ᠶᠽᠧᠹ ᠭᠣᠰᠯᠠᠪᠰᠺᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠶᠽᠧᠹ ᠭᠣᠰᠯᠠᠪᠰᠺᠢ

ᠫᠣᠯᠢᠰᠢᠡᠶᠢᠨ ᠤᠷᠠᠨ ᠪᠠᠷᠢᠮᠠᠯᠴᠢ ᠶᠽᠧᠹ ᠭᠣᠰᠯᠠᠪᠰᠺᠢ (ᠫᠣᠯᠢᠰᠢ ᠪᠡᠷ Józef Gosławski) ᠨᠢ 1908 ᠣᠨ ᠤ 4 ᠰᠠᠷ᠎ᠠ ᠶᠢᠨ 24–ᠨᠳ ᠫᠣᠯᠤᠨᠠᠪ ᠬᠣᠳᠠ ᠳᠤ ᠲᠥᠷᠦᠵᠢ᠂ 1963 ᠣᠨ ᠤ 1 ᠰᠠᠷ᠎ᠠ ᠶᠢᠨ 23–ᠨᠳ ᠸᠠᠷᠰᠢᠪ ᠲᠤ ᠨᠠᠰᠤ ᠪᠠᠷᠠᠭᠰᠠᠨ᠃ ᠫᠣᠯᠢᠰᠢ ᠶᠢᠨ ᠵᠣᠭᠣᠰᠤᠨ ᠮᠥᠩᠭᠥᠨ ᠦ (ᠵᠢᠱᠢᠶᠡᠯᠡᠪᠡᠯ: ᠲᠠᠪᠤᠨ ᠽᠣᠯᠣᠲ ᠤᠨ ᠵᠢᠭᠠᠰᠤᠴᠢᠨ ᠤ ᠵᠢᠷᠤᠭ ᠲᠠᠢ) ᠵᠠᠭᠪᠤᠷ ᠤᠳ᠂ ᠬᠥᠰᠢᠶ᠎ᠡ ᠳᠤᠷᠠᠰᠬᠠᠯ ᠤᠨ ᠵᠦᠢᠯᠡᠰ (ᠹᠷᠢᠳᠧᠷᠢᠺ ᠱᠣᠫᠡᠨ) ᠪᠠ ᠮᠧᠳᠠᠯᠢᠶᠣᠨ ᠤ ᠵᠠᠭᠪᠤᠷ ᠢ ᠵᠣᠬᠢᠶᠠᠨ ᠪᠦᠲᠦᠭᠡᠭᠰᠡᠨ᠃ ᠤᠷᠠᠯᠢᠭ ᠤᠨ ᠣᠯᠠᠨ ᠲᠡᠮᠡᠴᠡᠭᠡᠨ ᠦ ᠱᠠᠩᠨᠠᠯ ᠪᠣᠯᠤᠨ ᠮᠥᠩᠭᠥᠨ ᠵᠠᠭᠠᠯᠮᠠᠢ ᠶᠢᠨ ᠭᠠᠪᠢᠶᠠᠨ ᠤ ᠮᠧᠳᠠᠯ ᠢᠶᠠᠷ ᠱᠠᠩᠨᠠᠭᠤᠯᠵᠤ ᠪᠠᠶᠢᠴᠠᠢ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠽᠧᠹ ᠭᠣᠰᠯᠠᠪᠰᠺᠢ ᠬᠡᠦᠬᠡᠳ ᠨᠠᠰᠤ ᠪᠠᠨ ᠬᠣᠵᠢᠮ ᠮᠥᠨ ᠤᠷᠠᠨ ᠪᠠᠷᠢᠮᠠᠯᠴᠢ ᠪᠣᠯᠤᠭᠰᠠᠨ ᠪᠠᠭ᠎ᠠ ᠳᠡᠭᠦᠦ ᠰᠲ᠋ᠠᠨᠢᠰᠯᠠᠪ ᠭᠣᠰᠯᠠᠪᠰᠺᠢᠭ ᠣᠷᠤᠯᠴᠠᠭᠤᠯᠤᠭᠠᠳ ᠳᠥᠷᠪᠡᠨ ᠠᠬ᠎ᠠ ᠳᠡᠭᠦᠦ ᠶᠢᠨ ᠬᠠᠮᠲᠤ ᠸᠠᠩᠸᠣᠯᠣᠨᠠᠴᠠ ᠳᠤ ᠥᠩᠭᠡᠷᠡᠭᠦᠯᠵᠡᠢ᠃ ᠶᠠᠩ ᠺᠣᠰᠢᠼ–ᠸᠢᠲ᠋ᠬᠢᠶᠧᠸᠢᠴᠢ ᠶᠢᠨ ᠺᠠᠽᠢᠮᠧᠵ ᠳᠣᠯᠣᠨ ᠦ ᠳᠦ ᠪᠠᠶᠢᠭᠤᠯᠤᠭᠰᠠᠨ ᠪᠠᠷᠢᠮᠠᠯ ᠤᠷᠠᠯᠢᠭ ᠤᠨ ᠠᠺᠠᠳᠧᠮᠢ ᠳᠤ ᠤᠷᠠᠯᠢᠭ ᠤᠨ ᠪᠣᠯᠪᠠᠰᠤᠷᠠᠯ ᠢᠶᠠᠨ ᠡᠬᠢᠯᠡᠵᠦ᠂ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠳᠦᠷᠰᠦᠯᠡᠬᠦ ᠤᠷᠠᠯᠢᠭ ᠤᠨ ᠠᠺᠠᠳᠧᠮᠢ ᠳᠤ ᠰᠢᠯᠭᠠᠯᠲᠠ ᠥᠭᠭᠦᠭᠰᠡᠨ ᠪᠣᠯᠪᠠᠴᠤ ᠨᠠᠰᠤ ᠪᠠᠭ᠎ᠠ ᠪᠠᠶᠢᠭᠰᠠᠨ ᠤᠴᠢᠷ ᠲᠡᠩᠴᠡᠭᠡ ᠭᠦᠢ ᠪᠣᠯᠪᠠᠴᠤ ᠮᠡᠳᠡᠯᠭᠡ ᠪᠣᠯᠪᠠᠰᠤᠷᠠᠯ ᠢᠶᠠᠨ ᠺᠷᠠᠺᠣᠸ ᠤᠨ ᠴᠢᠮᠡᠭᠯᠡᠯ ᠦᠨ ᠤᠷ᠎ᠠ ᠴᠢᠳᠠᠪᠤᠷᠢ ᠪᠣᠯᠤᠨ ᠤᠷᠠᠯᠢᠭ ᠠᠵᠤ ᠦᠢᠯᠡᠳᠪᠦᠷᠢ ᠶᠢᠨ ᠤᠯᠤᠰ ᠤᠨ ᠰᠤᠷᠭᠠᠭᠤᠯᠢ ᠳᠤ ᠦᠷᠭᠦᠯᠵᠢᠯᠡᠭᠦᠯᠵᠦ ᠪᠠᠶᠢᠪᠠ᠃ ᠲᠡᠷᠡ ᠦᠶ᠎ᠡ ᠳᠦ ᠰᠲ᠋ᠠᠨᠢᠰᠯᠠᠪ ᠱᠤᠶᠢᠯᠰᠺᠢᠭ ᠤᠨ ᠬᠠᠮᠲᠤ ᠣᠯᠠᠨ ᠲᠠᠢ ᠲᠠᠨᠢᠯᠴᠠᠭᠰᠠᠨ ᠪᠣᠯᠪᠠᠴᠤ ᠲᠡᠭᠦᠨ ᠦ 《ᠡᠪᠡᠷ ᠲᠡᠢ ᠵᠢᠷᠦᠬᠡ》 ᠬᠡᠮᠡᠬᠦ ᠪᠦᠯᠦᠭ ᠲᠦ ᠭᠡᠰᠢᠭᠦᠨ ᠢᠶᠡᠷ ᠡᠯᠰᠡᠭᠡ ᠦᠭᠡᠢ ᠠᠵᠡᠢ᠃ 1932 ᠣᠨ ᠳᠤ ᠺᠷᠠᠺᠣᠸ ᠤᠨ ᠳᠦᠷᠰᠦᠯᠡᠬᠦ ᠤᠷᠠᠯᠢᠭ ᠤᠨ ᠠᠺᠠᠳᠧᠮᠢ ᠳᠤ ᠫᠷᠣᠹᠧᠰᠰᠣᠷ ᠺᠰᠠᠤᠧᠷ ᠳᠤᠨᠢᠺᠣᠸᠰᠺ ᠤᠨ ᠳᠣᠣᠷ᠎ᠠ ᠰᠤᠷᠤᠯᠴᠠᠵᠤ ᠡᠬᠢᠯᠡᠪᠡ᠃ ᠳᠠᠷᠠᠭ᠎ᠠ ᠨᠢ ᠸᠠᠷᠰᠢᠪ ᠷᠤ ᠨᠡᠭᠦᠵᠦ᠂ ᠫᠷᠣᠹᠧᠰᠰᠣᠷ ᠲᠠᠳᠧᠤᠱ ᠪᠷᠧᠢᠷ ᠲᠦ ᠱᠠᠪᠢ ᠣᠷᠣᠵᠠᠢ᠃ ᠲᠡᠳᠬᠦᠯᠭᠡ ᠣᠯᠤᠭᠰᠠᠨ ᠤ ᠪᠠᠨ ᠬᠦᠴᠦ ᠪᠡᠷ ᠷᠤᠮᠠ ᠣᠷᠣᠵᠤ ᠫᠷᠣᠹᠧᠰᠰᠣᠷ ᠠᠨᠵᠧᠯᠯᠠ ᠵᠠᠨᠧᠯᠯ ᠤᠨ ᠳᠡᠷᠭᠡᠳᠡ ᠰᠤᠷᠤᠯᠴᠠᠵᠤ᠂ 1937 ᠣᠨ ᠳᠤ ᠡᠵᠡᠨ ᠬᠠᠭᠠᠨ ᠤ ᠳᠦᠷᠰᠦᠯᠡᠬᠦ ᠤᠷᠠᠯᠢᠭ ᠤᠨ ᠠᠺᠠᠳᠧᠮᠢ ᠠᠴᠠ ᠳ᠋ᠢᠫᠯᠣᠮ ᠢᠶᠠᠨ ᠠᠪᠤᠭᠰᠠᠨ ᠪᠠᠶᠢᠨ᠎ᠠ᠃ ᠢᠲ᠋ᠠᠯᠢ ᠳᠤ 1939 ᠣᠨ ᠬᠦᠷᠲᠡᠯ᠎ᠡ ᠪᠠᠶᠢᠬᠤ ᠬᠤᠭᠤᠴᠠᠭᠠᠨ ᠳᠤ ᠪᠠᠨ ᠫᠣᠯᠢᠰᠢ ᠶᠢᠨ ᠤᠷᠠᠨ ᠪᠠᠷᠢᠮᠠᠯᠴᠢᠳ ᠤᠨ 《ᠺᠠᠫᠲ᠋ᠣᠯ》 ᠬᠡᠮᠡᠬᠦ ᠦᠵᠡᠰᠬᠦᠯᠡᠩ ᠳᠦ ᠣᠷᠣᠯᠴᠠᠵᠤ ᠪᠠᠶᠢᠪᠠ᠃ ᠡᠨᠡ ᠬᠤᠭᠤᠴᠠᠭᠠᠨ ᠳᠤ ᠪᠦᠲᠦᠭᠡᠭᠰᠡᠨ ᠪᠦᠬᠦ ᠪᠦᠲᠦᠭᠡᠯ ᠨᠢ 1939 ᠣᠨ ᠤ 8 ᠰᠠᠷ᠎ᠠ ᠳᠤ ᠫᠣᠯᠢᠰᠢ ᠷᠤ ᠨᠡᠭᠦᠬᠦ ᠵᠠᠮ ᠳᠤ ᠨᠢ ᠠᠯᠠᠭ᠎ᠠ ᠪᠣᠯᠵᠠᠢ᠃ ᠵᠠᠷᠢᠮ ᠨᠢᠭᠡ ᠮᠡᠳᠡᠭᠡᠨ ᠡᠴᠡ ᠬᠠᠭᠠᠰ ᠪᠦᠲᠦᠭᠡᠯ ᠦᠳ ᠨᠢ᠂ ᠲᠡᠷᠡ ᠳᠤᠮᠳᠠ ᠪᠠᠨ ᠫᠢᠸᠰᠦᠲᠰᠺᠢᠭ ᠤᠨ ᠲᠤᠬᠠᠢ ᠪᠦᠲᠦᠭᠡᠯ ᠨᠢ ᠬᠣᠶᠢᠳᠤ ᠢᠲ᠋ᠠᠯᠢ ᠶᠢᠨ ᠸᠢᠯᠯᠠ ᠳᠧᠯ ᠺᠠᠲ᠋ᠠᠶ᠎ᠠ ᠬᠡᠮᠡᠬᠦ ᠴᠠᠶᠢᠵᠠ ᠷᠤ ᠬᠦᠷᠦᠭᠰᠡᠨ ᠪᠠᠶᠢᠵᠤ ᠮᠠᠭᠠᠳ ᠦᠭᠡᠢ ᠭᠡᠭᠳᠡᠭ᠂ ᠭᠡᠬᠦ ᠳᠦ ᠪᠡᠨ ᠡᠨᠡ ᠮᠡᠳᠡᠭᠡ ᠨᠢ ᠨᠣᠲᠠᠯᠠᠭᠳᠠᠭ᠎ᠠ ᠦᠭᠡᠢ ᠶᠤᠮ᠃ ᠬᠠᠷᠢ ᠶᠢᠨ ᠪᠤᠯᠢᠶᠠᠨ ᠡᠵᠡᠯᠡᠯᠲᠡ ᠶᠢᠨ ᠦᠶ᠎ᠡ ᠶᠢ ᠲᠦᠷᠦᠭᠰᠡᠨ ᠬᠣᠲᠠ ᠸᠣᠨᠸᠣᠯᠣᠨᠴᠠ ᠳᠤ ᠪᠠᠨ ᠥᠩᠭᠡᠷᠡᠭᠡᠵᠦ᠂ ᠳᠠᠶᠢᠨ ᠤ ᠳᠠᠷᠠᠭ᠎ᠠ ᠰᠤᠶᠤᠯ ᠤᠷᠠᠯᠢᠭ ᠤᠨ ᠶᠠᠮᠤᠨ ᠤ ᠵᠠᠬᠢᠶᠠᠯᠠᠭ᠎ᠠ ᠪᠠᠷ ᠺᠠᠽᠢᠮᠧᠵ ᠳᠣᠯᠣᠨ ᠦ ᠳᠦ ᠪᠠᠶᠢᠳᠠᠭ 《ᠫᠣᠳ ᠱᠸᠧᠨᠲ᠋ᠢᠮ ᠮᠢᠺᠣᠯᠧᠮ》 ᠬᠡᠮᠡᠬᠦ ᠭᠡᠷ ᠦᠨ ᠠᠰᠠᠷᠠᠨ ᠬᠠᠮᠠᠭᠠᠯᠠᠭᠴᠢ ᠪᠠᠷ ᠠᠵᠢᠯᠯᠠᠵᠤ ᠪᠠᠶᠢᠭᠰᠠᠨ᠃ 1947 ᠣᠨ ᠠᠴᠠ ᠬᠣᠶᠢᠰᠢ ᠫᠣᠵᠠᠨᠠᠨ ᠤ ᠳᠦᠷᠰᠦᠯᠡᠬᠦ ᠤᠷᠠᠯᠢᠭ ᠤᠨ ᠤᠯᠤᠰ ᠤᠨ ᠶᠡᠬᠡ ᠰᠤᠷᠭᠠᠭᠤᠯᠢ ᠶᠢᠨ ᠲᠡᠮᠦᠷ ᠪᠠᠷᠢᠮᠠᠯ ᠤᠨ ᠲᠠᠩᠬᠢᠮ ᠤᠨ ᠡᠷᠬᠢᠯᠡᠭᠴᠢ ᠪᠡᠷ ᠠᠵᠢᠯᠯᠠᠵᠤ ᠪᠠᠶᠢᠭᠰᠠᠨ᠃ ᠫᠣᠵᠠᠨᠠᠨ ᠤ ЗПАП (ᠫᠣᠯᠢᠰᠢ ᠵᠢᠷᠤᠭᠠᠴᠢᠳ ᠤᠨ ᠨᠡᠶᠢᠭᠡᠮᠯᠢᠭ) ᠍ ᠍ ᠦᠨ ᠳᠡᠭᠦᠷᠭᠡ ᠶᠢᠨ ᠤᠳᠤᠷᠢᠳᠤᠯᠭ᠎ᠠ ᠶᠢᠨ ᠵᠠᠬᠢᠷᠤᠯ ᠢᠶᠠᠷ ᠬᠣᠶᠠᠷ ᠳᠠᠬᠢᠨ ᠰᠣᠩᠭᠣᠭᠳᠠᠵᠤ ᠠᠵᠢᠯᠯᠠᠵᠤ ᠪᠠᠶᠢᠴᠠᠢ᠃ 1948 ᠣᠨ ᠳᠤ ᠺᠠᠽᠢᠮᠧᠵ ᠳᠣᠯᠣᠨ ᠦ ᠳᠦ ᠥᠪᠡᠷ ᠦᠨ ᠰᠤᠷᠤᠭᠴᠢ ᠸᠠᠩᠳᠠ ᠮᠠᠩᠬᠢᠨ ᠲᠠᠢ ᠬᠤᠷᠢᠮᠯᠠᠵᠤ᠂ ᠪᠣᠵᠧᠨᠠ ᠰᠲ᠋ᠧᠹᠠᠨᠢᠶ᠎ᠠ ᠪᠣᠯᠤᠨ ᠮᠠᠷᠢᠶ᠎ᠠ ᠠᠨᠠ ᠭᠡᠭᠴᠢ ᠬᠣᠶᠠᠷ ᠥᠬᠢᠨ ᠲᠠᠢ ᠪᠣᠯᠤᠭᠰᠠᠨ᠃ 1956 ᠣᠨ ᠤ ᠰᠡᠭᠦᠯᠴᠢ ᠪᠡᠷ ᠭᠡᠷ ᠪᠦᠯᠢ ᠪᠡᠷ ᠢᠶᠡᠨ ᠸᠠᠷᠰᠢᠪ ᠷᠤ ᠨᠡᠭᠦᠵᠦ ᠢᠷᠡᠵᠦ᠂ 1961 ᠣᠨ ᠳᠤ ЗПАП ᠍ ᠍ ᠤᠨ ᠲᠥᠪ ᠤᠳᠤᠷᠢᠳᠤᠯᠭ᠎ᠠ ᠶᠢᠨ ᠪᠠᠷᠢᠮᠠᠯ ᠤᠨ ᠰᠠᠯᠪᠤᠷᠢ ᠶᠢᠨ ᠵᠠᠬᠢᠷᠤᠯ ᠢᠶᠠᠷ ᠰᠣᠩᠭᠣᠭᠳᠠᠵᠠᠢ᠃ 1963 ᠣᠨ ᠤ 1 ᠰᠠᠷ᠎ᠠ ᠶᠢᠨ 23 ᠍ ᠍ ᠤ ᠡᠳᠦᠷ ᠭᠡᠨᠡᠳᠲᠡ ᠨᠠᠰᠤ ᠪᠠᠷᠵᠢ᠂ ᠸᠠᠷᠰᠢᠪᠠ ᠶᠢᠨ ᠬᠠᠭᠤᠴᠢᠨ ᠫᠣᠪᠣᠩᠬᠢᠳ ᠣᠷᠣᠰᠢᠭᠤᠯᠵᠠᠢ᠃

ᠯᠠᠪᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • Rudzka, Anna (2009). Józef Gosławski. Rzeźby, monety, medale (pl хэлээр). Warsaw: Alegoria. ISBN 978-83-62248-00-1. 

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠽᠧᠹ ᠭᠣᠰᠯᠠᠪᠰᠺᠢ»

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ