᠨ ᠢᠨᠰᠲ᠋ᠢᠲ᠋ᠦᠶᠢᠲ ᠦᠨ ᠤᠳᠤᠷᠢᠳᠬᠤ ᠠᠯᠪᠠᠨ ᠲᠤᠰᠢᠶᠠᠯᠲᠠᠨ ᠳᠤ ᠵᠣᠷᠢᠭᠤᠯᠤᠭᠰᠠᠨ ᠲᠤᠰᠬᠠᠢ ᠰᠤᠷᠭᠠᠯᠲᠠ ᠶᠢ 1992 ᠣᠨ ᠳᠤ ᠨᠢᠳᠧᠷᠯᠠᠨ᠋ᠳ᠋ ᠍ ᠲᠤᠺᠠᠨᠠᠳᠠ ᠤᠨ ᠪᠠᠷᠠᠭᠤᠨ ᠣᠨᠲ᠋ᠠᠷᠢᠭ᠎ᠠ ᠶᠢᠨ ᠶᠡᠬᠡ ᠰᠤᠷᠭᠠᠭᠤᠯᠢ ᠶᠢᠨ ᠤᠳᠤᠷᠢᠳᠤᠯᠭ᠎ᠠ ᠶᠢᠨ ᠲᠤᠰᠬᠠᠢ ᠰᠤᠷᠭᠠᠯᠲᠠ ᠶᠢ 1993 ᠣᠨ ᠳᠤ ᠤᠯᠠᠭᠠᠨᠪᠠᠭᠠᠲᠤᠷ ᠲᠤ ᠲᠤᠰ ᠲᠤᠰ ᠳᠦᠭᠦᠷᠭᠡᠭᠰᠡᠨ᠃

ᠠᠮᠤᠷᠵᠢᠷᠭᠠᠯ ᠨᠢ ᠪᠷᠢᠲ᠋ᠠᠨ(ᠠᠩᠭᠯᠢ) ᠤᠨ ᠵᠥᠪᠯᠡᠯ ᠡᠴᠡ ᠣᠯᠭᠤᠳᠠᠭ ᠴᠧᠸᠢᠩ ᠦᠨ ᠲᠡᠳᠬᠦᠯᠭᠡ ᠪᠡᠷ ᠪᠡᠷᠢ ᠳᠦ ᠹᠣᠷᠳ᠋ ᠍ ᠤᠨ ᠶᠡᠬᠡ ᠰᠤᠷᠭᠠᠭᠤᠯᠢ ᠳᠤ 1994 ᠣᠨ ᠠᠴᠠ 1995 ᠣᠨ ᠤ 2 ᠵᠢᠯ ᠦᠨ ᠬᠤᠭᠤᠴᠠᠭᠠᠨ ᠳᠤ ᠮᠠᠺᠷᠣ ᠡᠳ᠋ ᠍ ᠦᠨ ᠵᠠᠰᠠᠭ ᠤᠨ ᠪᠣᠳᠣᠯᠭ᠎ᠠ᠂ ᠲᠥᠯᠥᠪᠯᠡᠯᠲᠡ ᠪᠡᠷ ᠰᠤᠳᠤᠯᠭ᠎ᠠ ᠬᠢᠵᠦ ᠰᠢᠨᠵᠢᠯᠡᠬᠦ ᠤᠬᠠᠭᠠᠨ ᠤ ᠮᠠᠭᠢᠰᠲ᠋ᠷ ᠤᠨ ᠵᠡᠷᠭᠡ ᠬᠠᠮᠠᠭᠠᠯᠠᠵᠠᠢ᠃

ᠡᠷᠳᠡᠮ ᠦᠨ ᠵᠡᠷᠭᠡ ᠶᠢᠨ ᠰᠤᠳᠤᠯᠭᠠᠨ ᠤ ᠠᠵᠢᠯ ᠳᠤ ᠪᠠᠨ ᠮᠣᠩᠭᠣᠯ ᠤᠯᠤᠰ ᠲᠤ ᠡᠳ᠋ ᠍ ᠦᠨ ᠵᠠᠰᠠᠭ ᠤᠨ ᠰᠢᠨᠡᠴᠢᠯᠡᠯ ᠡᠬᠢᠯᠡᠭᠰᠡᠨ ᠡᠴᠡ ᠬᠣᠶᠢᠰᠢᠬᠢ ᠳᠥᠷᠪᠡᠨ ᠵᠢᠯ ᠦᠨ ᠦᠢᠯᠡ ᠶᠠᠪᠤᠴᠠ ᠶᠢ ᠳ᠋ᠦᠩᠨᠡᠨ ᠰᠢᠨᠵᠢᠯᠡᠭᠰᠡᠨ ᠨᠢ ᠤᠯᠤᠰ ᠣᠷᠣᠨ ᠤ ᠬᠥᠭᠵᠢᠯ ᠦᠨ ᠪᠠᠶᠢᠯᠳᠣᠬᠣ ᠪᠣᠳᠣᠯᠭ᠎ᠠ ᠍ ᠶᠢ ᠲᠣᠳᠣᠷᠬᠠᠶᠢᠯᠠᠬᠤ ᠳᠤ ᠡᠳᠦᠭᠡ ᠴᠤ ᠠᠴᠢ ᠬᠣᠯᠪᠣᠭᠳᠠᠯ ᠲᠠᠢ ᠪᠠᠶᠢᠭ᠎ᠠ ᠪᠢᠯᠡ᠃

ᠠᠵᠢᠯ ᠮᠡᠷᠭᠡᠵᠢᠯ ᠪᠠ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

21 ᠨᠠᠰᠤᠲᠠᠢ ᠳᠡᠭᠡᠳᠦ ᠰᠤᠷᠭᠠᠭᠤᠯᠢ ᠪᠠᠨ ᠡᠳ᠋ ᠍ ᠦᠨ ᠵᠠᠰᠠᠭᠴᠢ ᠮᠡᠷᠭᠡᠵᠢᠯ ᠢᠶᠡᠷ ᠲᠡᠭᠦᠰᠦᠭᠰᠡᠨ ᠷ᠃ᠠᠮᠤᠷᠵᠢᠷᠭᠠᠯ ᠮᠣᠩᠭᠣᠯ ᠤᠨ ᠦᠢᠯᠡᠳᠪᠡᠷᠴᠢᠨ ᠦ ᠡᠪᠯᠡᠯ ᠦᠨ ᠲᠥᠪ ᠵᠥᠪᠯᠡᠯᠳᠦ ᠵᠢᠭᠠᠪᠤᠷᠢᠯᠠᠭᠴᠢ ᠪᠠᠷ ᠠᠵᠢᠯ ᠮᠡᠷᠭᠡᠵᠢᠯ ᠦᠨ ᠭᠠᠷᠤᠭ᠎ᠠ ᠪᠠᠨ ᠡᠬᠢᠯᠡᠭᠰᠡᠨ ᠪᠢᠯᠡ᠃ 1983 ᠣᠨ ᠳᠤ ᠴᠡᠷᠢᠭ ᠦᠨ ᠠᠯᠪᠠᠨᠳ ᠮᠣᠷᠳᠠᠨ᠂ ᠪᠠᠶᠢᠯᠳᠤᠭᠴᠢ ᠠᠴᠠ ᠠᠬᠠᠮᠠᠳ ᠣᠹᠢᠼᠧᠷ ᠪᠣᠯᠲᠠᠯ᠎ᠠ ᠪᠠᠨ ᠳᠡᠪᠰᠢᠵᠦ᠂ ᠤᠯᠠᠮ ᠢᠶᠠᠷ ᠴᠡᠷᠢᠭ ᠦᠨ ᠨᠢᠭᠡᠳᠦᠭᠰᠡᠨ ᠳᠡᠭᠡᠳᠦ ᠰᠤᠷᠭᠠᠭᠤᠯᠢ ᠳᠤ 1990 ᠣᠨ ᠬᠦᠷᠲᠡᠯ᠎ᠡ ᠰᠠᠩᠬᠦᠦ ᠡᠳ᠋ ᠍ ᠦᠨ ᠵᠠᠰᠠᠭ ᠤᠨ ᠪᠠᠭᠰᠢ ᠪᠠᠷ ᠠᠵᠢᠯᠯᠠᠭᠰᠠᠨ᠃

ᠮᠥᠨ ᠲᠧᠭᠨᠢᠭ ᠦᠨ ᠶᠡᠬᠡ ᠰᠤᠷᠭᠠᠭᠤᠯᠢ ᠳᠤ ᠰᠠᠩᠬᠦᠦ ᠡᠳ᠋ ᠍ ᠦᠨ ᠵᠠᠰᠠᠭ ᠤᠨ ᠬᠢᠴᠢᠶᠡᠯ ᠨᠢᠭᠡ ᠵᠢᠯ ᠵᠢᠭᠠᠭᠰᠠᠨ ᠤ ᠳᠠᠷᠠᠭ᠎ᠠ 1991 ᠣᠨ ᠤ 7 ᠰᠠᠷ᠎ᠠ ᠳᠤ ᠡᠳ᠋ ᠍ ᠦᠨ ᠵᠠᠰᠠᠭ ᠤᠨ ᠺᠣᠯᠯᠧᠵᠢ ᠶᠢᠨ ᠵᠠᠬᠢᠷᠤᠯ ᠢᠶᠠᠷ ᠲᠣᠮᠢᠯᠠᠭᠳᠠᠨ᠂ ᠰᠢᠨ᠎ᠡ ᠰᠠᠨᠠᠭᠠᠴᠢᠯᠭ᠎ᠠ᠂ ᠰᠢᠨᠡᠯᠢᠭ ᠰᠤᠷᠭᠠᠯᠲᠠ ᠶᠢᠨ ᠰᠢᠰᠲ᠋ᠧᠮ ᠨᠡᠪᠲᠡᠷᠡᠭᠦᠯᠦᠨᠠᠵᠢᠯᠯᠠᠭᠰᠠᠨ ᠢᠶᠠᠷ ᠣᠳᠣ ᠶᠢᠨ ᠰᠠᠩᠬᠦᠦ ᠡᠳ᠋ ᠍ ᠦᠨ ᠵᠠᠰᠠᠭ ᠤᠨ ᠳᠡᠭᠡᠳᠦ ᠰᠤᠷᠭᠠᠭᠤᠯᠢ ᠶᠢ ᠪᠤᠢ ᠪᠣᠯᠭᠠᠵᠤ ᠴᠢᠳᠠᠭᠰᠠᠨ᠃ ᠡᠳ᠋ ᠍ ᠦᠨ ᠵᠠᠰᠠᠭ ᠤᠨ ᠺᠣᠯᠯᠧᠵᠢ ᠶᠢ ᠤᠳᠤᠷᠢᠳᠥᠵᠤ ᠪᠠᠶᠢᠬᠤ ᠳᠤ ᠪᠠᠨ ᠷ᠃ᠠᠮᠤᠷᠵᠢᠷᠭᠠᠯ ᠥᠪᠡᠷ ᠦᠨ ᠰᠤᠷᠭᠠᠭᠤᠯᠢ ᠶᠢ ᠤᠯᠤᠰ ᠣᠷᠣᠨ ᠤ ᠬᠥᠭᠵᠢᠯ ᠦᠨ ᠲᠥᠯᠥᠭᠡ ᠰᠢᠨ᠎ᠡ ᠰᠠᠨᠠᠭ᠎ᠠ᠂ ᠠᠷᠭ᠎ᠠ ᠵᠠᠮ ᠢ ᠡᠷᠢᠨ ᠬᠠᠶᠢᠳᠠᠭ᠂ ᠮᠡᠳᠬᠡᠯᠴᠡᠭᠡᠨ ᠥᠷᠨᠢᠭᠦᠯᠳᠡᠭ ᠣᠶᠤᠨ ᠤ ᠬᠦᠴᠦ ᠬᠤᠷᠠᠮᠲᠤᠯᠠᠭᠤᠯᠤᠭᠴᠢ ᠲᠥᠪ ᠪᠣᠯᠭᠠᠨ ᠥᠭᠡᠷᠡᠴᠢᠯᠡᠬᠦ ᠶᠢ ᠴᠢᠷᠮᠠᠶᠢᠨ ᠠᠵᠢᠯᠯᠠᠵᠤ ᠪᠠᠶᠢᠪᠠ᠃ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠨ ᠲᠣᠭᠲᠠᠯᠴᠠᠭᠠᠨ ᠳᠤ ᠠᠵᠢᠯᠯᠠᠵᠤ ᠴᠢᠳᠠᠬᠤ ᠮᠡᠳᠡᠯᠭᠡ ᠬᠢᠭᠡᠳ ᠪᠣᠯᠪᠠᠰᠤᠷᠠᠯ ᠪᠦᠬᠦᠢ ᠰᠢᠨ᠎ᠡ ᠴᠠᠭ ᠤᠨ ᠪᠣᠯᠪᠠᠰᠤᠨ ᠬᠦᠴᠦᠨ ᠢ ᠲᠤᠰ ᠰᠤᠷᠭᠠᠭᠤᠯᠢ ᠷ᠃ᠠᠮᠤᠷᠵᠢᠷᠭᠠᠯ ᠤᠨ ᠤᠳᠤᠷᠢᠳᠤᠯᠭ᠎ᠠ ᠳᠣᠣᠷ᠎ᠠ ᠰᠢᠨ᠎ᠡ ᠨᠥᠬᠥᠴᠡᠯ᠂ ᠨᠡᠶᠢᠭᠡᠮ ᠤᠨ ᠬᠡᠷᠡᠭᠴᠡᠭᠡᠨ ᠳᠦ ᠪᠡᠯᠡᠳᠬᠡᠵᠦ ᠡᠬᠢᠯᠡᠭᠰᠡᠨ ᠶᠤᠮ᠃ ᠵᠠᠯᠠᠭᠤ ᠵᠠᠬᠢᠷᠤᠯ᠂ ᠮᠡᠷᠭᠡᠵᠢᠯ ᠨᠢᠭᠡᠲᠦ ᠨᠥᠬᠥᠳ ᠡᠴᠡ ᠪᠡᠨ ᠪᠦᠲᠦᠭᠡᠯᠴᠢ ᠬᠠᠨᠳᠤᠯᠭ᠎ᠠ᠂ ᠣᠯᠠᠨ ᠲᠣᠬᠢᠶᠠᠯᠳᠤᠯ ᠳᠤ ᠠᠩᠬᠠᠳᠠᠭᠴᠢ ᠪᠠᠶᠢᠬᠤ ᠶᠢ ᠱᠠᠭᠠᠷᠳᠠᠵᠤ ᠪᠠᠶᠢᠭᠰᠠᠨ ᠨᠢ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠨ ᠴᠢᠭᠯᠡᠯ ᠢᠶᠡᠷ ᠭᠠᠷᠭᠠᠭᠰᠠᠨ ᠠᠩᠬᠠᠨ ᠤ ᠰᠤᠷᠬᠤ ᠪᠢᠴᠢᠭ᠂ ᠬᠢᠴᠢᠶᠡᠯ ᠦᠨ ᠬᠥᠲᠥᠯᠪᠦᠷᠢ᠂ ᠡᠨᠡ ᠬᠠᠮᠲᠤ ᠣᠯᠠᠨ ᠤ ᠪᠦᠲᠦᠭᠡᠯ ᠪᠠᠶᠢᠭᠰᠠᠨ ᠨᠢ ᠡᠭᠦᠨ ᠢ ᠨᠣᠲᠠᠯᠠᠨ᠎ᠠ᠃

ᠲᠤᠰ ᠺᠣᠯᠯᠧᠵᠢ ᠶᠢᠨ ᠥᠷᠥᠭᠡ ᠲᠠᠰᠤᠯᠭᠠᠨ ᠳᠤ ᠠᠩᠬ᠎ᠠ ᠬᠡᠯᠡᠯᠴᠡᠭᠳᠡᠵᠦ ᠪᠠᠶᠢᠭᠰᠠᠨ ᠮᠠᠺᠷᠣ ᠡᠳ᠋ ᠍ ᠦᠨ ᠵᠠᠰᠠᠭ ᠤᠨ ᠰᠢᠨᠡᠴᠢᠯᠡᠯ᠂ ᠬᠤᠪᠢᠴᠢᠯᠠᠯᠪᠠᠩᠬᠢᠨ ᠤ ᠪᠦᠲᠦᠴᠡ ᠶᠢᠨ ᠥᠭᠡᠷᠡᠴᠢᠯᠡᠯᠲᠡ ᠶᠢᠨ ᠲᠠᠯᠠᠷᠠᠬᠢ ᠦᠵᠡᠯ ᠪᠣᠳᠣᠯ ᠤᠨ ᠨᠡᠯᠢᠶᠡᠳ ᠨᠢ 1996 ᠣᠨ ᠤ ᠤᠯᠤᠰ ᠤᠨ ᠶᠡᠬᠡ ᠬᠤᠷᠠᠯ ᠍ ᠳᠦ ᠣᠯᠠᠩᠬᠢ ᠪᠣᠯᠤᠭᠰᠠᠨ ᠠᠷᠠᠳᠴᠢᠯᠠᠭᠰᠠᠨ ᠬᠦᠴᠦᠨ ᠦ ᠪᠣᠳᠣᠯᠭ᠎ᠠ ᠶᠢᠨ ᠪᠠᠷᠢᠮᠲᠠ ᠪᠢᠴᠢᠭ᠂ ᠮᠥᠷ ᠦᠨ ᠬᠥᠲᠥᠯᠪᠦᠷᠢ ᠶᠢ ᠪᠣᠯᠪᠠᠰᠤᠷᠠᠭᠤᠯᠬᠤ ᠳᠤ ᠲᠤᠰᠬᠠᠭᠳᠠᠭᠰᠠᠨ ᠪᠢᠯᠡ᠃

ᠠᠮᠤᠷᠵᠢᠷᠭᠠᠯ ᠨᠢ ᠮᠣᠩᠭᠣᠯ ᠳᠤ ᠥᠷᠨᠢᠭᠰᠡᠨ ᠠᠷᠠᠳᠴᠢᠯᠠᠭᠰᠠᠨ ᠬᠥᠳᠡᠯᠭᠡᠭᠡᠨ ᠳᠦ ᠪᠦᠷᠢ ᠠᠩᠬᠠᠨ ᠠᠴᠠ ᠨᠢ ᠭᠠᠷ ᠪᠡᠶ᠎ᠡ ᠣᠷᠣᠯᠴᠠᠭᠰᠠᠨ ᠪᠢᠯᠡ᠃ ᠲᠡᠷᠡᠪᠡᠷ ᠰᠢᠨ᠎ᠡ ᠳᠡᠪᠰᠢᠯ ᠦᠨ ᠬᠣᠯᠪᠣᠭ᠎ᠠᠦᠨᠳᠦᠰᠦᠨ ᠦ ᠳᠡᠪᠰᠢᠯ ᠦᠨ ᠨᠠᠮ ᠢ ᠡᠭᠦᠰᠬᠡᠨ ᠪᠠᠶᠢᠭᠤᠯᠤᠭᠰᠠᠨ ᠬᠦᠮᠦᠰ ᠦᠨ ᠨᠢᠭᠡ ᠪᠥᠭᠡᠳ ᠤᠯᠤᠰ ᠲᠥᠷᠥ ᠶᠢᠨ ᠳᠥᠷᠪᠡᠨ ᠨᠠᠮ ᠨᠢᠭᠡᠳᠴᠦ ᠣᠳᠣ ᠶᠢᠨ ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ ᠢ 1992 ᠣᠨ ᠳᠤ ᠪᠠᠶᠢᠭᠤᠯᠤᠯᠬᠤ ᠳᠤ ᠲᠤᠰ ᠨᠠᠮ ᠤᠨ ᠭᠡᠰᠢᠭᠦᠨ ᠢᠶᠡᠷ ᠡᠯᠰᠡᠭᠰᠡᠨ ᠶᠤᠮ᠃

1999 ᠣᠨ ᠤ 11 ᠰᠠᠷ᠎ᠠ ᠳᠤ ᠷ᠃ᠠᠮᠤᠷᠵᠢᠷᠭᠠᠯ ᠵᠠᠰᠠᠭ ᠤᠨ ᠡᠷᠬᠡ ᠪᠠᠷᠢᠵᠤ ᠪᠤᠢ ᠠᠷᠠᠳᠴᠢᠯᠠᠭᠰᠠᠨ ᠬᠣᠯᠪᠣᠭ᠎ᠠ ᠡᠪᠰᠡᠯ ᠦᠨ ᠨᠢᠭᠡ ᠨᠠᠮ ᠪᠣᠯᠬᠤ ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ ᠍ ᠤᠨ ᠳᠠᠷᠤᠭ᠎ᠠ ᠪᠠᠷ ᠰᠣᠩᠭᠣᠭᠳᠠᠭᠰᠠᠨ ᠶᠤᠮ᠃

ᠤᠯᠤᠰ ᠤᠨ ᠶᠡᠬᠡ ᠬᠤᠷᠠᠯ ᠶᠢᠨ ᠭᠡᠰᠢᠭᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠶᠡᠬᠡ ᠬᠤᠷᠠᠯ ᠳᠤ ᠠᠷᠠᠳᠴᠢᠯᠠᠭᠰᠠᠨ ᠬᠦᠴᠦᠨ ᠣᠯᠠᠩᠬᠢ ᠪᠣᠯᠵᠤ ᠴᠢᠳᠠᠭᠰᠠᠨ 1996 ᠣᠨ ᠤ ᠰᠣᠩᠭᠣᠭᠤᠯᠢ ᠪᠠᠷ ᠮᠣᠩᠭᠣᠯ ᠤᠨ ᠦᠨᠳᠦᠰᠦᠨ ᠦ ᠠᠷᠠᠳᠴᠢᠯᠠᠭᠰᠠᠨ ᠨᠠᠮ᠂ ᠮᠣᠩᠭᠣᠯ ᠤᠨ ᠰᠣᠴᠢᠶᠠᠯ ᠳᠧᠮᠣᠺᠷᠠᠲ ᠨᠠᠮ ᠤᠨ ᠠᠷᠠᠳᠴᠢᠯᠠᠭᠰᠠᠨ ᠬᠣᠯᠪᠣᠭ᠎ᠠ ᠡᠪᠰᠡᠯᠡ ᠡᠴᠡ ᠨᠡᠷ᠎ᠡ ᠳᠡᠪᠰᠢᠨ ᠷ᠃ᠠᠮᠤᠷᠵᠢᠷᠭᠠᠯ ᠤᠯᠤᠰ ᠤᠨ ᠶᠡᠬᠡ ᠬᠤᠷᠠᠯ ᠶᠢᠨ ᠭᠡᠰᠢᠭᠦᠨ ᠪᠣᠯᠤᠭᠰᠠᠨ ᠶᠤᠮ᠃ 2004 ᠣᠨ ᠳᠤ ᠰᠣᠩᠭᠣᠭᠤᠯᠢ ᠶᠢᠨ 64 ᠍ ᠳᠦᠭᠡᠷ ᠲᠣᠭᠣᠷᠢᠭ ᠲᠤ ᠪᠡᠶ᠎ᠡ ᠳᠠᠩ ᠨᠡᠷ᠎ᠡ ᠳᠡᠪᠰᠢᠵᠦ 2 ᠳᠠᠬᠢ ᠤᠳᠤᠭ᠎ᠠ ᠪᠠᠨ᠂ 2008 ᠣᠨ ᠳᠤ ᠠᠷᠠᠴᠢᠯᠠᠭᠰᠠᠨ ᠨᠠᠮ ᠠᠴᠠ ᠬᠣᠪᠳᠣ ᠠᠶᠢᠮᠠᠭ ᠲᠤ ᠨᠡᠷ᠎ᠡ ᠳᠡᠪᠰᠢᠨ 3 ᠳᠠᠬᠢ ᠤᠳᠤᠭ᠎ᠠ ᠪᠠᠨ᠂ 2012 ᠣᠨ ᠳᠤ ᠰᠦᠬᠡᠪᠠᠭᠠᠲᠤᠷ ᠳᠡᠭᠦᠷᠭᠡ ᠲᠤ ᠨᠡᠷ᠎ᠡ ᠳᠡᠪᠰᠢᠵᠦ ᠲᠤᠰ ᠳᠡᠭᠦᠷᠭᠡ ᠶᠢᠨ ᠢᠷᠭᠡᠳ ᠦᠨ ᠢᠲᠡᠭᠡᠯ ᠢ ᠬᠦᠯᠢᠶᠡᠵᠦ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ 4 ᠳ᠋ᠡᠬᠢ ᠤᠳᠤᠭ᠎ᠠ ᠪᠠᠨ ᠰᠣᠩᠭᠣᠭᠳᠠᠨ ᠠᠵᠢᠯᠯᠠᠵᠤ ᠪᠠᠶᠢᠨ᠎ᠠ᠃

ᠮᠣᠩᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ᠂ ᠭᠠᠳᠠᠭᠠᠳᠤ ᠬᠡᠷᠡᠭ ᠦᠨ ᠰᠠᠶᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

1998 ᠣᠨ ᠤ ᠴ᠃ᠡᠯᠪᠡᠭᠳᠣᠷᠵᠢᠡᠶᠢᠨ ᠵᠠᠰᠠᠭ ᠤᠨ ᠭᠠᠵᠠᠷ ᠲᠤ ᠭᠠᠳᠠᠭᠠᠳᠤ ᠬᠡᠷᠡᠭ ᠦᠨ ᠶᠠᠮᠤᠨ ᠤ ᠰᠠᠶᠢᠳ ᠢᠶᠠᠷ ᠲᠣᠮᠢᠯᠠᠭᠳᠠᠵᠤ᠂ ᠮᠣᠩᠭᠣᠯ ᠤᠯᠤᠰ ᠤᠨ ᠬᠣᠶᠠᠷ ᠲᠠᠯ᠎ᠠ ᠶᠢᠨ ᠬᠢᠭᠡᠳ ᠣᠯᠠᠨ ᠲᠠᠯ᠎ᠠ ᠶᠢᠨ ᠭᠠᠳᠠᠭᠠᠳᠤ ᠬᠠᠷᠢᠯᠴᠠᠭ᠎ᠠ ᠶᠢ ᠡᠳ᠋ ᠍ ᠦᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ ᠵᠣᠷᠢᠯᠲᠠ ᠶᠢ ᠲᠦᠯᠬᠢᠭᠦᠦ ᠠᠩᠬᠠᠷᠤᠨ ᠠᠵᠢᠯᠯᠠᠭᠰᠠᠨ ᠪᠢᠯᠡ᠃

ᠮᠣᠩᠭᠣᠯ ᠤᠯᠤᠰ ᠤᠨ ᠶᠡᠷᠦᠩᠬᠡᠢ ᠰᠠᠶᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ 21 ᠳ᠋ᠡᠬᠢ ᠶᠡᠷᠦᠩᠬᠡᠢ ᠰᠠᠶᠢᠳ᠂ ᠠᠷᠠᠳᠴᠢᠯᠠᠭᠰᠠᠨ ᠵᠠᠰᠠᠭ ᠤᠨ ᠭᠠᠵᠠᠷ ᠤᠨ 5 ᠳᠠᠬᠢ ᠲᠡᠷᠢᠭᠦᠨ ᠢᠶᠡᠷ 1999 ᠣᠨ ᠤ 7 ᠰᠠᠷ᠎ᠠ ᠳᠤ ᠷ᠃ᠠᠮᠤᠷᠵᠢᠷᠭᠠᠯ 38 ᠨᠠᠰᠤᠲᠠᠢ ᠳᠤ ᠪᠠᠨ ᠲᠣᠮᠢᠯᠠᠭᠳᠠᠭᠰᠠᠨ᠃

ᠲᠡᠭᠦᠨ ᠦ ᠡᠵᠡᠮᠰᠢᠭᠰᠡᠨ ᠮᠡᠷᠭᠡᠵᠢᠯ ᠮᠡᠳᠡᠯᠭᠡ᠂ ᠠᠵᠢᠯ ᠤᠨᠨ ᠦᠷ᠎ᠡ ᠳᠦᠩ᠂ ᠠᠮᠢᠳᠤᠷᠠᠯ ᠤᠨ ᠲᠤᠷᠰᠢᠯᠭ᠎ᠠ ᠨᠢ ᠬᠦᠨᠳᠦ ᠬᠡᠴᠡᠭᠦᠦ ᠴᠠᠭ ᠦᠶ᠎ᠡ ᠶᠢᠨ ᠵᠠᠰᠠᠭ ᠤᠨ ᠭᠠᠵᠠᠷ ᠤᠨ ᠲᠡᠷᠢᠭᠦᠨ ᠢᠶᠡᠷ ᠲᠣᠮᠢᠯᠠᠭᠳᠠᠨ ᠠᠵᠢᠯᠯᠠᠬᠤ ᠳᠤ ᠠᠴᠢ ᠲᠤᠰᠠ ᠪᠠᠨ ᠥᠭᠴᠦ᠂ ᠴᠢᠬᠤᠯᠠ ᠡᠭᠦᠷᠭᠡ ᠭᠦᠢᠴᠡᠳᠭᠡᠭᠰᠡᠨ ᠶᠤᠮ᠃ ᠲᠤᠬᠠᠢ ᠶᠢᠨ ᠦᠶ᠎ᠡ ᠳᠦ ᠵᠠᠰᠠᠭ ᠤᠨ ᠭᠠᠵᠠᠷ ᠤᠨ ᠪᠦᠲᠦᠴᠡ ᠳᠦ ᠥᠭᠡᠷᠡᠴᠢᠯᠡᠯᠲᠡ ᠣᠷᠣᠭᠤᠯᠵᠤ᠂ ᠰᠢᠨ᠎ᠡ ᠪᠠᠭ ᠪᠦᠷᠢᠳᠦᠭᠦᠯᠬᠦ ᠪᠣᠯᠤᠮᠵᠢ ᠬᠢᠭᠡᠳ ᠡᠷᠬᠡ ᠮᠡᠳᠡᠯ ᠲᠡᠭᠦᠨ ᠳᠦ ᠪᠠᠶᠢᠭᠰᠠᠨ ᠴᠤ ᠴᠠᠭ ᠬᠤᠭᠤᠴᠠᠭ᠎ᠠ ᠠᠯᠳᠠᠵᠤ ᠪᠠᠶᠢᠭᠰᠠᠨ ᠠᠴᠠ ᠠᠵᠢᠯᠯᠠᠵᠤ ᠪᠠᠶᠢᠭᠰᠠᠨ ᠬᠦᠮᠦᠰ ᠲᠦ ᠪᠡᠨ ᠢᠲᠡᠭᠡᠳ ᠥᠭᠭᠦᠭᠡᠳ ᠭᠠᠷ ᠨᠡᠶᠢᠯᠡᠵᠦ ᠠᠵᠢᠯᠯᠠᠶ᠎ᠠ ᠭᠡᠰᠡᠨ ᠦ ᠡᠴᠦᠰ ᠲᠦ ᠲᠡᠳᠡ ᠪᠦᠭᠦᠳᠡ ᠴᠢᠳᠠᠯ ᠤᠨ ᠢᠶᠠᠨ ᠬᠢᠷᠢ ᠪᠡᠷ ᠵᠢᠳᠬᠦᠭ᠍ᠰᠡᠨ ᠶᠤᠮ᠃ ᠥᠭᠭᠦᠭᠳᠡᠭᠰᠡᠨ ᠤᠯᠤᠰ ᠲᠥᠷᠥ ᠶᠢᠨ ᠬᠤᠭᠤᠴᠠᠭ᠎ᠠ ᠪᠣᠭᠣᠨᠢ ᠬᠡᠳᠦᠢ ᠴᠤ ᠷ᠃ᠠᠮᠤᠷᠵᠢᠷᠭᠠᠯ ᠤᠨ ᠵᠠᠰᠠᠭ ᠤᠨ ᠭᠠᠵᠠᠷ ᠲᠤᠬᠠᠢ ᠶᠢᠨ ᠦᠶ᠎ᠡ ᠶᠢᠨ ᠪᠠᠩᠬᠢᠰᠠᠩᠬᠦᠦ ᠶᠢᠨ ᠰᠢᠨᠡᠳᠬᠡᠯᠲᠡᠳᠬᠦᠪᠦᠷᠢ ᠶᠢᠨ ᠲᠣᠭᠲᠠᠯᠴᠠᠭ᠎ᠠᠠᠮᠢᠵᠢᠷᠭᠠᠨ ᠤ ᠳ᠋ᠣᠣ ᠳᠤ ᠲᠦᠪᠰᠢᠨ ᠢ ᠳᠡᠭᠡᠭᠰᠢᠯᠡᠭᠦᠯᠬᠦ ᠲᠠᠯ᠎ᠠ ᠪᠠᠷ ᠳᠣᠷᠪᠢᠲᠠᠢ ᠠᠵᠢᠯ ᠬᠢᠵᠦ ᠴᠢᠳᠠᠭᠰᠠᠨ᠃

ᠮᠣᠩᠭᠣᠯ ᠤᠯᠤᠰ ᠤᠨ ᠡᠳ᠋ ᠍ ᠦᠨ ᠵᠠᠰᠠᠭ ᠤᠨ ᠰᠢᠨᠡᠴᠢᠯᠡᠯ ᠢ ᠭᠦᠨᠵᠡᠭᠡᠶᠢᠷᠡᠭᠦᠯᠬᠦ᠂ ᠦᠨᠳᠦᠰᠦᠨ ᠦ ᠬᠥᠭᠵᠢᠯ ᠦᠨ ᠪᠠᠶᠢᠯᠳᠣᠬᠣ ᠪᠣᠳᠣᠯᠭ᠎ᠠ ᠪᠣᠯᠤᠨ ᠰᠢᠨ᠎ᠡ ᠲᠣᠭᠲᠠᠯᠴᠠᠭᠠᠨ ᠳᠤ ᠵᠣᠬᠢᠴᠠᠭᠰᠠᠨ ᠤᠯᠤᠰ ᠲᠥᠷᠥ ᠶᠢᠨ ᠢᠨᠰᠲ᠋ᠢᠲ᠋ᠦᠶᠢᠲᠼᠢ ᠨᠤᠭᠤᠳ ᠤᠨ ᠭᠦᠢᠴᠡᠳᠭᠡᠬᠦ ᠡᠭᠦᠷᠭᠡ ᠶᠢᠨ ᠲᠠᠯᠠᠷᠠᠬᠢ ᠦᠵᠡᠯ ᠰᠠᠨᠠᠭ᠎ᠠ ᠶᠢ ᠲᠥᠯᠦᠪᠰᠢᠭᠦᠯᠬᠦ᠂ ᠮᠡᠳᠡᠭᠡᠯᠡᠯ ᠬᠣᠯᠪᠣᠭ᠎ᠠᠨ ᠤ ᠰᠢᠨ᠎ᠡ ᠲᠧᠭᠨᠣᠯᠣᠭᠢ ᠍ ᠶᠢ ᠥᠷᠭᠡᠨ ᠠᠰᠢᠭᠯᠠᠬᠤ᠂ ᠢᠯᠡᠭᠦᠦ ᠲᠣᠳᠣ ᠵᠠᠰᠠᠭᠯᠠᠯ ᠭᠡᠰᠡᠨ ᠵᠣᠷᠢᠯᠲᠠ ᠶᠢ ᠷ᠃ᠠᠮᠤᠷᠵᠢᠷᠭᠠᠯ ᠥᠪᠡᠷ ᠦᠨ ᠵᠠᠰᠠᠭ ᠤᠨ ᠭᠠᠵᠠᠷ ᠤᠨ ᠲᠠᠩᠬᠢᠮ ᠤᠨ ᠲᠡᠷᠢᠭᠦᠯᠡᠬᠦ ᠵᠣᠷᠢᠯᠲᠠ ᠬᠡᠮᠡᠨ ᠲᠣᠳᠣᠷᠬᠠᠶᠢᠯᠠᠨ ᠠᠵᠢᠯᠯᠠᠭᠰᠠᠨ ᠪᠢᠯᠡ᠃

ᠠᠮᠤᠷᠵᠢᠷᠭᠠᠯ ᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠨᠡᠶᠢᠭᠡᠮ ᠡᠳ᠋ ᠍ ᠦᠨ ᠵᠠᠰᠠᠭᠤᠯᠤᠰ ᠲᠥᠷᠥᠡᠶᠢᠨ ᠲᠣᠮᠣᠬᠠᠨ ᠥᠭᠡᠷᠡᠴᠢᠯᠡᠯᠲᠡᠨ ᠳᠦ ᠰᠡᠭᠦᠯ ᠦᠨ 15 ᠵᠢᠯ ᠳᠤ ᠥᠷᠲᠥᠵᠦ ᠪᠠᠶᠢᠨ᠎ᠠ᠃ ᠡᠨᠡᠬᠦ ᠦᠢᠯᠡ ᠶᠠᠪᠤᠳᠠᠯ ᠢ ᠣᠨᠣᠯ ᠫᠷᠠᠺᠲ᠋ᠢᠭ ᠤᠨ ᠬᠦᠷᠢᠶᠡᠨ ᠳᠦ ᠰᠤᠳᠤᠯᠬᠤ᠂ ᠰᠤᠳᠤᠯᠭ᠎ᠠ ᠰᠢᠨᠵᠢᠯᠡᠭᠡᠨ ᠦ ᠦᠷ᠎ᠡ ᠳ᠋ᠦᠩ ᠢ ᠬᠡᠷᠡᠭᠴᠡᠭᠡᠲᠦ ᠪᠠᠶᠢᠭᠤᠯᠤᠯᠭ᠎ᠠ ᠨᠤᠭᠤᠳ ᠲᠤ ᠬᠦᠷᠭᠡᠬᠦ᠂ ᠥᠭᠡᠷᠡᠴᠢᠯᠡᠯᠲᠡ ᠰᠢᠨᠡᠳᠬᠡᠯ ᠦᠨ ᠠᠰᠠᠭᠤᠳᠠᠯ ᠢᠶᠠᠷ ᠳᠣᠲᠣᠭᠠᠳᠤ ᠭᠠᠳᠠᠭᠠᠳᠤ ᠶᠢᠨ ᠪᠠᠶᠢᠭᠤᠯᠤᠯᠭ᠎ᠠ ᠨᠤᠭᠤᠳ ᠲᠠᠢ ᠮᠡᠳᠡᠭᠡᠯᠡᠯ ᠰᠣᠯᠢᠯᠴᠠᠨ ᠬᠠᠮᠲᠤᠷᠠᠨ ᠠᠵᠢᠯᠯᠠᠬᠤ᠂ ᠭᠠᠳᠠᠭᠠᠳᠤ ᠶᠢᠨ ᠵᠡᠭᠡᠯᠢ᠂ ᠲᠤᠰᠠᠯᠠᠮᠵᠢ ᠪᠣᠯᠤᠨ ᠬᠥᠷᠥᠩᠭᠡ ᠣᠷᠣᠭᠤᠯᠤᠯᠲᠠ ᠶᠢ ᠲᠠᠲᠠᠬᠤ ᠳᠤ ᠴᠢᠭᠯᠡᠭᠰᠡᠨ ᠦᠢᠯᠡ ᠠᠵᠢᠯᠯᠠᠭ᠎ᠠ ᠶᠢ ᠳᠡᠮᠵᠢᠬᠦ᠂ ᠰᠤᠳᠤᠯᠭ᠎ᠠ ᠰᠢᠨᠵᠢᠯᠡᠭᠡᠨ ᠦ ᠮᠠᠲ᠋ᠧᠷᠢᠶᠠᠯ ᠢ ᠣᠯᠠᠨ ᠨᠡᠶᠢᠲᠡ ᠳᠦ ᠬᠦᠷᠭᠡᠬᠦ᠂ ᠢᠷᠭᠡᠳ ᠢ ᠨᠡᠶᠢᠭᠡᠮ ᠤᠨ ᠠᠮᠢᠳᠤᠷᠠᠯ ᠳᠤ ᠤᠷᠤᠯᠴᠠᠬᠤ ᠢᠳᠡᠪᠬᠢᠵᠢᠯ ᠢ ᠥᠷᠨᠢᠭᠦᠯᠬᠦ᠂ ᠨᠡᠶᠢᠭᠡᠮ ᠡᠳ᠋ ᠍ ᠦᠨ ᠵᠠᠰᠠᠭ᠂ ᠤᠯᠤᠰ ᠲᠥᠷᠥ᠂ ᠡᠷᠬᠡ ᠵᠦᠢ ᠶᠢᠨ ᠴᠢᠭᠯᠡᠯ ᠦᠨ ᠰᠤᠳᠤᠯᠭ᠎ᠠ ᠰᠢᠨᠵᠢᠯᠡᠭᠡᠨ ᠦ ᠠᠵᠢᠯ ᠬᠢᠵᠦ ᠪᠤᠢ ᠬᠦᠮᠦᠰ ᠲᠦ᠂ ᠢᠯᠠᠩᠭᠤᠶ᠎ᠠ ᠵᠠᠯᠠᠭᠤᠴᠤᠳ ᠲᠤ ᠳᠡᠮᠵᠢᠯᠭᠡ ᠦᠵᠡᠭᠦᠯᠬᠦ᠂ ШУТехник᠂ ᠲᠧᠭᠨᠣᠯᠣᠭᠢ ᠶᠢᠨ ᠲᠡᠷᠢᠭᠦᠨ ᠦ ᠣᠯᠤᠯᠲᠠ ᠶᠢ ᠮᠣᠩᠭᠣᠯ ᠳᠤ ᠨᠡᠪᠲᠡᠷᠡᠭᠦᠯᠬᠦ ᠦᠢᠯᠡ ᠠᠵᠢᠯᠯᠠᠭ᠎ᠠ ᠶᠢ ᠳᠡᠮᠵᠢᠬᠦ ᠵᠠᠮ ᠢᠶᠠᠷ ᠮᠣᠩᠭᠣᠯ ᠤᠯᠤᠰ ᠤᠨ ᠬᠥᠭᠵᠢᠯ ᠳᠡᠪᠰᠢᠯ ᠳᠦ ᠬᠤᠪᠢ ᠨᠡᠮᠡᠷᠢ ᠤᠷᠤᠭᠤᠯᠬᠤ ᠵᠣᠷᠢᠯᠭ᠎ᠠ ᠪᠦᠬᠦᠢ ᠲᠥᠷᠥ ᠶᠢᠨ ᠪᠤᠰᠤ ᠪᠠᠶᠢᠭᠤᠯᠤᠯᠭ᠎ᠠ ᠠᠮᠤᠷᠵᠢᠷᠭᠠᠯ ᠰᠠᠩ ᠢ 2000 ᠣᠨ ᠳᠤ ᠪᠠᠶᠢᠭᠤᠯᠬᠤ ᠪᠠᠷ ᠡᠭᠦᠰᠬᠡᠨ ᠪᠠᠶᠢᠭᠤᠯᠤᠭᠴᠢᠳ ᠰᠠᠨᠠᠭᠠᠴᠢᠯᠠᠭᠰᠠᠨ ᠪᠢᠯᠡ᠃

ᠮᠣᠩᠭᠣᠯ ᠤᠯᠤᠰ ᠤᠨ ᠬᠥᠭᠵᠢᠯ ᠳᠡᠪᠰᠢᠯ ᠢ ᠬᠠᠩᠭᠠᠬᠤ ᠳᠤ ᠪᠦᠬᠦ ᠲᠠᠯ᠎ᠠ ᠶᠢᠨ ᠳᠡᠮᠵᠢᠯᠭᠡ ᠦᠵᠡᠭᠦᠯᠬᠦ ᠵᠣᠷᠢᠯᠭ᠎ᠠ ᠪᠦᠬᠦᠢ ᠳᠤᠷ᠎ᠠ ᠶᠢᠨ ᠨᠡᠶᠢᠭᠡᠮ ᠳᠦ ᠦᠢᠯᠡᠴᠢᠯᠡᠳᠡᠭ᠂ ᠠᠯᠢᠪᠠ ᠨᠠᠮ ᠤᠨ ᠬᠠᠷᠢᠶ᠎ᠠ ᠪᠤᠰᠤ᠂ ᠲᠥᠷᠥ ᠶᠢᠨ ᠪᠤᠰᠤ ᠪᠠᠶᠢᠭᠤᠯᠤᠯᠭ᠎ᠠ ᠮᠥᠨ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠨᠢᠮ᠎ᠠ-ᠣᠰᠣᠷ ᠤᠨ ᠲᠤᠶᠠᠭ᠎ᠠ
ᠡᠭᠦᠷᠭᠡ ᠭᠦᠢᠴᠡᠳᠬᠡᠭᠴᠢ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠨᠠᠮᠪᠠᠷ ᠤᠨ ᠡᠩᠬᠡᠪᠠᠶᠠᠷ

ᠪᠢᠴᠢᠭᠡᠰᠦ