ᠨᠢᠷᠤᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠷᠡᠦᠷᠠᠨ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠶᠡᠬᠡ ᠨᠢᠷᠤᠨ ᠤᠯᠤᠰ
 ᠨᠢᠷᠤᠨ ᠤᠯᠤᠰ
ᠠᠯᠪᠠᠨ ᠬᠡᠯᠡ ᠡᠪᠦᠭᠡ ᠮᠣᠩᠭᠣᠯ ᠬᠡᠯᠡ
ᠠᠷᠠᠳ ᠲᠦᠮᠡᠨ  ᠮᠣᠩᠭᠣᠯ
ᠲᠥᠷᠥ ᠵᠠᠰᠠᠭ ᠬᠠᠭᠠᠨᠲᠤ ᠵᠠᠰᠠᠭ
 -  330 ᠮᠤᠭᠤᠯᠦᠢ
 -  522-552 ᠠᠨᠠᠭᠤᠢ
330-555
 -   ᠨᠢᠷᠤᠨ ᠤᠯᠤᠰ ᠪᠠᠶᠢᠭᠤᠯᠤᠭᠳᠠᠪᠠ 330 ᠤᠨ 
 -  ᠵᠠᠷᠤᠩ ᠬᠠᠭᠠᠨ ᠨᠢᠷᠤᠨ ᠤᠯᠤᠰ ᠢ ᠪᠠᠶᠢᠭᠤᠯᠪᠠ 402 ᠤᠨ 
 -   ᠨᠢᠷᠤᠨ ᠤᠯᠤᠰ ᠮᠥᠬᠥᠪᠡ 555 ᠤᠨ 
ᠨᠢᠷᠤᠨ
ᠨᠢᠷᠤᠨ
500 ᠤᠨ
500 ᠤᠨ

ᠨᠢᠷᠤᠨ ᠤᠯᠤᠰ (ᠬᠢᠲᠠᠳ ᠢᠶᠠᠷ: ᠷᠡᠦᠷᠠᠨ ᠤᠯᠤᠰ柔然) ᠨᠢ ᠾᠦᠩᠨᠦᠰᠢᠶᠠᠨᠪᠢ ᠨᠠᠷ ᠤᠨ ᠰᠢᠭᠤᠳ ᠵᠠᠯᠭᠠᠮᠵᠢ ᠪᠣᠯᠤᠭᠰᠠᠨ᠂ 330 ᠍ ᠊ᠭᠠᠳ ᠤᠨ ᠤ ᠣᠷᠴᠢᠮ ᠠᠩᠬ᠎ᠠ ᠡᠮᠬᠢᠯᠡᠭᠳᠡᠭᠰᠡᠨ ᠭᠡᠵᠦ ᠦᠵᠡᠳᠡᠭ ᠤᠯᠤᠰ ᠶᠤᠮ᠃ ᠢᠵᠠᠭᠤᠷ ᠮᠣᠩᠭᠣᠯᠴᠤᠳ ᠤᠨ ᠰᠢᠭᠤᠳ ᠡᠪᠦᠭᠡ᠂ ᠨᠢᠷᠤᠨᠴᠤᠳ ᠢ ᠵᠠᠷᠢᠮ ᠲᠡᠦᠬᠡᠨ ᠳᠦ ᠾᠦᠩᠨᠦ ᠡᠴᠡ᠂ ᠵᠠᠷᠢᠮ ᠰᠤᠷᠪᠤᠯᠵᠢ ᠳᠤ ᠳ᠋ᠦᠩᠬᠤ ᠠᠴᠠ (ᠰᠢᠶᠠᠨᠪᠢ ᠠᠴᠠ) ᠭᠠᠷᠤᠯᠲᠠᠢ ᠭᠡᠵᠦ ᠪᠢᠴᠢᠵᠡᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠦᠬᠡᠴᠢ ᠭᠦᠨᠵᠡ ᠶᠢᠨ ᠰᠦᠬᠡᠪᠠᠭᠠᠲᠤᠷ ᠬᠢᠲᠠᠳ ᠬᠡᠯᠡ ᠳᠡᠭᠡᠷ᠎ᠡ ᠲᠡᠮᠳᠡᠭᠯᠡᠭᠳᠡᠭᠰᠡᠨ ᠨᠡᠷ᠎ᠡ ᠶᠢ ᠨᠢ "ᠨᠢᠷᠤᠨ" ᠭᠡᠵᠦ ᠪᠠᠭᠤᠯᠭᠠᠭᠰᠠᠨ ᠪᠠᠶᠢᠨ᠎ᠠ᠃ [1] ᠱᠢᠨᠪᠢ ᠤᠨ ᠤᠭᠰᠠᠭᠠᠨ ᠤ ᠲᠣᠪᠠ ᠤᠯᠤᠰ ᠬᠢᠲᠠᠳ ᠢ ᠡᠵᠡᠯᠡᠨ ᠠᠪᠤᠭᠰᠠᠨ ᠤ ᠪᠠᠨ ᠳᠠᠷᠠᠭ᠎ᠠ ᠠᠭᠠᠵᠢᠮ ᠢᠶᠠᠷ ᠬᠢᠲᠠᠳᠵᠢᠵᠤ ᠡᠬᠢᠯᠡᠭᠰᠡᠨ ᠲᠤᠯᠠ ᠬᠢᠲᠠᠳ ᠵᠠᠩᠰᠢᠯ ᠢᠶᠠᠷ ᠬᠥᠷᠰᠢ ᠤᠯᠤᠰ ᠦᠨᠳᠦᠰᠦᠲᠡᠨ ᠨᠦᠭᠦᠳ ᠦᠨ ᠢᠶᠡᠨ ᠨᠡᠷ᠎ᠡ ᠶᠢ ᠭᠤᠪᠢᠭᠤᠯᠤᠨ ᠥᠭᠡᠷᠡᠴᠢᠯᠡᠳᠡᠭ ᠪᠠᠶᠢᠪᠠ᠃ ᠡᠶᠢᠮᠦ ᠡᠴᠡ ᠲᠡᠳᠡ ᠭᠣᠪᠢ ᠠᠴᠠ ᠬᠣᠶᠢᠰᠢᠬᠢ ᠮᠣᠩᠭᠣᠯᠴᠤᠳ ᠢ "ᠷᠡᠦᠷᠠᠨ" ᠭᠡᠵᠦ ᠨᠡᠷᠡᠯᠡᠵᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠶᠠᠨᠪᠢ ᠲᠠᠪᠠᠭᠠᠴᠢ ᠠᠶᠢᠮᠠᠭ ᠤᠨ ᠯᠢᠪᠡᠢ ᠬᠠᠭᠠᠨ ᠤ (220-277 ᠤᠨ) ᠰᠡᠭᠦᠯᠡᠷ᠂ ᠲᠠᠪᠠᠭᠠᠴᠢ ᠶᠢᠨ ᠬᠢᠯᠢ ᠶᠢᠨ ᠬᠠᠷᠠᠭᠤᠯ ᠨᠢᠭᠡᠨ ᠬᠦᠦ ᠶᠢ ᠣᠯᠵᠯᠠᠭᠰᠠᠨ ᠨᠢ ᠮᠤᠭᠤᠯᠦᠢ (ᠮᠣᠬᠣᠷ) ᠪᠣᠯᠠᠢ᠃ ᠰᠢᠶᠠᠨᠪᠢ ᠍ ᠲᠠᠪᠠᠭᠠᠴᠢ ᠶᠢᠨ ᠢᠯᠤ ᠬᠠᠭᠠᠨ ᠤ ᠦᠶ᠎ᠡ ᠳᠦ (304-316 ᠤᠨ) ᠴᠡᠷᠢᠭ ᠳᠠᠶᠢᠴᠢᠯᠭ᠎ᠠ ᠶᠢᠨ ᠲᠣᠪᠣ ᠠᠴᠠ ᠬᠣᠵᠢᠮᠳᠠᠭᠰᠠᠨ ᠮᠤᠭᠤᠯᠦᠢ ᠵᠢᠭᠤᠳᠠᠵᠤ᠂ ᠥᠪᠡᠷ ᠦᠨ ᠬᠠᠷᠢᠶᠠᠲᠤ ᠠᠷᠠᠳ ᠢᠷᠭᠡᠳ ᠲᠡᠢ ᠪᠣᠯᠵᠤ ᠡᠬᠢᠯᠡᠪᠡ᠃ ᠮᠤᠭᠤᠯᠦᠢ ᠶᠢᠨ ᠬᠦᠦ ᠴᠢᠯᠤᠬᠤᠢ (ᠴᠢᠷᠠᠭᠤᠢ) ᠡᠷᠡᠯᠬᠡᠭ ᠳᠠᠶᠢᠴᠢᠨ ᠲᠤᠯᠠ ᠠᠶᠢᠮᠠᠭ᠂ ᠣᠯᠠᠨ ᠲᠠᠢ ᠪᠣᠯᠵᠤ ᠥᠪᠡᠷᠰᠡᠳ ᠢ ᠪᠡᠨ ᠨᠢᠷᠤᠨ (ᠵᠢᠦᠷᠠᠨᠢ/ᠷᠡᠦᠷᠠᠨ) ᠭᠡᠵᠦ ᠨᠡᠷᠡᠯᠡᠵᠦ᠂ ᠡᠪᠦᠯ ᠪᠣᠯᠬᠤ ᠪᠠᠷ ᠭᠣᠪᠢ ᠠᠴᠠ ᠤᠷᠤᠭᠰᠢ ᠭᠠᠷᠴᠤ᠂ ᠵᠤᠨ ᠪᠣᠯᠬᠣᠷ ᠭᠣᠪᠢ ᠠᠴᠠ ᠬᠣᠶᠢᠰᠢ ᠭᠠᠷᠴᠤ ᠨᠤᠲᠤᠭᠯᠠᠬᠤ ᠪᠣᠯᠵᠠᠢ᠃ᠴᠢᠯᠤᠬᠤᠢ ᠶᠢᠨ 6 ᠍ ᠳᠦᠭᠡᠷ ᠦᠶ᠎ᠡ ᠶᠢᠨ ᠠᠴᠢ ᠵᠠᠷᠤᠩ 394 ᠤᠨ ᠳᠤ ᠭᠣᠪᠢ ᠠᠴᠠ ᠬᠣᠶᠢᠰᠢ ᠭᠠᠷᠴᠤ᠂ ᠵᠢᠯᠣᠱᠤᠢ ᠭᠣᠣᠯ ᠤᠨ ᠡᠷᠭᠢ ᠳᠦ ᠣᠷᠳᠣ ᠥᠷᠭᠥᠭᠡ ᠪᠡᠨ ᠪᠣᠰᠬᠠᠵᠤ᠂ ᠴᠠᠭᠠᠵᠠ ᠲᠤᠩᠬᠠᠭᠯᠠᠵᠤ᠂ ᠠᠭᠠᠵᠢᠮ ᠢᠶᠠᠷ ᠬᠦᠴᠦᠷᠬᠡᠭᠵᠢᠵᠦ ᠡᠬᠢᠯᠡᠭᠰᠡᠨ ᠪᠠ 402 ᠤᠨ ᠳᠤ᠂ ᠤᠯᠠᠮᠵᠢᠯᠠᠯ ᠢᠶᠠᠨ ᠳᠠᠭᠠᠵᠤ ᠬᠠᠭᠠᠨ ᠴᠣᠯᠠ ᠬᠡᠷᠡᠭᠯᠡᠵᠡᠢ᠃ ᠵᠠᠷᠤᠩ ᠨᠢᠷᠤᠨ ᠤᠯᠤᠰ ᠢ ᠪᠠᠶᠢᠭᠤᠯᠵᠤ ᠤᠷᠢᠯ ᠳᠤ ᠨᠡᠭᠦᠳᠡᠯᠴᠢᠳ ᠦᠨ ᠬᠡᠷᠡᠭᠯᠡᠭᠰᠡᠭᠡᠷ ᠢᠷᠡᠭᠰᠡᠨ ᠠᠷᠪᠠᠲᠤ ᠶᠢᠨ ᠲᠣᠭᠲᠠᠯᠴᠠᠭᠠᠨ ᠳᠤ ᠤᠯᠤᠰ ᠢᠶᠠᠨ ᠣᠷᠣᠭᠤᠯᠵᠤ᠂ ᠴᠡᠷᠢᠭ ᠵᠠᠬᠢᠷᠭᠠᠨ ᠤ ᠰᠢᠨᠵᠢᠲᠡᠢ ᠬᠠᠤᠯᠢ ᠨᠤᠭᠤᠳ ᠢ ᠲᠣᠭᠲᠠᠭᠠᠭᠰᠠᠨ᠃ ᠨᠢᠷᠤᠨ ᠨᠠᠷ ᠨᠢ ᠰᠤᠶᠤᠯ ᠤᠨ ᠬᠥᠭᠵᠢᠯ ᠢᠶᠡᠷ ᠢᠶᠡᠨ ᠡᠮᠦᠨᠡᠬᠢ ᠨᠡᠭᠦᠳᠡᠯᠴᠢᠳ ᠡᠴᠡ ᠪᠡᠨ ᠢᠯᠡᠭᠦᠦ ᠬᠥᠭᠵᠢᠩᠭᠦᠢ ᠪᠠᠶᠢᠭᠰᠠᠨ ᠪᠠ ᠥᠪᠡᠷᠰᠡᠳ ᠦᠨ ᠲᠣᠭᠲᠠᠭᠰᠠᠨ ᠶᠣᠰᠣ ᠵᠠᠩᠰᠢᠯ ᠲᠠᠢ ᠪᠠ ᠲᠡᠭᠦᠨ ᠢ ᠪᠡᠨ ᠪᠠᠷᠢᠮᠲᠠᠯᠠᠨ ᠳᠠᠭᠠᠳᠠᠭ ᠪᠠᠶᠢᠵᠠᠢ᠃ ᠨᠢᠷᠤᠨ ᠤ ᠰᠤᠶᠤᠯ ᠤᠨ ᠪᠠᠰᠠ ᠨᠢᠭᠡ ᠣᠨᠴᠠᠯᠢᠭ ᠨᠢ ᠭᠡᠪᠡᠯ ᠬᠣᠵᠢᠮ ᠨᠢ ᠪᠤᠷᠬᠠᠨ ᠤ ᠱᠠᠰᠢᠨ ᠳᠡᠯᠭᠡᠷᠴᠦ ᠪᠦᠷ ᠲᠥᠷᠥ ᠶᠢᠨ ᠱᠠᠰᠢᠨ ᠤ ᠬᠡᠮᠵᠢᠶᠡᠨ ᠳᠦ ᠬᠦᠷᠴᠦ ᠪᠠᠶᠢᠭᠰᠠᠨ ᠪᠠᠶᠢᠨ᠎ᠠ᠃ ᠲᠠᠲᠠᠷ ᠬᠠᠭᠠᠨ ᠶᠡᠬᠡ ᠬᠦᠴᠦᠷᠬᠡᠭ ᠪᠠᠶᠢᠭᠰᠠᠨ ᠲᠤᠯᠠ ᠵᠠᠷᠢᠮ ᠬᠥᠷᠰᠢ ᠤᠯᠤᠰ ᠤᠳ ᠨᠢᠷᠤᠨ ᠤᠯᠤᠰ ᠢ ᠳᠠᠲᠠᠨᠢ (ᠲᠠᠲ᠋ᠠᠷ) ᠭᠡᠵᠦ ᠨᠡᠷᠡᠯᠡᠬᠦ ᠪᠣᠯᠵᠠᠢ᠃ ᠨᠢᠷᠤᠨ ᠤ ᠡᠮᠦᠨᠡᠲᠦ ᠬᠥᠷᠰᠢ ᠲᠣᠪᠠ ᠸᠧᠢ ᠤᠯᠤᠰ 391 ᠤᠨ ᠠᠴᠠ 522 ᠤᠨ ᠬᠦᠷᠲᠡᠯᠡᠬᠢ 131 ᠵᠢᠯ ᠦᠨ ᠳᠣᠲᠣᠷ᠎ᠠ ᠰᠠᠷ᠎ᠠ᠂ ᠵᠢᠯ ᠢᠶᠡᠷ ᠲᠤᠰᠬᠠᠶᠢᠯᠠᠨ ᠪᠡᠯᠡᠳᠬᠡᠵᠦ ᠪᠠᠶᠢᠭᠠᠳ ᠨᠢᠷᠤᠨ ᠤᠯᠤᠰ ᠢ ᠶᠡᠬᠡ ᠴᠡᠷᠢᠭ ᠦᠨ ᠬᠦᠴᠦ ᠪᠡᠷ 22 ᠤᠳᠠᠭ᠎ᠠ ᠳᠣᠪᠲᠣᠯᠵᠤ ᠪᠠᠶᠢᠭᠰᠠᠨ ᠠᠴᠠ 424-425, 429, 449 ᠤᠨ ᠤ ᠳᠠᠶᠢᠨ ᠨᠢᠷᠤᠨ ᠤᠯᠤᠰ ᠲᠤ ᠶᠡᠬᠡ ᠬᠣᠬᠢᠷᠠᠯ ᠤᠴᠠᠷᠠᠭᠤᠯᠵᠠᠢ᠃ ᠬᠠᠷᠢᠨ ᠨᠢᠷᠤᠨ ᠤᠯᠤᠰ ᠠᠴᠠ ᠸᠧᠢ ᠤᠯᠤᠰ ᠢ 402-523 ᠤᠨ ᠬᠦᠷᠲᠡᠯᠡᠬᠢ 121 ᠵᠢᠯ ᠦᠨ ᠳᠣᠲᠣᠷ᠎ᠠ ᠶᠡᠬᠡ ᠪᠠᠭ᠎ᠠ᠂ ᠲᠣᠭᠠᠨ ᠤ ᠴᠡᠷᠢᠭ ᠢᠶᠡᠷ 27 ᠤᠳᠠᠭ᠎ᠠ ᠳᠣᠪᠲᠣᠯᠵᠤ ᠪᠠᠶᠢᠭᠰᠠᠨ ᠠᠴᠠ 424, 479, 504 ᠤᠨ ᠤ ᠳᠠᠶᠢᠨ ᠳᠤ ᠶᠡᠬᠡ ᠴᠡᠷᠢᠭ ᠬᠥᠳᠡᠯᠭᠡᠵᠡᠢ᠃ ᠡᠨᠡ ᠤᠯᠤᠰ ᠨᠢ 402 ᠤᠨ ᠳᠤ ᠵᠠᠷᠤᠩ ᠬᠠᠭᠠᠨ ᠰᠢᠷᠡᠭᠡᠨ ᠳᠦ ᠰᠠᠭᠤᠭᠰᠠᠨ ᠠᠴᠠ ᠬᠣᠶᠢᠰᠢ ᠬᠦᠴᠦᠷᠬᠡᠭᠵᠢᠭᠰᠡᠨ᠃ ᠵᠠᠷᠤᠩ ᠬᠠᠭᠠᠨ ᠤᠯᠤᠰ ᠤᠨ ᠢᠶᠠᠨ ᠴᠡᠷᠢᠭ ᠦᠨ ᠬᠦᠴᠦ ᠶᠢ ᠰᠢᠨᠡᠳᠬᠡᠵᠦ᠂ ᠡᠷᠡᠮᠡᠭᠡᠢ ᠳᠠᠶᠢᠴᠢᠨ ᠪᠠᠶᠢᠯᠳᠤᠨ ᠳᠠᠭᠠᠭᠤᠯᠠᠯ ᠢ ᠶᠠᠪᠤᠭᠤᠯᠵᠤ ᠨᠤᠲᠤᠭ ᠳᠡᠪᠢᠰᠬᠡᠷ ᠢᠶᠡᠨ ᠥᠷᠭᠡᠳᠬᠡᠬᠦ ᠶᠢᠨ ᠬᠠᠮᠲᠤ ᠲᠥᠷᠥ ᠶᠢᠨ ᠪᠠᠶᠢᠭᠤᠯᠤᠮᠵᠢ ᠳᠤ ᠪᠠᠨ ᠨᠡᠭᠦᠳᠡᠯᠴᠢᠳ ᠦᠨ ᠤᠯᠠᠮᠵᠢᠯᠠᠯᠲᠤ ᠵᠠᠭᠪᠤᠷ ᠢ ᠲᠤᠤᠱᠲᠠᠢ ᠨᠡᠪᠲᠡᠷᠡᠭᠦᠯᠪᠡ᠃ ᠶᠡᠷᠦ ᠨᠢ ᠵᠠᠷᠤᠩ ᠰᠢᠭ ᠡᠶᠢᠮᠦ ᠪᠣᠭᠣᠨᠢ ᠬᠤᠭᠤᠴᠠᠭᠠᠨ ᠳᠤ (8 ᠵᠢᠯ) ᠲᠥᠷᠥ ᠪᠠ ᠴᠡᠷᠢᠭ ᠦᠨ ᠬᠦᠴᠦ ᠪᠡᠨ ᠡᠮᠬᠢᠯᠡᠵᠦ ᠴᠢᠳᠠᠭᠰᠠᠨ ᠬᠠᠭᠠᠳ ᠨᠡᠭᠦᠳᠡᠯᠴᠢᠳ ᠦᠨ ᠲᠡᠦᠬᠡᠨ ᠳᠦ ᠲᠡᠶᠢᠮᠦ ᠴᠤ ᠣᠯᠠᠨ ᠪᠠᠶᠢᠬᠤ ᠦᠭᠡᠢ ᠶᠤᠮ᠃ ᠣᠯᠠᠨ ᠠᠷᠪᠠᠨ ᠵᠢᠯ ᠢᠶᠡᠷ ᠮᠠᠷᠲᠠᠭᠳᠠᠨ ᠰᠠᠭᠠᠷᠮᠠᠭᠵᠢᠭᠰᠠᠨ ᠲᠥᠷᠥ ᠳᠦ ᠶᠣᠰᠣ ᠵᠠᠷᠤᠨ ᠤ ᠬᠦᠴᠦ ᠪᠡᠷ ᠣᠷᠬᠣᠨ ᠤ ᠬᠥᠨᠳᠡᠢ ᠡᠴᠡ ᠡᠬᠢᠯᠡᠨ ᠳᠥᠷᠪᠡᠨ ᠵᠦᠭ ᠨᠠᠶᠢᠮᠠᠨ ᠵᠣᠪᠬᠢᠰ ᠲᠤ ᠰᠡᠷᠭᠦᠨ ᠮᠠᠨᠳᠤᠵᠠᠢ᠃

ᠲᠡᠭᠦᠨ ᠢ ᠳᠠᠭᠠᠨ ᠨᠢᠷᠤᠨ ᠤᠯᠤᠰ ᠤᠨ ᠠᠵᠤ ᠠᠬᠤᠢ᠂ ᠰᠤᠶᠤᠯ ᠠᠰᠤᠷᠤ ᠬᠤᠷᠳᠤᠴᠠ ᠲᠠᠢ ᠬᠦᠭᠵᠢᠪᠡ᠃ ᠡᠨᠡᠳᠬᠡᠭ ᠦᠨ ᠨᠣᠮᠴᠢ ᠮᠡᠷᠭᠡᠳ ᠨᠢᠷᠤᠨ ᠤᠯᠤᠰ ᠲᠤ ᠠᠶᠢᠯᠴᠢᠯᠠᠨ᠂ ᠬᠠᠭᠠᠨ ᠤ ᠪᠠᠭᠰᠢ ᠶᠢᠨ ᠵᠡᠷᠭᠡ ᠳᠦ ᠠᠵᠢᠯᠯᠠᠬᠤ ᠪᠣᠯᠤᠭᠰᠠᠨ ᠨᠢ ᠰᠣᠨᠢᠷᠬᠠᠯᠲᠠᠢ ᠪᠥᠭᠡᠳ ᠮᠠᠨ ᠤ ᠲᠥᠷᠥ ᠳᠦ ᠶᠣᠰᠣᠨ ᠳᠤ ᠠᠩᠬᠠᠨ ᠤ ᠦᠵᠡᠭᠳᠡᠯ  ᠪᠣᠯᠵᠠᠢ᠃ᠵᠠᠷᠤᠨ ᠤ ᠦᠶᠡᠰ ᠨᠡᠭᠦᠳᠡᠯᠴᠢᠳ ᠦᠨ ᠤᠯᠠᠮᠵᠢᠯᠠᠯᠲᠤ "ᠴᠠᠨ ᠢᠦᠢ" ᠴᠣᠯᠠ ᠶᠢ "ᠬᠠᠭᠠᠨ" ᠴᠣᠯᠠ ᠪᠠᠷ ᠰᠣᠯᠢᠭᠰᠠᠨ ᠪᠠᠶᠢᠳᠠᠭ᠃ᠷᠡᠦᠷᠠᠨ ᠤ ᠬᠠᠭᠠᠳ ᠬᠠᠨ ᠰᠢᠷᠡᠭᠡ ᠶᠢ ᠦᠶ᠎ᠡ ᠤᠯᠠᠷᠢᠨ ᠵᠠᠯᠭᠠᠮᠵᠢᠯᠠᠳᠠᠭ ᠪᠠ ᠭᠣᠣᠯ ᠲᠥᠯᠥᠪ ᠬᠦᠦ ᠨᠢ ᠵᠠᠯᠭᠠᠳᠠᠭ ᠲᠣᠭᠲᠠᠭᠰᠠᠨ ᠶᠣᠰᠣᠲᠠᠢ ᠪᠠᠶᠢᠪᠠ᠃ ᠷᠡᠦᠷᠠᠨ ᠤᠯᠤᠰ ᠣᠷᠣᠰᠢᠨ ᠲᠣᠭᠲᠠᠨᠢᠭᠰᠠᠨ 200 ᠣᠷᠴᠢᠮ ᠵᠢᠯ ᠦᠨ ᠬᠤᠭᠤᠴᠠᠭᠠᠨ ᠳᠤ ᠮᠤᠭᠤᠯᠦᠢ ᠶᠢᠨ ᠤᠳᠤᠮ ᠤᠨ ᠨᠡᠶᠢᠲᠡ ᠳᠦ ᠪᠡᠨ 23 ᠬᠠᠭᠠᠨ 330 ᠤᠨ ᠤ ᠣᠷᠴᠢᠮ ᠠᠴᠠ 555 ᠤᠨ ᠢ ᠬᠦᠷᠲᠡᠯ᠎ᠡ ᠵᠢᠦᠷᠠᠨ ᠦ ᠬᠠᠭᠠᠨ ᠰᠢᠷᠡᠭᠡᠨ ᠳᠦ ᠰᠠᠭᠤᠭᠰᠠᠨ ᠠᠴᠠ ᠬᠠᠮᠤᠭ ᠤᠨ ᠠᠯᠳᠠᠷᠲᠠᠢ ᠨᠢ ᠵᠠᠷᠤᠩᠲᠠᠲ᠋ᠠᠷᠨᠠᠭᠠᠢ (492-501 ᠤᠨ), ᠴᠢ ᠨᠤ (508-520 ᠤᠨ), ᠠᠨᠠᠭᠤᠢ (520, 522-552 ᠤᠨ) ᠨᠠᠷ ᠪᠥᠯᠦᠭᠡ᠃ᠵᠠᠷᠤᠩ ᠬᠠᠭᠠᠨ 410 ᠤᠨ ᠳᠤ ᠠᠴᠢ ᠳᠡᠭᠦᠦ ᠨᠠᠷ ᠤᠨ ᠢᠶᠠᠨ ᠣᠷᠳᠣᠨ ᠤ ᠡᠷᠭᠢᠯᠲᠡ ᠳᠦ ᠡᠷᠬᠡ ᠮᠡᠳᠡᠯ ᠢᠶᠡᠨ ᠠᠯᠳᠠᠨ ᠪᠠᠷᠠᠭᠤᠨ ᠵᠦᠭ ᠨᠡᠭᠦᠭᠰᠡᠨ ᠪᠥᠭᠡᠳ ᠲᠡᠭᠦᠨ ᠢ ᠨᠢᠷᠤᠨᠴᠤᠳ ᠤᠨ ᠣᠯᠠᠨ ᠬᠦᠴᠦᠷᠬᠡᠭ ᠪᠦᠯᠦᠭ ᠳᠠᠭᠠᠯᠳᠤᠨ ᠡᠬᠡ ᠨᠤᠲᠤᠭ ᠠᠴᠠ ᠪᠠᠨ ᠴᠣᠶᠢᠯᠠᠨ ᠭᠠᠷᠤᠭᠰᠠᠨ ᠨᠢ 6 ᠍ ᠳᠦᠭᠡᠷ ᠵᠠᠭᠤᠨ ᠤ ᠦᠶ᠎ᠡ ᠳᠦ ᠢᠵᠢᠯ ᠮᠥᠷᠡᠨ ᠦ ᠬᠥᠨᠳᠡᠶ  ᠳᠦ ᠬᠦᠷᠢᠶ᠎ᠡ ᠳᠦ ᠠᠸᠠᠷ ᠬᠡᠮᠡᠨ ᠨᠡᠷᠡᠰᠢᠭᠰᠡᠨ ᠮᠣᠩᠭᠣᠯ ᠢᠵᠠᠭᠤᠷ ᠤᠨ ᠬᠠᠭᠠᠨᠲᠤ ᠤᠯᠤᠰ ᠪᠠᠶᠢᠭᠤᠯᠤᠭᠰᠠᠨ ᠶᠤᠮ᠃ᠠᠸᠠᠷᠴᠤᠳ ᠤᠯᠠᠮ ᠴᠢᠨᠠᠭᠰᠢᠯᠠᠨ᠂ ᠬᠠᠭᠤᠴᠢᠨ ᠠᠲᠲ᠋ᠢᠯ ᠬᠠᠭᠠᠨ ᠤ ᠾᠦᠩᠨᠦ ᠤᠯᠤᠰ ᠤᠨ ᠵᠠᠮ ᠢᠶᠠᠷ ᠳᠤᠨᠠᠢ ᠮᠥᠷᠡᠨ ᠳᠤ ᠰᠠᠭᠤᠷᠢᠰᠢᠭᠰᠠᠨ ᠪᠥᠭᠡᠳ ᠠᠦᠢᠰᠲᠷᠶ᠎ᠠ ᠬᠦᠷᠲᠡᠯ᠎ᠡ ᠥᠷᠭᠡᠨ ᠶᠡᠬᠡ ᠨᠤᠲᠤᠭ ᠢ ᠡᠷᠬᠡᠰᠢᠶᠡᠯ ᠳᠦ ᠪᠡᠨ ᠣᠷᠣᠭᠤᠯᠵᠤ 9 ᠍ ᠳᠦᠭᠡᠷ ᠵᠠᠭᠤᠨ ᠤ ᠰᠡᠭᠦᠯᠴᠢ ᠬᠦᠷᠲᠡᠯ᠎ᠡ ᠮᠣᠩᠭᠣᠯ ᠨᠡᠭᠦᠳᠡᠯᠴᠢᠳ ᠦᠨ ᠨᠡᠷ᠎ᠡ ᠰᠦᠷ ᠢ ᠳᠠᠬᠢᠨ ᠥᠷᠥᠨ᠎ᠡ ᠳᠠᠬᠢᠨ ᠳᠤ ᠵᠠᠷᠯᠠᠨ ᠲᠤᠩᠬᠠᠭᠯᠠᠭᠰᠠᠨ ᠪᠢᠯᠡ᠃

ᠵᠠᠷᠤᠨ ᠢ ᠵᠠᠯᠭᠠᠮᠵᠢᠯᠠᠭᠰᠠᠨ ᠬᠤᠯᠦᠢ ᠬᠠᠭᠠᠨ ᠤ (410-414 ᠤᠨ) ᠦᠶᠡᠯᠢ ᠪᠤᠯᠤᠴᠠᠨᠢ ᠬᠣᠪ ᠬᠤᠳᠬᠤᠵᠤ ᠰᠠᠶᠢᠳ ᠱᠤᠯ᠂ ᠤᠳᠤᠢᠨᠢ ᠨᠠᠷᠠ ᠪᠠᠷ ᠬᠤᠯᠦᠢ ᠶᠢ ᠪᠠᠷᠢᠪᠴᠢᠯᠠᠭᠤᠯᠤᠨ ᠥᠬᠢᠨ ᠲᠠᠢ ᠨᠢ ᠬᠠᠮᠲᠤ ᠤᠮᠠᠷᠠᠳᠤ ᠶᠠᠨ ᠤᠯᠤᠰ ᠤᠨ ᠬᠢᠯᠤᠩ ᠬᠣᠲᠠ ᠤᠷᠤᠭᠤ ᠴᠥᠯᠡᠵᠡᠢ᠃ ᠭᠡᠪᠡᠴᠦ ᠪᠤᠯᠤᠴᠠᠨᠢ ᠤᠳᠠᠯ ᠦᠭᠡᠢ ᠥᠪᠡᠷ ᠢᠶᠡᠨ ᠠᠯᠠᠭᠤᠯᠵᠤ᠂ ᠤᠯᠠᠮ ᠢᠶᠠᠷ 414 ᠤᠨ ᠳᠤ ᠱᠯᠤᠨᠢ ᠬᠠᠭᠠᠨ ᠤ ᠡᠪᠦᠭᠡ᠂ ᠳ᠋ᠢᠰᠤᠶᠤᠸᠠᠨ ᠍ ᠦ ᠬᠦᠦ ᠫᠤᠬᠤᠨ ᠤ ᠬᠦᠦ ᠲᠠᠲ᠋ᠠᠷ ᠬᠠᠭᠠᠨ ᠰᠠᠭᠤᠵᠠᠢ᠃ 460 ᠤᠨ ᠳᠤ ᠲᠦᠷᠹᠠᠨ ᠢ ᠳᠣᠪᠲᠣᠯᠵᠤ᠂ ᠠᠰᠢᠨ᠎ᠠ ᠣᠪᠤᠭ ᠤᠨ 500 ᠡᠷᠦᠬᠡ ᠲᠡᠮᠦᠷᠴᠢᠳ ᠢ ᠣᠯᠵᠠᠯᠠᠨ ᠠᠪᠴᠤ᠂ ᠠᠯᠲᠠᠢ ᠳᠤ ᠰᠠᠭᠤᠯᠭᠠᠵᠤ ᠲᠡᠮᠦᠷ ᠢᠶᠡᠷ ᠠᠯᠪᠠ ᠠᠪᠬᠤ ᠪᠣᠯᠤᠭᠰᠠᠨ ᠨᠢ ᠬᠣᠵᠢᠮ 552 ᠤᠨ ᠠᠴᠠ ᠪᠤᠰᠤᠳ ᠲᠦᠷᠦᠭ ᠠᠶᠢᠮᠠᠭ ᠤᠳ ᠢ ᠨᠢᠭᠡᠳᠬᠡᠨ ᠮᠠᠩᠯᠠᠶᠢᠯᠠᠨ ᠵᠢᠦᠷᠠᠨᠢ ᠤᠯᠤᠰ ᠢ ᠡᠰᠡᠷᠭᠦᠴᠡᠨ ᠪᠣᠰᠴᠤ ᠤᠯᠠᠮ ᠢᠶᠠᠷ ᠨᠢᠷᠤᠨ ᠤᠯᠤᠰ ᠢ 555 ᠤᠨ ᠳᠤ ᠤᠨᠠᠭᠠᠨ ᠲᠦᠷᠦᠭ ᠦᠨ ᠬᠠᠭᠠᠨᠲᠤ ᠤᠯᠤᠰ ᠢ ᠪᠠᠶᠢᠭᠤᠯᠪᠠ᠃ ᠲᠦᠷᠦᠭ ᠦᠨ ᠳᠣᠪᠲᠣᠯᠭᠠᠨ ᠳᠤ ᠴᠣᠬᠢᠭᠳᠠᠭᠰᠠᠨ ᠨᠢᠷᠤᠨᠴᠤᠳ ᠨᠤᠲᠤᠭ ᠢᠶᠠᠨ ᠣᠷᠬᠢᠨ ᠨᠡᠭᠦᠭᠰᠡᠨ ᠪᠠ ᠵᠠᠷᠢᠮ ᠨᠢ ᠣᠳᠣ ᠶᠢᠨ ᠮᠣᠩᠭᠣᠯ ᠤᠨ ᠵᠡᠭᠦᠨ ᠠᠶᠢᠮᠠᠭ ᠤᠳ ᠲᠤ ᠦᠯᠡᠳᠡᠵᠡᠢ᠃ ᠡᠨᠡ ᠲᠤᠬᠠᠢ ᠬᠢᠲᠠᠳ ᠰᠤᠷᠪᠤᠯᠵᠢ ᠳᠤ ᠷᠡᠦᠷᠠᠨᠢᠴᠤᠳ ᠦᠯᠦ ᠮᠡᠳᠡᠭᠳᠡᠬᠦ ᠵᠦᠭ ᠲᠤ ᠨᠡᠭᠦᠨ ᠠᠯᠠᠭ᠎ᠠ ᠪᠣᠯᠪᠠ ᠭᠡᠵᠦ ᠲᠡᠮᠳᠡᠭᠯᠡᠵᠡᠢ᠃ ᠬᠠᠩᠭᠠᠷᠢ ᠠᠴᠠ ᠨᠢᠷᠤᠨᠴᠤᠳ ᠤᠨ ᠪᠥᠰᠡᠨ ᠦ ᠠᠷᠠᠯ ᠣᠯᠳᠠᠭᠰᠠᠨ ᠪᠠᠶᠢᠳᠠᠭ᠃ ᠮᠥᠨ ᠵᠠᠷᠢᠮ ᠨᠢ ᠪᠠᠷᠠᠭᠤᠨ ᠵᠦᠭ ᠨᠡᠭᠦᠵᠦ᠂ 570 ᠍ ᠊ᠭᠠᠳ ᠤᠨ ᠳᠤ ᠺᠷᠢᠮ ᠤᠨ ᠬᠣᠶᠢᠭ ᠪᠣᠯᠤᠨ ᠤᠮᠠᠷᠠᠳᠤ ᠺᠠᠤᠺᠠᠰ ᠲᠤ ᠰᠠᠭᠤᠷᠢᠰᠢᠨ ᠢᠷᠭᠡᠨᠰᠢᠭᠰᠡᠨ ᠲᠡᠦᠬᠡ ᠲᠡᠢ᠃ ᠡᠨᠡ ᠦᠶ᠎ᠡ ᠳᠦ ᠧᠦ᠋ᠷᠣᠫᠠ ᠳᠤ ᠵᠡᠭᠦᠨ ᠵᠦᠭ ᠡᠴᠡ ᠨᠡᠭᠦᠨ ᠢᠷᠡᠭᠰᠡᠨ ᠠᠸᠠᠷ ᠤᠨ ᠭᠠᠷᠤᠯ ᠢ ᠡᠷᠳᠡᠮᠲᠡᠳ ᠶᠠᠩᠵᠤ ᠪᠦᠷᠢ ᠪᠡᠷ ᠲᠠᠶᠢᠯᠪᠤᠷᠢᠯᠠᠳᠠᠭ ᠪᠠ ᠵᠠᠷᠢᠮ ᠨᠢ ᠨᠢᠷᠤᠨᠴᠤᠳ ᠲᠠᠢ ᠬᠣᠯᠪᠣᠳᠠᠭ ᠪᠣᠯ ᠵᠠᠷᠢᠮ ᠨᠢ ᠲᠦᠷᠦᠭ ᠭᠡᠵᠦ ᠦᠵᠡᠳᠡᠭ᠃ ᠨᠢᠷᠤᠨ ᠤᠯᠤᠰ ᠤᠨᠠᠭᠰᠠᠨ ᠢᠶᠠᠷ ᠮᠣᠩᠭᠣᠯ ᠣᠪᠣᠭᠲᠠᠨ ᠤᠷᠢᠳᠤ ᠬᠦᠷᠦᠭᠰᠡᠨ ᠠᠬᠤᠢ᠂ ᠰᠤᠶᠤᠯ᠂ ШУ ᠍ ᠤ ᠣᠯᠤᠯᠲᠠ ᠠᠮᠵᠢᠯᠲᠠ ᠪᠠᠨ 907 ᠤᠨ ᠳᠤ ᠬᠢᠳᠠᠨ ᠭᠦᠷᠦᠨ ᠮᠠᠨᠳᠤᠬᠤ ᠬᠦᠷᠲᠡᠯ᠎ᠡ ᠠᠯᠳᠠᠵᠠᠢ᠃

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ᠂ ᠠᠵᠤ ᠠᠬᠤᠢ᠂ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1992 ᠤᠨ ᠤ "ᠮᠣᠩᠭᠣᠯ ᠤᠨ ᠲᠡᠦᠬᠡ ᠶᠢᠨ ᠳᠡᠭᠡᠵᠢ ᠪᠢᠴᠢᠭ"ᠲ ᠨᠢᠷᠤᠨᠴᠤᠳ ᠳᠤᠮᠳᠠᠳᠤ ᠵᠠᠭᠤᠨ ᠤ ᠮᠣᠩᠭᠣᠯᠴᠤᠳ ᠲᠠᠢ ᠣᠯᠠᠨ ᠲᠠᠯ᠎ᠠ ᠪᠠᠷ ᠢᠶᠠᠨ ᠲᠥᠰᠲᠡᠢ ᠪᠠᠶᠢᠭᠰᠠᠨ ᠲᠤᠬᠠᠢ ᠳᠤᠷᠢᠳᠠᠵᠠᠢ: -ᠢᠰᠡᠭᠡᠢ ᠭᠡᠷ ᠲᠦ ᠠᠮᠢᠳᠤᠷᠠᠳᠠᠭ᠂ ᠭᠡᠷ ᠦᠨ ᠡᠭᠦᠳᠡ ᠪᠡᠨ ᠵᠡᠭᠦᠨ ᠵᠦᠭ ᠲᠤ ᠬᠠᠷᠠᠭᠤᠯᠤᠨ ᠪᠠᠷᠢᠳᠠᠭ᠃

᠍ ᠦᠰᠦ ᠪᠡᠨ ᠰᠦᠯᠵᠢᠨ ᠭᠡᠵᠢᠭᠡ ᠲᠠᠯᠪᠢᠳᠠᠭ ᠭᠡᠬᠦ ᠮᠡᠲᠦ

ᠮᠣᠩᠭᠣᠯ ᠠᠴᠠ ᠰᠢᠨᠪᠢ᠂ ᠨᠢᠷᠤᠨ ᠳᠤ ᠬᠠᠮᠢᠶᠠᠷᠤᠭᠳᠠᠬᠤ ᠠᠷᠬᠧᠣᠯᠣᠭᠢ ᠶᠢᠨ ᠳᠤᠷᠠᠰᠬᠠᠯ ᠲᠡᠳᠦᠶᠢᠯᠡᠨ ᠣᠯᠳᠠᠭ᠎ᠠ ᠦᠭᠡᠢ ᠪᠠ ᠾᠢᠦᠩᠨᠦ᠂ ᠰᠢᠨᠪᠢ᠂ ᠨᠢᠷᠤᠨᠴᠤᠳ ᠤᠤᠯ ᠠᠴᠠ ᠪᠠᠨ ᠭᠠᠷᠤᠯ ᠨᠢᠭᠡᠲᠡᠢ᠂ ᠰᠤᠶᠤᠯ ᠤᠨ ᠬᠤᠪᠢ ᠳᠤ ᠢᠵᠢᠯ ᠪᠠᠶᠢᠳᠠᠭ ᠠᠴᠠ ᠠᠷᠬᠧᠣᠯᠣᠭᠢ ᠶᠢᠨ ᠳᠤᠷᠠᠰᠬᠠᠯ ᠤᠳ ᠨᠢ ᠲᠡᠳᠦᠶᠢᠯᠡᠨ ᠢᠯᠭᠠᠭᠳᠠᠭ ᠦᠭᠡᠢ᠃ ᠲᠡᠶᠢᠮᠦ ᠡᠴᠡ ᠮᠣᠩᠭᠣᠯ ᠳᠤ ᠪᠠᠶᠢᠭ᠎ᠠ ᠾᠦᠩᠨᠦ ᠶᠢᠨ ᠬᠡᠳᠦᠨ ᠮᠢᠩᠭᠠᠨ ᠪᠤᠯᠠᠰᠢᠨ ᠤ ᠵᠠᠷᠢᠮ ᠨᠢ ᠲᠡᠳᠡᠨ ᠲᠡᠢ ᠨᠢᠭᠡᠨ ᠴᠠᠭ ᠦᠶ᠎ᠡ ᠳᠦ ᠠᠮᠢᠳᠤᠷᠠᠵᠤ ᠪᠠᠶᠢᠭᠰᠠᠨ ᠰᠢᠨᠪᠢᠴᠤᠳ ᠤᠨ ᠬᠢ ᠪᠠᠶᠢᠵᠤ ᠪᠣᠯᠬᠤ ᠶᠤᠮ᠃ ᠣᠷᠣᠰ ᠤᠨ ᠥᠪᠥᠷ ᠪᠠᠶᠢᠭᠠᠯᠢ ᠶᠢᠨ ᠬᠢᠵᠠᠭᠠᠷ ᠲᠤ ᠰᠤᠳᠤᠯᠭ᠎ᠠ ᠬᠢᠳᠡᠭ ᠡᠷᠳᠡᠮᠲᠡᠳ ᠰᠢᠨᠪ ᠤᠨ ᠰᠤᠶᠤᠯ ᠭᠡᠰᠡᠨ ᠪᠡᠶ᠎ᠡ ᠳᠠᠭᠠᠭᠰᠠᠨ ᠰᠤᠶᠤᠯ ᠥᠪᠥᠷ ᠪᠠᠶᠢᠭᠠᠯᠢ ᠶᠢᠨ ᠬᠢᠵᠠᠭᠠᠷ ᠲᠤ ᠲᠠᠷᠬᠠᠭᠰᠠᠨ ᠭᠡᠳᠡᠭ ᠢ ᠠᠷᠬᠧᠣᠯᠣᠭᠢ ᠶᠢᠨ ᠰᠤᠳᠤᠯᠭ᠎ᠠ ᠪᠠᠷ ᠲᠣᠭᠲᠠᠭᠠᠴᠠᠢ᠃ ᠠᠯᠢᠪᠠ ᠤᠯᠤᠰ ᠥᠪᠡᠷ ᠦᠨ ᠨᠡᠶᠢᠰᠯᠡᠯ ᠢ ᠬᠠᠷᠢ ᠤᠭᠰᠠᠭᠠᠨ ᠤ ᠬᠦᠮᠦᠨ ᠠᠮᠠ ᠶᠢᠨ ᠳᠤᠮᠳᠠ ᠪᠠᠶᠢᠭᠤᠯᠳᠠᠭ ᠦᠭᠡᠢ ᠪᠥᠭᠡᠳ ᠾᠢᠦᠩᠨᠦ᠂ ᠰᠢᠨᠪᠢ᠂ ᠨᠢᠷᠤᠨ ᠤᠯᠤᠰ ᠤᠳ ᠤᠨ ᠨᠡᠶᠢᠰᠯᠡᠯ ᠨᠢ ᠪᠦᠭᠦᠳᠡ ᠣᠷᠬᠣᠨ ᠭᠣᠣᠯ ᠤᠨ ᠬᠥᠨᠳᠡᠢ᠂ ᠬᠠᠩᠭᠠᠢ ᠶᠢᠨ ᠨᠢᠷᠤᠭᠤᠨ ᠳᠤ ᠪᠠᠶᠢᠭᠰᠠᠨ ᠨᠢ ᠣᠳᠣ ᠶᠢᠨ ᠮᠣᠩᠭᠣᠯ ᠤᠨ ᠨᠤᠲᠤᠭ ᠲᠤ ᠮᠣᠩᠭᠣᠯᠴᠤᠳ ᠡᠷᠲᠡᠨ ᠡᠴᠡ ᠨᠠᠭᠠᠰᠢ ᠲᠥᠪᠯᠡᠷᠡᠨ ᠰᠠᠭᠤᠷᠢᠰᠢᠵᠤ ᠪᠠᠶᠢᠭᠰᠠᠨ ᠢ ᠨᠣᠲᠠᠯᠠᠳᠠᠭ᠃

ᠵᠠᠰᠠᠭ ᠵᠠᠬᠢᠷᠭ᠎ᠠ᠂ ᠲᠥᠷᠥ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠭ᠃ᠰᠦᠬᠡᠪᠠᠭᠠᠲᠤᠷ᠂ "ᠶᠡᠬᠡ ᠨᠢᠷᠤᠨ ᠤᠯᠤᠰ"

ᠪᠢᠴᠢᠭᠡᠰᠦ