ᠷᠠᠳᠠᠷ ᠭᠠᠴᠠᠭᠠᠯᠲᠠ ᠪᠠ ᠵᠢᠭᠤᠲᠠᠭᠠᠯᠭᠠᠬᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:AGM-88 and AIM-9 on Tornado.jpeg
ᠭᠧᠷᠮᠠᠨ ᠤ ᠯᠤᠹᠳᠪᠠᠹᠧ ᠠᠭᠠᠷ ᠤᠨ ᠬᠦᠴᠦᠨ ᠤ ᠷᠠᠳᠠᠷ ᠭᠠᠴᠠᠭᠴᠢ ᠲᠣᠷᠨᠠᠳᠣ ᠣᠩᠭᠣᠴᠠ

ᠷᠠᠳᠠᠷ ᠤᠨ ᠠᠵᠢᠯᠯᠠᠭ᠎ᠠ ᠶᠢ ᠠᠭᠠᠷ ᠲᠤ ᠰᠠᠷᠨᠢᠭᠤᠯᠬᠤ᠂ ᠭᠠᠴᠠᠭᠠᠬᠤ ᠳᠤ ᠮᠧᠬᠠᠨᠢᠭ ᠪᠠ ᠡᠯᠧᠺᠲ᠋ᠷᠣᠨᠢᠺ ᠤᠨ ᠭᠡᠰᠡᠨ ᠦᠨᠳᠦᠰᠦᠨ 2 ᠲᠥᠷᠥᠯ ᠦᠨ ᠠᠷᠭ᠎ᠠ ᠨᠤᠭᠤᠳ ᠪᠠᠶᠢᠳᠠᠭ᠃

ᠮᠧᠬᠠᠨᠢᠭ ᠰᠠᠷᠨᠢᠭᠤᠯᠤᠯᠲᠠᠨ ᠳᠤ ᠠᠭᠠᠷ ᠲᠤ ᠤᠷᠲᠤ ᠬᠥᠩᠭᠡᠨᠴᠠᠭᠠᠨ ᠢᠶᠠᠷ ᠬᠢᠭᠰᠡᠨ ᠬᠤᠪᠠᠨᠴᠠᠷ ᠲᠤᠤᠵᠠ ᠨᠤᠭᠤᠳ ᠢ ᠣᠩᠭᠣᠴᠠᠨ ᠠᠴᠠ ᠬᠠᠶᠠᠳᠠᠭ ᠡᠨᠡ ᠨᠢ ᠤᠷᠲᠤ ᠬᠤᠭᠤᠴᠠᠭᠠᠨ ᠳᠤ ᠷᠠᠳᠠᠷ ᠤᠨ ᠮᠡᠳᠡᠷᠡᠬᠦ ᠳᠣᠯᠭᠢᠶᠠᠨ ᠢ ᠰᠠᠷᠨᠢᠭᠤᠯᠤᠨ᠎ᠠ᠃ ᠮᠥᠨ ᠱᠣᠪᠬᠣ ᠪᠤᠯᠤᠨ ᠢᠶᠠᠷ ᠰᠠᠷᠨᠢᠭᠤᠯᠬᠤ ᠪᠠ ᠬᠢᠮᠡᠯ ᠪᠡᠶᠡᠲᠦ ᠪᠡᠷ ᠠᠭᠠᠷ ᠲᠤ ᠬᠠᠭᠤᠷᠠᠬᠤ ᠠᠷᠭ᠎ᠠ ᠨᠤᠭᠤᠳ ᠪᠠᠶᠢᠳᠠᠭ᠃

ᠡᠯᠧᠺᠲ᠋ᠷᠣᠨᠢᠺ ᠰᠠᠷᠨᠢᠭᠤᠯᠤᠯᠲᠠᠨ ᠳᠤ ᠰᠥᠷᠭᠦ ᠲᠠᠯ᠎ᠠ ᠶᠢᠨ ᠷᠠᠳᠠᠷ ᠷᠤ ᠥᠳᠬᠡᠨ ᠬᠦᠴᠦᠲᠡᠢ ᠳᠣᠯᠭᠢᠶᠠᠨ ᠢ ᠴᠠᠴᠤᠬᠤ ᠠᠷᠭ᠎ᠠ ᠨᠤᠭᠤᠳ ᠣᠷᠣᠳᠠᠭ᠃ ᠴᠡᠭᠡᠨ᠂ ᠱᠤᠤᠷᠳᠠᠬᠤ᠂ ᠪᠠᠭᠴᠠᠯᠠᠬᠤ ᠭᠡᠰᠡᠨ ᠠᠷᠭᠠᠤᠳᠠᠷ᠎ᠠ ᠭᠠᠴᠠᠭᠴᠢ ᠳᠣᠯᠭᠢᠶᠠᠨ ᠢ ᠴᠠᠴᠠᠨ᠎ᠠ᠃

ᠪᠢᠴᠢᠭᠡᠰᠦ