ᠷᠠᠳᠢᠣ᠋ᠢᠽᠢᠲ᠋ᠣᠫ ᠴᠥᠮ᠎ᠡ ᠶᠢᠨ ᠴᠠᠬᠢᠯᠭᠠᠨ ᠡᠭᠦᠰᠬᠡᠭᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠠᠨᠰᠠᠷ ᠤᠨ ᠬᠥᠯᠥᠭ ᠲᠦ ᠠᠰᠢᠭᠯᠠᠳᠠᠭ РЦЦҮ᠂ ᠺᠠᠰᠰᠢᠨᠢ ᠬᠥᠯᠥᠭ
ᠫᠯᠤᠲ᠋ᠣᠨᠢᠭᠤᠮ 238 ᠲᠦᠯᠡᠰᠢᠨ ᠦ ᠬᠡᠰᠡᠭ ᠳᠣᠲᠣᠷ᠎ᠠ ᠠᠴᠠ ᠪᠠᠨ ᠡᠭᠦᠰᠬᠦ ᠰᠠᠴᠤᠷᠠᠭ ᠤᠨ ᠢᠶᠠᠨ ᠬᠠᠯᠠᠭᠤᠨ ᠳᠤ ᠤᠯᠠᠶᠢᠰᠤᠭᠰᠠᠨ ᠪᠠᠶᠢᠭ᠎ᠠ ᠨᠢ

ᠷᠠᠳᠢᠣ᠋ᠢᠽᠢᠲ᠋ᠣᠫ ᠴᠥᠮ᠎ᠡ ᠶᠢᠨ ᠴᠠᠬᠢᠯᠭᠠᠨ ᠡᠭᠦᠰᠬᠡᠭᠦᠷ (РЦЦҮ) (ᠠᠩᠭᠯ᠃ Radioisotope thermoelectric generator (RTG, RITEG) ᠨᠢ ᠴᠥᠮ᠎ᠡ ᠶᠢᠨ ᠲᠦᠯᠡᠰᠢᠨ ᠡᠴᠡ ᠡᠭᠦᠰᠬᠦ ᠳᠤᠯᠠᠭᠠᠨ ᠍ ᠢ ᠣᠯᠠᠨ ᠵᠢᠵᠢᠭ ᠬᠠᠪᠴᠢᠭᠤᠷᠤᠭᠤᠨ ᠨᠤᠭᠤᠳ ᠤᠨ ᠬᠥᠳᠡᠯᠭᠡᠭᠡᠨ ᠢᠶᠡᠷ ᠴᠠᠬᠢᠯᠭᠠᠨ ᠳᠤ ᠬᠤᠪᠢᠷᠠᠭᠠᠳᠠᠭ ᠴᠠᠬᠢᠯᠭᠠᠨ ᠡᠭᠦᠰᠬᠡᠭᠦᠷ ᠶᠤᠮ᠃ ᠡᠨᠡ ᠴᠠᠬᠢᠯᠭᠠᠨ ᠡᠭᠦᠰᠬᠡᠭᠦᠷ ᠨᠢ ᠬᠦᠮᠦᠨ ᠬᠦᠷᠬᠦ ᠪᠣᠯᠤᠮᠵᠢ ᠦᠭᠡᠢ ᠤᠳᠠᠭᠠᠨ ᠥᠪᠡᠷ ᠢᠶᠡᠨ ᠠᠵᠢᠯᠯᠠᠬᠤ ᠱᠠᠭᠠᠷᠳᠠᠯᠭ᠎ᠠ ᠲᠠᠢ ᠲᠧᠭᠨᠣᠯᠣᠭᠢ ᠨᠤᠭᠤᠳ ᠪᠣᠯᠬᠤ ᠤᠳᠠᠭᠠᠨ ᠠᠶᠠᠯᠠᠳᠠᠭ ᠰᠠᠨᠰᠠᠷ ᠤᠨ ᠬᠥᠯᠥᠭ ᠦᠳ ᠦᠨ ᠭᠣᠣᠯ ᠴᠠᠬᠢᠯᠭᠠᠨ ᠤ ᠡᠭᠦᠰᠬᠡᠭᠦᠷ ᠪᠣᠯᠳᠠᠭ᠃ ᠡᠨᠡ ᠡᠭᠦᠰᠬᠡᠭᠦᠷ ᠢ 1950 ᠍ ᠊ᠭᠠᠳ ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠍ ᠲᠤ ᠮᠣᠨ ᠳᠤ ᠯᠠᠪᠷᠠᠲ᠋ᠣᠷᠢ ᠳᠤ ᠠᠩᠬ᠎ᠠ ᠪᠦᠲᠦᠭᠡᠵᠦ 1961 ᠣᠨ ᠳᠤ ᠰᠠᠨᠰᠠᠷ ᠤᠨ ᠬᠢᠮᠡᠯ ᠳᠠᠭᠠᠭᠤᠯᠢ ᠳᠤ ᠠᠩᠬ᠎ᠠ ᠠᠰᠢᠭᠯᠠᠵᠠᠢ᠃ ᠬᠠᠭᠠᠰ ᠢᠳᠡᠪᠬᠢ ᠳᠦ ᠬᠤᠭᠤᠴᠠᠭ᠎ᠠ ᠬᠠᠮᠤᠭ ᠤᠨ ᠤᠷᠲᠤ ᠪᠠᠶᠢᠳᠠᠭ ᠢᠶᠠᠷ ᠨᠢ ᠫᠯᠤᠲ᠋ᠣᠨᠢ-238 ᠍ ᠢ РЦЦҮ ᠍ ᠤᠨ ᠲᠦᠯᠡᠰᠢᠨ ᠳᠦ ᠠᠰᠢᠭᠯᠠᠳᠠᠭ᠃ ᠡᠶᠢᠮᠦ ᠴᠠᠬᠢᠯᠭᠠᠨ ᠡᠭᠦᠰᠬᠡᠭᠦᠷ ᠨᠢ ᠬᠡᠳᠦᠨ ᠠᠷᠪᠠᠨ ᠵᠢᠯ ᠢᠶᠡᠷ ᠲᠤᠬᠠᠢ ᠶᠢᠨ ᠰᠠᠨᠰᠠᠷ ᠤᠨ ᠬᠥᠯᠥᠭ ᠡᠰᠡᠪᠡᠯ ᠶᠡᠬᠡ ᠪᠡᠶ᠎ᠡ ᠪᠡᠨ ᠴᠠᠬᠢᠯᠭᠠᠨ ᠳᠤᠯᠠᠭᠠᠨ ᠢᠶᠠᠷ ᠬᠠᠩᠭᠠᠵᠤ ᠴᠢᠳᠠᠳᠠᠭ᠃ РЦЦҮ ᠨᠢ 1970 ᠍ ᠊ᠭᠠᠳ ᠣᠨ ᠨᠤᠭᠤᠳ ᠲᠤ ᠰᠠᠨᠰᠠᠷ ᠲᠤ ᠢᠯᠡᠭᠡᠭᠰᠡᠨ ᠸᠣᠢᠵᠧᠷ-1 ᠪᠠ 2 ᠬᠥᠯᠭᠡ ᠨᠦᠭᠦᠳ ᠨᠢ ᠣᠳᠣ ᠪᠣᠯᠲᠠᠯ᠎ᠠ 40 ᠭᠠᠷᠤᠢ ᠵᠢᠯ ᠰᠠᠨᠰᠠᠷ ᠲᠤ ᠬᠥᠯᠭᠡ ᠨᠦᠭᠦᠳ ᠢ ᠴᠠᠬᠢᠯᠭᠠᠨ ᠪᠠ ᠳᠤᠯᠠᠭᠠᠨ ᠢᠶᠠᠷ ᠳᠡᠯᠡᠬᠡᠢ ᠡᠴᠡ ᠣᠯᠠᠨ ᠲᠡᠷᠪᠤᠮ ᠺᠢᠯᠣᠮᠧᠲ᠋ᠷ ᠤᠨ ᠵᠠᠢ ᠶᠢᠨ ᠳᠤ -250 ᠭᠷᠠᠳᠦᠶᠢᠰ ᠤᠨ ᠬᠦᠢᠲᠡᠨ ᠰᠠᠨᠰᠠᠷ ᠲᠤ ᠲᠠᠰᠤᠷᠠᠯᠲᠠ ᠦᠭᠡᠢ ᠬᠠᠩᠭᠠᠵᠤ ᠠᠵᠢᠯᠯᠠᠵᠤ ᠪᠠᠶᠢᠨ᠎ᠠ᠃

ᠺᠠᠰᠰᠢᠩ ᠦᠨ РЦЦҮ ᠍ ᠢ ᠰᠢᠯᠭᠠᠵᠤ ᠪᠠᠶᠢᠭ᠎ᠠ ᠨᠢ
"ᠰᠢᠨ᠎ᠡ ᠬᠢᠵᠠᠭᠠᠷ" ᠰᠠᠨᠰᠠᠷ ᠤᠨ ᠬᠢᠮᠡᠯ ᠳᠠᠭᠠᠭᠤᠯᠢ ᠳᠤ ᠤᠭᠰᠠᠷᠠᠭᠰᠠᠨ РЦЦҮ ᠨᠠᠭᠠᠳᠤ ᠲᠠᠯ᠎ᠠ ᠳᠤ ᠬᠠᠷᠠᠭᠳᠠᠵᠤ ᠪᠠᠶᠢᠨ᠎ᠠ᠃

ᠪᠢᠴᠢᠭᠡᠰᠦ