ᠶᠸᠵᠠᠫᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠷᠠᠪ ᠤᠨ ᠪᠦᠭᠦᠳᠡ ᠨᠠᠶᠢᠷᠠᠮᠳᠠᠬᠤ
ᠶᠸᠵᠠᠫᠲ ᠤᠯᠤᠰ
جمهورية مصر العربية
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠠᠷᠠᠪ ᠶᠢᠡᠷ بلادي بلادي بلادي ‎
"ᠪᠢᠯᠠᠳᠢ᠂ ᠪᠢᠯᠠᠳᠢ᠂ ᠪᠢᠯᠠᠳᠢ"
«ᠡᠬᠡ ᠣᠷᠣᠨ᠂ ᠡᠬᠡ ᠣᠷᠣᠨ᠂ ᠡᠬᠡ ᠣᠷᠣᠨ»
ᠨᠡᠶᠢᠰᠯᠡᠯ 
(ᠶᠡᠬᠡ ᠬᠣᠲᠠ)
Flag of Cairo.svg ᠺᠠᠢᠷ
ᠠᠯᠪᠠᠨ ᠬᠡᠯᠡ ᠠᠷᠠᠪ
ᠲᠥᠷᠥ ᠵᠠᠰᠠᠭ ᠪᠦᠭᠦᠳᠡ ᠨᠠᠶᠢᠷᠠᠮᠳᠠᠬᠤ ᠵᠠᠰᠠᠭ (ᠬᠠᠤᠯᠢ ᠶᠣᠰᠣᠭᠠᠷ)
ᠴᠡᠷᠢᠭ ᠦᠨ ᠬᠤᠨᠲᠤ (ᠪᠣᠳᠠᠲᠤ ᠪᠠᠷ)
 -  ᠵᠡᠪᠰᠡᠭᠲᠦ ᠬᠦᠴᠦᠨ ᠦ ᠳᠡᠭᠡᠳᠦ ᠵᠥᠪᠯᠡᠯ ᠦᠨ ᠳᠠᠷᠤᠭ᠎ᠠ ᠮᠣᠬᠣᠮᠧᠳ ᠬᠤᠰᠰᠧᠢᠨ ᠲᠠᠨᠲᠠᠪᠢ
 -  ᠶᠡᠷᠦᠩᠬᠡᠢ ᠰᠠᠶᠢᠳ ᠺᠠᠮᠠᠯ ᠭᠠᠩᠵᠤᠷᠢ
ᠣᠷᠴᠢᠨ ᠦᠶ᠎ᠡ ᠶᠢᠨ ᠲᠡᠦᠬᠡ
 -  ᠶᠡᠬᠡ ᠪᠷᠢᠲ᠋ᠠᠨ(ᠠᠩᠭᠯᠢ)ᠠᠰ ᠲᠤᠰᠠᠭᠠᠷ ᠲᠣᠭᠲᠠᠨᠢᠭᠰᠠᠨ 1922 ᠣᠨ ᠤ 2 ᠰᠠᠷ᠎ᠠ ᠶᠢᠨ 28 
 -  ᠪᠦᠭᠦᠳᠡ ᠨᠠᠶᠢᠷᠠᠮᠳᠠᠬᠤ ᠵᠠᠰᠠᠭ ᠲᠤ ᠰᠢᠯᠵᠢᠭᠰᠡᠨ 1953 ᠣᠨ ᠤ 6 ᠰᠠᠷ᠎ᠠ ᠶᠢᠨ 18 
 -  АНᠪᠦᠭᠦᠳᠡ ᠨᠠᠶᠢᠷᠠᠮᠳᠠᠬᠤ ᠤᠯᠤᠰ ᠪᠤᠲᠠᠷᠠᠴᠢ ᠲᠤᠰᠠᠭᠠᠷ ᠤᠯᠤᠰ ᠪᠣᠯᠤᠭᠰᠠᠨ 1961 ᠣᠨ ᠤ 9 ᠰᠠᠷ᠎ᠠ ᠶᠢᠨ 28 
 -  ᠰᠢᠨ᠎ᠡ ᠦᠨᠳᠦᠰᠦᠨ ᠬᠠᠤᠯᠢ ᠪᠠᠲᠤᠯᠠᠭᠳᠠᠭᠰᠠᠨ 2011 ᠣᠨ ᠤ 5 ᠰᠠᠷ᠎ᠠ ᠶᠢᠨ 30 
ᠨᠤᠲᠤᠭ ᠳᠡᠪᠢᠰᠬᠡᠷ
 -  ᠪᠦᠬᠦ ᠲᠠᠯᠠᠪᠠᠢ 1,002,450 km2 (30)
 -  ᠭᠠᠳᠠᠷᠭᠤ ᠶᠢᠨ ᠤᠰᠤ (%) 0.632
ᠬᠦᠮᠦᠨ ᠠᠮᠠ
 -  ᠲᠣᠭᠠᠴᠠᠭ᠎ᠠ (2011) 81,015,887[1] (16)
 -  ᠲᠣᠭᠠᠯᠠᠯᠭ᠎ᠠ (2006) 76,699,427 
 -  ᠨᠢᠭᠲᠠᠴᠠ ᠰᠡᠶᠢᠷᠡᠭ 76.3 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $508.265 billion[2] 
 -  ᠨᠢᠭᠡ ᠬᠦᠨᠳᠦ $6,361[2] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $231.111 billion[2] 
 -  ᠨᠢᠭᠡ ᠬᠦᠨᠳᠦ $2,892[2] 
Gini (1999) 34.5 (ᠳᠤᠮᠳᠠᠴᠢ) 
ᠬᠡᠦᠬᠡᠳ ᠦᠨ ᠬᠥᠭᠵᠢᠯ ᠦᠨ ᠢᠨᠳᠧᠺᠰ (2011) 0.644[3] (ᠳᠤᠮᠳᠠᠴᠢ) (113)
ᠮᠥᠩᠭᠥᠨ ᠦ ᠨᠢᠭᠡᠴᠡ ᠶᠸᠵᠠᠫᠲ ᠹᠦᠨᠲ (EGP)
ᠴᠠᠭ ᠤᠨ ᠪᠥᠰᠡ +2
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .eg, مصر᠃
ᠤᠲᠠᠰᠤᠨ ᠤ ᠲᠣᠮᠢᠶ᠎ᠠ +20

ᠶᠸᠵᠠᠫᠲ (ᠠᠷᠠᠪ ᠶᠢᠡᠷ مصر ᠮᠢᠰᠡᠷ; ᠮᠠᠰᠠᠷ᠃ مصر ᠮᠠᠰᠠᠷ) , ᠠᠯᠪᠠᠨ ᠶᠣᠰᠣᠭᠠᠷ ᠠᠷᠠᠪ ᠤᠨ ᠪᠦᠭᠦᠳᠡ ᠨᠠᠶᠢᠷᠠᠮᠳᠠᠬᠤ ᠶᠸᠵᠠᠫᠲ ᠤᠯᠤᠰ (ᠮᠠᠰᠠᠷ᠃ جمهورية مصر العربية ᠭᠤᠮᠬᠤᠷᠤᠶᠢᠶ᠎ᠡ ᠳᠦ ᠮᠠᠰᠠᠷ ᠡᠯ-ᠠᠷᠠᠪᠶ᠋ᠢ) — ᠠᠹᠷᠢᠺᠠᠠᠽᠢᠶ᠎ᠠ ᠬᠣᠶᠠᠷ ᠲᠢᠪ ᠳᠠᠮᠨᠠᠨ ᠤᠷᠤᠰᠢᠬᠤ ᠤᠯᠤᠰ. ᠶᠡᠬᠡᠩᠬᠢ ᠪᠡᠶ᠎ᠡ ᠨᠢ ᠳᠣᠷᠣᠨ᠎ᠠ ᠤᠮᠠᠷ᠎ᠠ ᠠᠹᠷᠢᠺᠠ ᠲᠤ ᠬᠠᠮᠢᠶᠠᠷᠴᠢ᠂ ᠬᠠᠷᠢᠴᠠᠩᠭᠤᠢ ᠪᠠᠭ᠎ᠠ ᠬᠡᠰᠡᠭ ᠪᠤᠶᠤ ᠰᠢᠨᠠᠢ ᠶᠢᠨ ᠬᠣᠶᠢᠭ ᠨᠢ ᠥᠷᠥᠨ᠎ᠡ ᠠᠽᠢᠶ᠎ᠠ ᠳᠤ ᠬᠠᠮᠢᠶᠠᠷᠳᠠᠭ᠃ ᠲᠤᠰ ᠤᠯᠤᠰ ᠨᠢ ᠠᠽᠢᠶ᠎ᠠ ᠳᠤ ᠵᠡᠭᠦᠨ ᠬᠣᠶᠢᠳᠤ ᠬᠡᠰᠡᠭ ᠢᠶᠡᠷ ᠢᠶᠡᠨ ᠢᠰᠷᠸᠯᠫᠠᠯᠧᠰᠲ᠋ᠠᠨ ᠦ ᠵᠠᠬᠢᠷᠭᠠᠨ ᠤ ᠨᠤᠲᠤᠭ (ᠭᠠᠰ ᠤᠨ ᠵᠤᠷᠪᠤᠰ) ᠬᠣᠶᠠᠷ ᠲᠠᠢ᠂ ᠠᠹᠷᠢᠺᠠ ᠲᠢᠪ ᠲᠦ ᠤᠷᠢᠳᠤ ᠲᠠᠯ᠎ᠠ ᠪᠠᠷ ᠢᠶᠠᠨ ᠰᠤᠳᠠᠨ᠂ ᠪᠠᠷᠠᠭᠤᠨ ᠲᠠᠯ᠎ᠠ ᠪᠠᠷ ᠢᠶᠠᠨ ᠯᠢᠪᠢᠶ ᠠ ᠬᠣᠶᠠᠷ ᠲᠠᠢ ᠲᠤᠰ ᠲᠤᠰ ᠭᠠᠵᠠᠷ ᠢᠶᠠᠷ ᠬᠢᠯᠢ ᠵᠠᠯᠭᠠᠳᠠᠭ᠃ ᠵᠡᠭᠦᠨ ᠡᠷᠡᠭ ᠢᠶᠡᠷ ᠢᠶᠡᠨ ᠤᠯᠠᠭᠠᠨ ᠲᠡᠩᠭᠢᠰ᠂ ᠬᠣᠶᠢᠳᠤ ᠡᠷᠭᠢ ᠪᠡᠷ ᠢᠶᠡᠨ ᠭᠠᠵᠠᠷ ᠤᠨ ᠳᠤᠮᠳᠠᠳᠤ ᠲᠡᠩᠭᠢᠰᠲᠡᠢ ᠬᠥᠪᠡᠭᠡᠯᠡᠨ᠎ᠡ᠃ ᠶᠸᠵᠠᠫᠲ ᠤᠨ ᠨᠤᠲᠤᠭ ᠢᠶᠠᠷ ᠳᠠᠭᠠᠷᠢᠬᠤ ᠰᠤᠡᠴᠡ ᠶᠢᠨ ᠰᠤᠪᠠᠭ ᠬᠣᠶᠠᠷ ᠲᠡᠩᠭᠢᠰ ᠢ ᠬᠣᠯᠪᠣᠨ᠎ᠠ᠃

1,001,450 ᠬᠠᠪᠲᠠᠭᠠᠢ ᠳᠥᠷᠪᠡᠯᠵᠢᠨ ᠺᠢᠯᠣᠮᠧᠲ᠋ᠷ ᠲᠠᠯᠠᠪᠠᠢ (ᠳᠡᠯᠡᠬᠡᠢ ᠶᠢᠨ 30 ᠍ ᠳᠦᠭᠡᠷ ᠲᠣᠮᠣ ᠣᠷᠣᠨ) ᠪᠦᠬᠦᠢ ᠶᠸᠵᠠᠫᠲ ᠣᠷᠣᠨ ᠳᠤ 81,015,887 ᠬᠦᠮᠦᠨ ᠠᠮᠢᠳᠤᠷᠠᠨ ᠰᠠᠭᠤᠳᠠᠭ ᠲᠤᠯᠠ ᠶᠸᠵᠠᠫᠲ ᠨᠢ ᠳᠡᠯᠡᠬᠡᠢ ᠶᠢᠨ 16 ᠍ ᠳᠦᠭᠡᠷ ᠶᠡᠬᠡ᠂ ᠠᠹᠷᠢᠺᠠ ᠶᠢᠨ 3 ᠍ ᠳᠦᠭᠡᠷ ᠶᠡᠬᠡ᠂ ᠠᠷᠠᠪ ᠤᠨ ᠣᠷᠣᠨ ᠨᠤᠭᠤᠳ ᠠᠴᠠ ᠬᠠᠮᠤᠭ ᠤᠨ ᠶᠡᠬᠡ ᠬᠦᠮᠦᠨ ᠠᠮᠠ ᠲᠠᠢ ᠤᠯᠤᠰ ᠭᠡᠵᠦ ᠲᠣᠳᠣᠷᠬᠠᠶᠢᠯᠠᠭᠳᠠᠳᠠᠭ᠃ ᠬᠦᠮᠦᠨ ᠠᠮᠠ ᠶᠢᠨ ᠲᠠᠯ᠎ᠠ ᠬᠤᠪᠢ ᠨᠢ ᠺᠠᠢᠷᠠᠯᠧᠺᠰᠠᠨᠳᠠᠷᠢᠭ᠎ᠠ ᠪᠣᠯᠤᠨ ᠮᠥᠷᠡᠨ ᠦ ᠳᠠᠭᠠᠭᠤᠬᠢ ᠪᠤᠰᠤᠳ ᠬᠣᠲᠤ ᠨᠤᠭᠤᠳ ᠲᠤ ᠬᠣᠲᠠᠵᠢᠨ ᠰᠠᠭᠤᠷᠢᠰᠢᠭᠰᠠᠨ ᠪᠣᠯ ᠨᠥᠭᠥᠭᠡ ᠲᠠᠯ᠎ᠠ ᠬᠤᠪᠢ ᠨᠢ ᠮᠠᠭᠠᠳ ᠦᠭᠡᠢ ᠳᠡᠯᠡᠬᠡᠢ ᠶᠢᠨ ᠬᠠᠮᠤᠭ ᠤᠨ ᠤᠷᠲᠤ ᠮᠥᠷᠡᠨ ᠨᠢᠯ ᠦᠨ ᠡᠷᠭᠢ ᠶᠢᠨ ᠳᠠᠭᠠᠭᠤᠬᠢ ᠲᠠᠷᠢᠶᠠᠯᠠᠩ ᠡᠷᠬᠢᠯᠡᠵᠦ ᠪᠣᠯᠬᠤᠶᠢᠴᠠ 40,000 ᠺᠦᠸᠠᠳ᠋ ᠺᠢᠯᠣᠮᠧᠲ᠋ᠷ ᠭᠠᠵᠠᠷ ᠢᠶᠠᠷ ᠣᠷᠣᠰᠢᠨ ᠰᠠᠭᠤᠳᠠᠭ᠃ ᠪᠠᠷᠠᠭᠤᠨ ᠲᠠᠯ᠎ᠠ ᠪᠠᠷ ᠬᠢ ᠰᠠᠬᠠᠷ ᠤᠨ ᠴᠥᠯ ᠳᠤ ᠬᠦᠮᠦᠨ ᠪᠠᠷᠤᠭ ᠰᠠᠭᠤᠳᠠᠭ ᠦᠭᠡᠢ᠃

ᠶᠸᠵᠠᠫᠲ ᠨᠢ ᠡᠷᠲᠡᠨ ᠦ ᠢᠷᠭᠡᠨᠰᠢᠯ ᠪᠣᠯᠤᠨ ᠳᠡᠯᠡᠬᠡᠢ ᠶᠢᠨ ᠬᠠᠮᠤᠭ ᠤᠨ ᠠᠯᠳᠠᠷᠲᠠᠢ ᠬᠥᠰᠢᠶ᠎ᠡ ᠳᠤᠷᠠᠰᠬᠠᠯ ᠤᠳ ᠲᠤ ᠬᠠᠮᠢᠶᠠᠷᠤᠭᠳᠠᠳᠠᠭ ᠭᠢᠽᠠ ᠶᠢᠨ ᠫᠢᠷᠠᠮᠢᠳ ᠤᠳᠶᠡᠬᠡ ᠰᠹᠢᠨ᠋ᠺᠰ ᠵᠡᠷᠭᠡ ᠪᠡᠷ ᠢᠶᠡᠨ ᠠᠯᠳᠠᠷᠲᠠᠢ᠃ ᠤᠯᠤᠰ ᠤᠨ ᠡᠮᠦᠨᠡᠲᠦ ᠬᠡᠰᠡᠭ ᠲᠦ ᠤᠷᠤᠰᠢᠬᠤ ᠯᠤᠶᠢᠺᠰᠣᠷ ᠬᠣᠳᠠ ᠳᠤ ᠺᠠᠷᠨᠠᠺ ᠬᠡᠶᠢᠳ᠂ ᠬᠠᠭᠠᠳ ᠤᠨ ᠬᠥᠨᠳᠡᠢ ᠵᠡᠷᠭᠡ ᠮᠠᠰᠢ ᠣᠯᠠᠨ ᠡᠷᠲᠡᠨ ᠦ ᠳᠤᠷᠠᠰᠬᠠᠯ ᠤᠳ ᠪᠠᠶᠢᠳᠠᠭ᠃ ᠶᠸᠵᠠᠫᠲ ᠢ ᠤᠯᠤᠰ ᠲᠥᠷᠥ᠂ ᠰᠤᠶᠤᠯ ᠤᠨ ᠬᠤᠪᠢ ᠳᠤ ᠣᠶᠢᠷᠠᠬᠢ ᠳᠣᠷᠣᠨᠠᠲᠤ ᠶᠢᠨ ᠴᠢᠬᠤᠯᠠ ᠣᠷᠣᠨ ᠬᠡᠮᠡᠨ ᠦᠵᠡᠳᠡᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Population Clock. Central Agency for Public Mobilization and Statistics (16 April 2011). 16 April 2011 ᠍ ᠳᠦ ᠬᠠᠨᠳᠤᠭᠰᠠᠨ᠃
  2. 2.0 2.1 2.2 2.3 Egypt. International Monetary Fund. 19 September 2011 ᠍ ᠳᠦ ᠬᠠᠨᠳᠤᠭᠰᠠᠨ᠃
  3. Human Development Report 2011. United Nations (2011). 5 November 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠶᠸᠵᠠᠫᠲ
http://wiki.uhaan.com/index.php?title=ᠶᠸᠵᠠᠫᠲ&oldid=431812》 ᠍  ᠡᠴᠡ ᠠᠪᠤᠭᠰᠠᠨ

ᠪᠢᠴᠢᠭᠡᠰᠦ