ᠶᠧᠺᠠᠲ᠋ᠧᠷᠢᠨᠪᠦᠷᠦᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br>ᠬᠣᠲᠠ ᠶᠢᠨ ᠲᠥᠪ ᠲᠦ ᠪᠠᠶᠢᠭ᠎ᠠ ᠰᠧᠸᠠᠰᠲ᠋ᠠᠶᠠᠨ ᠤ ᠪᠠᠶᠢᠰᠢᠩ</br>
ᠰᠦᠯᠳᠡ ᠲᠤᠭ
ᠰᠦᠯᠳᠡ ᠲᠡᠮᠳᠡᠭ
ᠲᠤᠭ ᠰᠦᠯᠳᠡ
ᠬᠣᠴᠢ ᠨᠡᠷ᠎ᠡ: "ᠰᠢᠪᠠᠷ"
ᠤᠯᠤᠰ {{{ᠵᠠᠬᠢᠷᠭ᠎ᠠ ᠨᠡᠷ᠎ᠡ}}}
ᠬᠣᠯᠪᠣᠭᠠᠨ ᠤ ᠲᠣᠭᠣᠷᠢᠭ {{{ᠵᠠᠬᠢᠷᠭ᠎ᠠ ᠨᠡᠷ᠎ᠡ 1}}}
ᠮᠤᠵᠢ {{{ᠵᠠᠬᠢᠷᠭ᠎ᠠ ᠨᠡᠷ᠎ᠡ 2}}}
ᠵᠠᠰᠠᠭᠯᠠᠯ  
 - ᠵᠠᠬᠢᠷᠤᠭᠴᠢ {{{ᠤᠳᠤᠷᠢᠳᠤᠭᠴᠢ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠬᠦᠮᠦᠨ ᠠᠮᠠ  
 - ᠨᠡᠶᠢᠲᠡ (2009) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
ᠴᠠᠭ ᠤᠨ ᠪᠥᠰᠡ UTC+3
 - ᠵᠤᠨ   UTC+2
ᠱᠤᠤᠳᠠᠩ ᠤᠨ ᠺᠣᠳ᠋ 620XXX
ᠤᠲᠠᠰᠤᠨ ᠤ ᠺᠣᠳ᠋ +7 343
ᠴᠠᠬᠢᠮ ᠰᠦᠯᠵᠢᠶ᠎ᠡ: http://www.ekburg.ru/

ᠶᠧᠺᠠᠲ᠋ᠧᠷᠢᠨᠪᠦᠷᠦᠭ (ᠣᠷᠣᠰ ᠶᠢᠡᠷ ᠶᠧᠺᠠᠲ᠋ᠧᠷᠢᠨᠪᠤ́ᠷᠭ) ᠨᠢ ᠣᠷᠣᠰ ᠤᠨ ᠬᠣᠯᠪᠣᠭᠠᠨ ᠤ ᠤᠯᠤᠰ ᠍ ᠍ ᠤᠨ ᠰᠤᠧᠷᠳᠣᠯᠪᠠᠰᠺ ᠮᠤᠵᠢᠡᠶᠢᠨ ᠵᠠᠰᠠᠭ ᠵᠠᠬᠢᠷᠭᠠᠨ ᠤ ᠲᠥᠪ ᠬᠣᠲᠠ ᠶᠤᠮ᠃ ᠬᠣᠲᠠ ᠪᠣᠯ ᠤᠷᠠᠯ ᠤᠨ ᠬᠣᠯᠪᠣᠭᠠᠨ ᠤ ᠲᠣᠭᠣᠷᠢᠭᠡᠶᠢᠨ ᠲᠥᠪ᠃ ᠣᠷᠣᠰ ᠬᠣᠯᠪᠣᠭᠠᠨ ᠤ ᠤᠯᠤᠰ ᠤᠨ ᠳᠥᠷᠪᠡᠳᠡᠬᠦ ᠬᠠᠮᠤᠭ ᠤᠨ ᠬᠦᠮᠦᠨ ᠣᠯᠠᠨ ᠲᠠᠢ ᠬᠣᠲᠠ; ᠬᠦᠮᠦᠨ ᠠᠮᠠ ᠨᠢ 2009 ᠣᠨ ᠤ ᠪᠠᠶᠢᠳᠠᠯ ᠢᠶᠠᠷ 1 372 800.

ᠬᠣᠲᠠ 1723 ᠣᠨ ᠳᠤ ᠣᠷᠣᠰ ᠬᠠᠭᠠᠨ ᠫᠶᠲ᠋ᠷ ᠤᠨ ᠵᠠᠷᠯᠢᠭ ᠢᠶᠠᠷ ᠪᠠᠶᠢᠭᠤᠯᠤᠭᠳᠠᠭᠰᠠᠨ᠃ 《ᠠᠽᠢᠶ᠎ᠠ ᠶᠢᠨ ᠴᠣᠩᠬᠣ》 ᠴᠤ ᠭᠡᠵᠦ ᠨᠡᠷᠡᠯᠡᠭᠳᠡᠵᠦ ᠪᠠᠶᠢᠪᠠ᠃

ᠶᠡᠬᠡ ᠣᠷᠣᠰ ᠤᠨ ᠠᠵᠤ ᠦᠢᠯᠡᠳᠪᠦᠷᠢ ᠶᠢᠨ ᠲᠥᠪ ᠦᠳ ᠦᠨ ᠨᠢᠭᠡ ᠶᠧᠺᠠᠲ᠋ᠧᠷᠢᠨᠪᠦᠦᠭ ᠲᠦ ᠲᠡᠮᠦᠷᠯᠢᠭ ᠪᠣᠯᠪᠠᠰᠤᠷᠠᠭᠤᠯᠬᠤ᠂ ᠪᠠᠭᠠᠵᠢ᠂ ᠬᠡᠪᠯᠡᠯ ᠦᠨ᠂ ᠬᠦᠨᠡᠰᠦᠨ ᠦ ᠦᠢᠯᠡᠳᠪᠦᠷᠢ ᠨᠦᠭᠦᠳ ᠪᠤᠢ᠃

ᠳᠡᠭᠡᠳᠦ ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠳᠠ ᠳᠤ ᠤᠷᠠᠯ ᠤᠨ ᠬᠣᠯᠪᠣᠭᠠᠨ ᠤ ᠶᠡᠬᠡ ᠰᠤᠷᠭᠠᠭᠤᠯᠢᠤᠷᠠᠯ ᠤᠨ ᠤᠯᠤᠰ ᠤᠨ ᠠᠭᠤᠯᠠ ᠠᠭᠤᠷᠬᠠᠢ ᠶᠢᠨ ᠳᠡᠭᠡᠳᠦ ᠰᠤᠷᠭᠠᠭᠤᠯᠢ᠂ ᠶᠧᠺᠠᠲ᠋ᠧᠷᠢᠨᠪᠦᠷᠦᠭ ᠦᠨ ᠴᠡᠷᠢᠭ ᠦᠨ ᠳᠡᠭᠡᠳᠦ ᠰᠤᠷᠭᠠᠭᠤᠯᠢ᠂ ᠤᠷᠠᠯ ᠤᠨ ᠤᠯᠤᠰ ᠤᠨ ᠠᠨᠠᠭᠠᠬᠤ ᠤᠬᠠᠭᠠᠨ ᠤ ᠠᠺᠠᠳᠧᠮᠢ᠂ ᠤᠷᠠᠯ ᠤᠨ ᠤᠯᠤᠰ ᠤᠨ ᠬᠥᠳᠡᠭᠡ ᠠᠵᠤ ᠠᠬᠤᠢ ᠶᠢᠨ ᠠᠺᠠᠳᠧᠮᠢ᠂ ᠮᠥᠨ ᠣᠯᠠᠨ ᠪᠤᠰᠤᠳ ᠳᠡᠭᠡᠳᠦ ᠶᠡᠬᠡ ᠰᠤᠷᠭᠠᠭᠤᠯᠢ ᠪᠠᠶᠢᠳᠠᠭ᠃ ᠡᠳᠡᠭᠡᠷ ᠰᠤᠷᠭᠠᠭᠤᠯᠢ ᠳᠤ ᠧᠦ᠋ᠷᠣᠫᠠ᠂ ᠠᠽᠢᠶ᠎ᠠ ᠶᠢᠨ ᠭᠠᠳᠠᠭᠠᠳᠤ ᠣᠶᠤᠲᠠᠨ ᠨᠤᠭᠤᠳ ᠢ ᠣᠷᠤᠯᠴᠠᠭᠤᠯᠤᠭᠠᠳ ᠣᠶᠢᠷᠠᠯᠴᠠᠭ᠎ᠠ ᠪᠠᠷ 100000 ᠣᠶᠤᠲᠠᠨ ᠰᠤᠷᠤᠯᠴᠠᠳᠠᠭ ᠪᠠ ᠬᠠᠮᠤᠭ ᠤᠨ ᠶᠡᠬᠡ ᠳᠤ ᠪᠡᠨ ᠤᠷᠠᠯ ᠤᠨ ᠬᠣᠯᠪᠣᠭᠠᠨ ᠤ ᠶᠡᠬᠡ ᠰᠤᠷᠭᠠᠭᠤᠯᠢ ᠳᠤ ᠣᠳᠣ ᠪᠠᠷ 57000 ᠣᠶᠤᠲᠠᠨ ᠰᠤᠷᠠᠵᠤ ᠪᠠᠶᠢᠨ᠎ᠠ᠃ ᠮᠣᠩᠭᠣᠯᠴᠤᠳ ᠡᠨᠡ ᠬᠣᠳᠠ ᠳᠤ 1960, 70 ᠍ ᠍ ᠊ᠭᠠᠳ ᠣᠨ ᠳᠤ ᠮᠠᠰᠢ ᠶᠡᠬᠡ ᠪᠡᠷ ᠰᠤᠷᠠᠵᠤ ᠪᠠᠶᠢᠭᠰᠠᠨ ᠪᠠ ᠪ᠃ᠵᠢᠭᠵᠢᠳ᠂ /ᠳᠡᠳ᠋ ᠪvᠲᠦᠴᠡ ᠶᠢᠨ ᠰᠠᠶᠢᠳ ᠠᠰᠠᠨ/, ᠴ᠃ᠴᠡᠩᠭᠡᠯ /ЗТАЖ ᠍ ᠍ ᠤᠨ ᠰᠠᠶᠢᠳ ᠠᠰᠠᠨ᠂ ᠵᠠᠩᠳᠠᠬᠦᠦ ᠶᠢᠨ ᠡᠩᠬᠡᠪᠣᠯᠤᠳ᠂ ᠭ᠃ᠮᠥᠩᠬᠡᠪᠠᠶᠠᠷ /ᠬᠣᠲᠠ ᠶᠢᠨ ᠮᠡᠷ/, ᠪᠠᠳᠢᠷᠴᠢ /ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠤᠨ ᠷᠧᠺᠲ᠋ᠣᠷ ᠠᠰᠠᠨ/, ᠡᠩᠬᠡᠪᠠᠲᠤ /ᠨᠣᠭᠣᠭᠠᠨ ᠨᠠᠮ/ ᠨᠠᠷᠠ ᠪᠣᠯᠤᠨ ᠡᠷᠳᠡᠨᠢᠲᠦ᠂ ТЭЦ ᠍ ᠍ ᠶᠢᠨ ᠶᠡᠬᠡᠩᠬᠢ ᠢᠨᠵᠧᠨᠧᠷ ᠦᠳ ᠤᠷᠤᠯᠳᠤ ᠰᠤᠷᠤᠯᠴᠠᠵᠤ ᠲᠡᠭᠦᠰᠴᠡᠢ᠃ ᠨᠡᠶᠢᠲᠡ ᠳᠦᠩᠭᠡ ᠪᠡᠷ ᠣᠶᠢᠷᠠᠯᠴᠠᠭ᠎ᠠ ᠪᠠᠷ 1300 ᠍ ᠍ ᠊ᠭᠠᠳ ᠮᠣᠩᠭᠣᠯ ᠣᠶᠤᠲᠠᠨ ᠨᠤᠭᠤᠳ ᠲᠡᠭᠦᠰᠦᠭᠰᠡᠨ ᠪᠠᠶᠢᠨ᠎ᠠ᠃ 2011 ᠣᠨ ᠠᠴᠠ ᠡᠬᠢᠯᠡᠵᠦ ᠰᠤᠪᠤᠷᠤᠪᠠ ᠶᠢᠨ ᠨᠡᠷᠡᠮᠵᠢᠲᠦ ᠴᠡᠷᠢᠭ ᠦᠨ ᠰᠤᠷᠭᠠᠭᠤᠯᠢ ᠳᠤ ᠮᠣᠩᠭᠣᠯ ᠰᠣᠨᠣᠰᠤᠭᠴᠢ ᠨᠠᠷ ᠰᠤᠷᠴᠤ ᠡᠬᠢᠯᠡᠭᠰᠡᠨ᠃

ᠶᠧᠺᠠᠲ᠋ᠧᠷᠢᠨᠪᠦᠦᠭ ᠲᠦ 2009 ᠣᠨ ᠠᠴᠠ ᠮᠣᠩᠭᠣᠯ ᠤᠯᠤᠰ ᠤᠨ ᠺᠣᠨᠰᠤᠶᠢᠯ ᠠᠵᠢᠯᠯᠠᠵᠤ ᠪᠠᠶᠢᠭ᠎ᠠ᠃

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠧᠺᠠᠲ᠋ᠧᠷᠢᠨᠪᠦᠷᠦᠭ ᠦᠨ ᠮᠧᠲ᠋ᠷᠣᠨ ᠤ ᠰᠦᠯᠵᠢᠶᠡᠨ ᠦ ᠵᠢᠷᠤᠭ

ᠶᠧᠺᠠᠲ᠋ᠧᠷᠢᠨᠪᠦᠷᠦᠭ ᠦᠨ ᠮᠧᠲ᠋ᠷᠣ᠋ ᠨᠢ 2009 ᠣᠨ ᠤ ᠪᠠᠶᠢᠳᠠᠯ ᠢᠶᠠᠷ 1 ᠱᠤᠭᠤᠮ᠂ 7 ᠥᠷᠲᠡᠭᠡ ᠲᠡᠢ᠃ ᠮᠥᠨ ᠲᠡᠮᠦᠷ ᠵᠠᠮ ᠤᠨ 2 ᠥᠷᠲᠡᠭᠡ ᠲᠤᠰ ᠬᠣᠳᠠ ᠳᠤ ᠪᠤᠢ᠃ ᠲᠷᠠᠮᠸᠠᠢᠲᠷᠣᠯᠯᠧᠢᠪᠦ᠋ᠰᠨ ᠨᠤᠭᠤᠳ ᠨᠡᠶᠢᠲᠡ ᠶᠢᠨ ᠲᠡᠭᠡᠭᠡᠪᠦᠷᠢ ᠳᠦ ᠦᠢᠯᠡᠴᠢᠯᠡᠳᠡᠭ᠃

ᠶᠧᠺᠠᠲ᠋ᠧᠷᠢᠨᠪᠦᠷᠦᠭ ᠬᠣᠳᠠ ᠳᠤ 《ᠺᠣᠯᠢᠽᠣᠸᠣ》 ᠨᠢᠰᠬᠦ ᠣᠩᠭᠣᠴᠠᠨ ᠤ ᠪᠠᠭᠤᠳᠠᠯ ᠪᠤᠢ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠡᠴᠢ ᠳᠡᠭᠦᠦ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠧᠺᠠᠲ᠋ᠧᠷᠢᠨᠪᠦᠷᠦᠭ»

ᠪᠢᠴᠢᠭᠡᠰᠦ