ᠷᠠᠰᠢᠶᠠᠨᠲᠤ ᠰᠤᠮᠤ (ᠬᠥᠪᠰᠥᠭᠥᠯ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠷᠠᠰᠢᠶᠠᠨᠲᠤ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠷᠠᠰᠢᠶᠠᠨ ᠳᠤ
1,980 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
3,280 ᠬᠦᠮᠦᠨ ᠣᠷᠣᠰᠢᠨ ᠰᠠᠭᠤᠳᠠᠭ
123,000 ᠲᠣᠯᠣᠭᠠᠢ ᠮᠠᠯ ᠲᠠᠢ
ᠳᠣᠲᠣᠷ᠎ᠠ ᠪᠠᠨ ᠲᠡᠭᠡᠯᠢ᠂ ᠲᠠᠯ᠎ᠠ ᠶᠢᠨ ᠤᠰᠤ᠂ ᠡᠩᠬᠡ ᠲᠠᠯ᠎ᠠ᠂
ᠴᠡᠩᠭᠡᠯ᠂ ᠶᠡᠬᠡ ᠠᠴᠠ ᠭᠡᠬᠦ ᠲᠠᠪᠤᠨ ᠪᠠᠭ ᠲᠠᠢ᠃
1931 ᠣᠨ ᠳᠤ ᠡᠭᠦᠰᠦᠨ ᠪᠠᠶᠢᠭᠤᠯᠤᠭᠳᠠᠭᠰᠠᠨ
1959 ᠣᠨ ᠳᠤ ᠡᠷᠭᠢᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠲᠡᠮᠦᠷᠪᠤᠯᠠᠭᠲᠣᠰᠣᠨᠴᠡᠩᠭᠡᠯᠶᠡᠬᠡ-ᠠᠭᠤᠯᠠ᠂ ᠪᠤᠯᠠᠭᠠᠨ ᠤ ᠪᠠᠶᠠᠨ-ᠠᠭᠲᠠ᠂ ᠠᠷᠤᠬᠠᠩᠭᠠᠢ ᠶᠢᠨ ᠴᠡᠴᠡᠷᠯᠢᠭ ᠭᠡᠰᠡᠨ ᠲᠠᠪᠤᠨ ᠰᠤᠮᠤ ᠲᠠᠢ ᠬᠠᠶᠠᠭ᠎ᠠ ᠵᠠᠯᠭᠠᠨ᠎ᠠ᠃
ᠰᠤᠮᠤ ᠶᠢᠨ ᠲᠥᠪ
ᠰᠤᠮᠤ ᠶᠢᠨ ᠲᠥᠪ
ᠰᠢᠨ᠎ᠡ ᠬᠡᠶᠢᠳ

ᠷᠠᠰᠢᠶᠠᠨᠲᠤ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ 1,980 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ᠃ 2000 ᠣᠨ ᠤ ᠪᠠᠶᠢᠳᠠᠯ ᠢᠶᠠᠷ 3,280 ᠣᠷᠣᠰᠢᠨ ᠰᠠᠭᠤᠭᠴᠢ ᠲᠠᠢ ᠪᠠᠶᠢᠪᠠ᠃ ᠰᠤᠮᠤ ᠶᠢᠨ ᠲᠥᠪ ᠨᠢ ᠠᠶᠢᠮᠠᠭ ᠤᠨ ᠲᠥᠪ ᠮᠥᠷᠡᠨ ᠶᠢ ᠡᠴᠡ ᠵᠡᠭᠦᠨ ᠤᠷᠤᠭᠰᠢ 154 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷᠠ ᠠᠴᠠ 518 ᠺᠢᠯᠣᠮᠧᠲ᠋ᠷ ᠠᠯᠤᠰᠯᠠᠭᠳᠠᠭᠰᠠᠨ᠃

ᠷᠠᠰᠢᠶᠠᠨ ᠳᠤ ᠨᠢ ᠬᠥᠪᠰᠥᠭᠥᠯ ᠠᠶᠢᠮᠠᠭ ᠤᠨ ᠤᠷᠢᠳᠤ ᠲᠠᠯ᠎ᠠ ᠶᠢᠨ ᠬᠡᠰᠡᠭ ᠲᠦ ᠤᠷᠤᠰᠢᠬᠤ ᠪᠠᠷᠠᠭᠤᠨ ᠥᠮᠡᠨ ᠢᠶᠡᠷ ᠢᠶᠡᠨ ᠠᠷᠤᠬᠠᠩᠭᠠᠢ ᠠᠶᠢᠮᠠᠭ ᠤᠨ ᠴᠡᠴᠡᠷᠯᠢᠭ ᠰᠤᠮᠤᠲᠠᠢ᠂ ᠵᠡᠭᠦᠨ ᠡᠮᠦᠨ᠎ᠡ ᠪᠡᠷ ᠢᠶᠡᠨ ᠪᠤᠯᠠᠭᠠᠨ ᠠᠶᠢᠮᠠᠭ ᠤᠨ ᠪᠠᠶᠠᠨ-ᠠᠭᠲᠠ ᠰᠤᠮᠤᠲᠠᠢ ᠬᠢᠯᠢᠯᠡᠳᠡᠭ᠃ ᠬᠣᠶᠢᠳᠤ ᠬᠡᠰᠡᠭ ᠢᠶᠡᠷ ᠢᠶᠡᠨ ᠲᠤᠰ ᠠᠶᠢᠮᠠᠭ ᠤᠨ ᠢᠶᠠᠨ ᠲᠣᠰᠣᠨᠴᠡᠩᠭᠡᠯᠶᠡᠬᠡ-ᠠᠭᠤᠯᠠ ᠰᠤᠮᠤ ᠳᠤ ᠲᠠᠢ ᠵᠠᠯᠭᠠᠭ᠎ᠠ ᠤᠷᠤᠰᠢᠬᠤ ᠰᠡᠯᠡᠩᠭᠡ ᠮᠥᠷᠡᠨ ᠦ ᠡᠮᠦᠨ᠎ᠡ ᠬᠡᠰᠡᠭ ᠲᠦ ᠨᠡᠭᠦᠳᠡᠯ ᠦᠨ ᠮᠠᠯ ᠠᠵᠤ ᠠᠬᠤᠢ ᠶᠢ ᠭᠣᠣᠯᠯᠠᠨ ᠡᠷᠬᠢᠯᠡᠳᠡᠭ ᠬᠠᠯᠬ᠎ᠠ ᠶᠠᠰᠤᠲᠠᠨ ᠨᠤᠭᠤᠳ ᠶᠤᠮ᠃ ᠷᠠᠰᠢᠶᠠᠨᠲᠤ ᠰᠤᠮᠤ ᠨᠢ ᠥᠨᠳᠥᠷ ᠬᠦᠴᠦᠳᠡᠯ ᠦᠨ ᠱᠤᠭᠤᠮ ᠳᠤ ᠬᠣᠯᠪᠣᠭᠳᠠᠭᠰᠠᠨ᠂ ᠮᠣᠪᠢᠺᠣᠮ ᠍ ᠤᠨ ᠰᠦᠯᠵᠢᠶ᠎ᠡ 2007 ᠣᠨ ᠤ ᠰᠡᠭᠦᠯᠡᠷ ᠣᠷᠣᠭᠰᠠᠨ᠃ ᠭᠣᠣᠯ ᠳᠠᠪᠠᠭᠤ ᠲᠠᠯ᠎ᠠ ᠨᠢ ᠤᠯᠠᠭᠠᠨᠪᠠᠭᠠᠲᠤᠷ ᠮᠥᠷᠡᠨᠭᠡᠶᠢᠨ ᠠᠦ᠋ᠲ᠋ᠣ᠋ ᠮᠠᠰᠢᠨ ᠤ ᠵᠠᠮ ᠤᠨ ᠳᠠᠭᠠᠷᠢᠵᠤ ᠥᠩᠭᠡᠷᠡᠳᠡᠭ ᠠᠶᠠᠯᠠᠯ ᠵᠢᠭᠤᠯᠴᠢᠯᠠᠯ ᠴᠢᠨᠠᠭᠰᠢᠳᠠ ᠬᠥᠭᠵᠢᠬᠦ ᠪᠠᠶᠢᠭᠠᠯᠢ ᠶᠢᠨ ᠦᠵᠡᠰᠬᠦᠯᠡᠩ ᠪᠣᠯᠤᠭᠠᠳ ᠬᠥᠷᠥᠩᠭᠡ ᠣᠷᠣᠭᠤᠯᠤᠭᠴᠢᠳ ᠲᠤᠰ ᠰᠤᠮᠤᠨ ᠳᠤ ᠪᠤᠢ᠃ ᠪᠠᠶᠢᠭᠠᠯᠢ ᠶᠢᠨ ᠷᠠᠰᠢᠶᠠᠨ ᠡᠯᠪᠡᠭ ᠲᠡᠢ ᠨᠢ ᠨᠡᠷᠡᠨ ᠡᠴᠡ ᠪᠡᠨ ᠢᠯᠡᠳᠲᠡ ᠪᠠᠶᠢᠳᠠᠭ᠃ ᠲᠤᠬᠠᠢ ᠶᠢᠨ ᠰᠤᠮᠤ ᠶᠢᠨ ᠵᠡᠷᠯᠢᠭ ᠪᠠᠶᠢᠭᠠᠯᠢ ᠶᠢᠨ ᠵᠠᠷᠢᠮ ᠠᠴᠠ ᠳᠤᠷᠢᠳᠠᠪᠠᠯ᠂ ᠳᠥᠷᠥᠭᠡ ᠴᠠᠭᠠᠨ ᠨᠠᠭᠤᠷ ᠭᠡᠬᠦ ᠴᠠᠶᠢᠨ ᠤ ᠬᠤᠵᠢᠷ ᠭᠠᠷᠳᠠᠭ᠂ ᠮᠠᠯ ᠤᠨ ᠵᠤᠨ ᠤ ᠤᠯᠠᠷᠢᠯ ᠤᠨ ᠵᠢᠩᠬᠢᠨᠢ ᠤᠮᠳᠠᠭ᠎ᠠ ᠪᠣᠯᠳᠠᠭ ᠵᠢᠵᠢᠭ ᠠᠶᠠᠯᠠᠯ ᠤᠨ ᠲᠥᠪ ᠬᠡᠰᠡᠭ ᠶᠠᠭᠤᠮ᠎ᠠ᠃ ᠮᠥᠨ ᠬᠣᠶᠢᠳᠤ ᠲᠠᠯ᠎ᠠ ᠳᠤ ᠨᠢ ᠳᠤᠯᠠᠭᠠᠨᠬᠠᠭᠠᠨ ᠬᠡᠮᠡᠬᠦ ᠠᠭᠤᠯᠠ ᠰᠠᠷᠢᠳᠠᠭ ᠣᠷᠣᠰᠢᠳᠠᠭ᠃ ᠰᠡᠯᠡᠩᠭᠡ ᠮᠥᠷᠡᠨ ᠷᠠᠰᠢᠶᠠᠨ ᠳᠤ ᠰᠤᠮᠤ ᠪᠠᠷ ᠳᠠᠭᠠᠷᠢᠵᠤ ᠥᠩᠭᠡᠷᠡᠨ᠎ᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠷᠠᠰᠢᠶᠠᠨᠲᠤ ᠰᠤᠮᠤ ᠪᠤᠢ ᠪᠣᠯᠵᠠᠢ᠃ 1915 ᠣᠨ ᠳᠤ ᠪᠠᠶᠢᠭᠤᠯᠤᠭᠳᠠᠭᠰᠠᠨ ᠷᠠᠰᠢᠶᠠᠨᠲ ᠤᠨ ᠬᠦᠷᠢᠶ᠎ᠡ ᠪᠤᠶᠤ ᠬᠢᠯᠭᠠᠨᠠᠲᠤ ᠶᠢᠨ ᠬᠡᠶᠢᠳ ᠦᠨ ᠣᠶᠢᠷᠠᠯᠴᠠᠭ᠎ᠠ ᠰᠤᠮᠤ ᠶᠢᠨ ᠲᠥᠪ ᠨᠢ ᠪᠠᠶᠢᠭᠤᠯᠤᠭᠳᠠᠭᠰᠠᠨ᠃ 1932 ᠣᠨ ᠳᠤ ᠭᠠᠷᠤᠭᠰᠠᠨ ᠵᠡᠪᠰᠡᠭᠲᠦ ᠪᠣᠰᠤᠯᠭ᠎ᠠ ᠶᠢᠨ ᠦᠶ᠎ᠡ ᠪᠡᠷ ᠰᠤᠮᠤ ᠶᠢᠨ ᠲᠥᠪ ᠰᠢᠲᠠᠭᠰᠠᠨ ᠶᠤᠮ᠃ 1933 ᠣᠨ ᠤ ᠪᠠᠶᠢᠳᠠᠯ ᠢᠶᠠᠷ ᠲᠤᠰ ᠰᠤᠮᠤ 719 ᠡᠷᠦᠬᠡ ᠶᠢᠨ 2,400 ᠣᠷᠣᠰᠢᠨ ᠰᠠᠭᠤᠭᠴᠢ᠂ 47,000 ᠣᠷᠴᠢᠮ ᠲᠣᠯᠣᠭᠠᠢ ᠮᠠᠯ ᠲᠠᠢ ᠪᠠᠶᠢᠪᠠ᠃ 1955 ᠣᠨ ᠳᠤ ᠲᠠᠷᠢᠶᠠᠯᠠᠩ ᠰᠤᠮᠤᠨ ᠳᠤ ᠨᠢᠭᠡᠳᠬᠡᠭᠳᠡᠭᠰᠡᠨ ᠴᠤ 1959 ᠣᠨ ᠳᠤ ᠳᠠᠬᠢᠨ ᠵᠣᠬᠢᠶᠠᠨ ᠪᠠᠶᠢᠭᠤᠯᠤᠭᠳᠠᠭᠰᠠᠨ᠃ 1952 ᠣᠨ ᠳᠤ ᠪᠠᠶᠢᠭᠤᠯᠤᠭᠳᠠᠭᠰᠠᠨ ᠤᠯᠠᠭᠠᠨ-ᠣᠳᠣ ᠨᠢᠭᠡᠳᠦᠯ 1990 ᠣᠨ ᠤ ᠮᠠᠯ ᠬᠤᠪᠢᠴᠢᠯᠠᠯ ᠬᠦᠷᠲᠡᠯ᠎ᠡ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭᠰᠠᠨ ᠶᠤᠮ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠮᠠᠯ ᠲᠣᠭᠠᠯᠠᠯᠭ᠎ᠠ ᠪᠠᠷ ᠣᠶᠢᠷᠠᠯᠴᠠᠭ᠎ᠠ ᠪᠠᠷ 123,000 ᠲᠣᠯᠣᠭᠠᠢ ᠮᠠᠯ ᠲᠣᠭᠠᠯᠠᠭᠳᠠᠭᠰᠠᠨ ᠤ 51,000 ᠣᠷᠴᠢᠮ ᠨᠢ ᠬᠣᠨᠢ᠂ 55,000 ᠨᠢ ᠢᠮᠠᠭ᠎ᠠ᠂ 8,900 ᠨᠢ ᠦᠬᠡᠷ ᠪᠤᠶᠤ ᠰᠠᠷᠯᠤᠭ᠂ 8,200 ᠨᠢ ᠠᠳᠤᠭᠤ ᠪᠠᠶᠢᠭᠰᠠᠨ ᠪᠥᠭᠡᠳ ᠲᠡᠮᠡᠭᠡ ᠲᠣᠭᠠᠯᠠᠭᠳᠠᠭ᠎ᠠ ᠦᠭᠡᠢ[1]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃119

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠲ᠋ᠠᠲ᠋ᠢᠰᠲ᠋ᠢᠭ ᠤᠨ ᠲᠥᠪ ᠭᠠᠵᠠᠷ: 2004 ᠣᠨ ᠤ ᠮᠠᠯ ᠲᠣᠭᠠᠯᠠᠯᠭ᠎ᠠ᠂ ᠬ᠃111

ᠪᠢᠴᠢᠭᠡᠰᠦ