ᠶᠦᠷᠡᠢ ᠭᠠᠭᠠᠷᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠭᠠᠭᠠᠷᠢᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠭᠠᠭᠠᠷᠢᠨ ᠰᠸᠸᠳᠡᠨ ᠲᠦ
ᠲᠦᠷᠦᠭᠰᠡᠨ 1934 ᠤᠨ ᠤ 3 ᠰᠠᠷ᠎ᠠ ᠶᠢᠨ 9
ᠵᠥᠪᠯᠡᠯᠲᠦ ᠬᠣᠯᠪᠣᠭᠠᠲᠤ ᠤᠯᠤᠰ
ᠦᠨᠳᠦᠰᠦᠲᠡᠨ ᠣᠷᠣᠰ
ᠪᠣᠯᠪᠠᠰᠤᠷᠠᠯ ᠳᠡᠭᠡᠳᠦ
ᠠᠵᠢᠯ ᠴᠡᠷᠢᠭ ᠦᠨ ᠨᠢᠰᠦᠭᠴᠢ᠂ ᠰᠠᠨᠰᠠᠷ ᠤᠨ ᠨᠢᠰᠦᠭᠴᠢ
ᠬᠡᠷᠭᠡᠮ ᠬᠤᠷᠠᠨᠳᠠ
ᠭᠠᠷ ᠤᠨ ᠦᠰᠦᠭ

ᠶᠦᠷᠡᠢ ᠠᠯᠧᠺᠰᠧᠸᠢᠴ ᠭᠠᠭᠠᠷᠢᠨ (1934  ᠤᠨ ᠤ 3 ᠰᠠᠷ᠎ᠠ ᠶᠢᠨ 9 - 1968  ᠤᠨ ᠤ 3 ᠰᠠᠷ᠎ᠠ ᠶᠢᠨ 27) ᠨᠢ 1961 ᠤᠨ ᠤ 4 ᠰᠠᠷ᠎ᠠ ᠶᠢᠨ 12 ᠍ ᠍ ᠍ ᠳᠦ ᠬᠦᠮᠦᠨ ᠲᠥᠷᠥᠯᠬᠢᠲᠡᠨ ᠦ ᠳᠤᠮᠳᠠ ᠠᠴᠠ ᠠᠩᠬ᠎ᠠ ᠤᠳᠠᠭ᠎ᠠ ᠰᠠᠨᠰᠠᠷ ᠲᠤ ᠨᠢᠰᠦᠭᠰᠡᠨ᠂ ᠵᠥᠪᠯᠡᠯᠲᠦ ᠬᠣᠯᠪᠣᠭᠠᠲᠤ ᠤᠯᠤᠰ ᠤᠨ ᠨᠢᠰᠦᠭᠴᠢᠰᠠᠨᠰᠠᠷ ᠤᠨ ᠨᠢᠰᠦᠭᠴᠢ

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠰᠪᠦᠷᠢ ᠵᠠᠯᠠᠭᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠭᠠᠷᠢᠨ ᠨᠢ ᠰᠮᠠᠯᠧᠨᠰᠺ ᠬᠢᠵᠠᠭᠠᠷ ᠤᠨ ᠭᠵᠢᠳᠰᠺ ᠬᠣᠲᠠ ᠶᠢᠨ (ᠣᠳᠣ ᠶᠢᠨ ᠭᠠᠭᠠᠷᠢᠨ ᠬᠣᠲᠠ) ᠣᠶᠢᠷᠠᠯᠴᠠᠭᠠᠬᠢ ᠺᠯᠤᠰᠢᠨ᠎ᠠ ᠬᠡᠮᠡᠬᠦ ᠪᠢᠴᠢᠬᠠᠨ ᠲᠣᠰᠬᠣᠨ ᠳᠤ ᠮᠡᠨᠳᠦᠯᠡᠵᠡᠢ᠃ ᠡᠴᠢᠭᠡ ᠡᠬᠡ ᠨᠢ ᠬᠠᠮᠲᠤᠷᠠᠯ ᠤᠨ ᠠᠵᠢᠯᠴᠢᠳ ᠪᠠᠶᠢᠪᠠ᠃ ᠶᠦᠷᠡᠢ ᠳᠡᠭᠡᠷ᠎ᠡ ᠪᠡᠨ ᠬᠣᠶᠠᠷ ᠠᠬ᠎ᠠ ᠲᠠᠢ᠂ ᠳᠣᠣᠷ᠎ᠠ ᠪᠠᠨ ᠨᠢᠭᠡ ᠳᠡᠭᠦᠦ ᠲᠡᠢ ᠪᠠᠶᠢᠯ᠎ᠠ᠃ ᠲᠡᠭᠦᠨ ᠦ ᠪᠠᠭ᠎ᠠ ᠰᠤᠷᠭᠠᠭᠤᠯᠢ ᠶᠢᠨ ᠲᠣᠭᠠᠨ ᠤ ᠪᠠᠭᠰᠢ ᠨᠢ ᠠᠷᠮᠢ ᠳᠤ ᠨᠢᠰᠦᠭᠴᠢ ᠪᠣᠯᠵᠤ᠂ ᠳᠠᠶᠢᠨ ᠳᠤ ᠣᠷᠣᠯᠴᠠᠬᠤ ᠪᠠᠷ ᠶᠠᠪᠤᠭᠰᠠᠨ ᠨᠢ ᠲᠡᠭᠦᠨ ᠦ ᠠᠮᠢᠳᠤᠷᠠᠯ ᠳᠤ ᠲᠣᠮᠣ ᠨᠥᠯᠥᠭᠡ ᠦᠵᠡᠭᠦᠯᠦᠭᠰᠡᠨ ᠭᠡᠳᠡᠭ᠃

ᠮᠧᠲ᠋ᠲ᠋ᠠᠯᠦ᠋ᠷᠭᠢ ᠶᠢᠨ ᠦᠢᠯᠡᠳᠪᠦᠷᠢ ᠳᠦ ᠳᠠᠳᠤᠯᠭ᠎ᠠ ᠪᠠᠷ ᠠᠵᠢᠯᠯᠠᠵᠤ ᠡᠬᠢᠯᠡᠭᠰᠡᠨ ᠭᠠᠭᠠᠷᠢᠨ ᠠᠵᠢᠯ ᠢᠶᠠᠨ ᠰᠠᠶᠢᠨ ᠬᠢᠵᠦ ᠪᠠᠶᠢᠭᠰᠠᠨ ᠲᠤᠯᠠ ᠰᠠᠷᠠᠲ᠋ᠣᠪ ᠬᠣᠲᠠ ᠶᠢᠨ ᠠᠵᠤ ᠦᠢᠯᠡᠳᠪᠦᠷᠢ ᠶᠢᠨ ᠰᠤᠷᠭᠠᠭᠤᠯᠢ ᠳᠤ ᠰᠤᠷᠤᠯᠴᠠᠭᠤᠯᠬᠤ ᠪᠠᠷ ᠪᠣᠯᠵᠠᠢ᠃ ᠲᠡᠨᠳᠡ ᠭᠠᠭᠠᠷᠢᠨ ᠠᠭᠠᠷ ᠤᠨ ᠺᠯᠥ᠋ᠪ ᠲᠤ ᠡᠯᠰᠡᠨ ᠣᠷᠣᠵᠤ᠂ ᠣᠩᠭᠣᠴᠠ ᠪᠠᠷ ᠨᠢᠰᠴᠣ ᠦᠵᠡᠵᠡᠢ᠃ ᠰᠤᠷᠭᠠᠭᠤᠯᠢ ᠪᠠᠨ ᠲᠡᠭᠦᠰᠦᠭᠰᠡᠨ ᠭᠠᠭᠠᠷᠢᠨ ᠨᠢᠰᠦᠭᠴᠢ ᠪᠣᠯᠬᠣ ᠪᠠᠷ ᠵᠣᠷᠢᠵᠤ᠂ 1955  ᠤᠨ ᠳᠤ ᠣᠷᠧᠨᠪᠦᠦᠭ ᠲᠦ ᠪᠠᠶᠢᠭᠰᠠᠨ ᠠᠭᠠᠷ ᠤᠨ ᠴᠡᠷᠢᠭ ᠦᠨ ᠣᠹᠢᠼᠧᠷ ᠤᠨ ᠰᠤᠷᠭᠠᠭᠤᠯᠢ ᠳᠤ ᠡᠯᠰᠡᠨ ᠤᠷᠤᠪᠠ᠃ 1957  ᠤᠨ ᠳᠤ ᠣᠷᠧᠨᠪᠦᠦᠭ ᠲᠦ ᠲᠠᠨᠢᠯᠴᠠᠭᠰᠠᠨ ᠸᠠᠯᠧᠨᠲᠤᠨ᠎ᠠ ᠭᠣᠣᠯᠽᠧᠸᠠ ᠬᠡᠮᠡᠬᠦ ᠪᠦᠰᠡᠭᠦᠢ ᠲᠡᠢ ᠭᠡᠷᠯᠡᠵᠡᠢ᠃ ᠰᠤᠷᠭᠠᠭᠤᠯᠢ ᠪᠠᠨ ᠲᠡᠭᠦᠰᠦᠮᠡᠭᠴᠡ ᠮᠤᠷᠮᠠᠨᠰᠺ ᠳᠠᠬᠢ ᠴᠡᠷᠢᠭ ᠦᠨ ᠠᠩᠭᠢ ᠳᠤ ᠬᠤᠪᠢᠶᠠᠷᠢᠯᠠᠭᠳᠠᠨ ᠣᠴᠢᠵᠠᠢ᠃

ᠰᠠᠨᠰᠠᠷ ᠢ ᠡᠵᠡᠮᠰᠢᠬᠦ ᠠᠶᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1960 ᠊ᠭᠠᠳ  ᠤᠨ ᠳᠤ ᠰᠠᠨᠰᠠᠷ ᠰᠤᠳᠤᠯᠤᠯ ᠡᠷᠴᠢᠮᠲᠡᠢ ᠬᠥᠭᠵᠢᠵᠦ᠂ ᠰᠠᠨᠰᠠᠷ ᠤᠨ ᠨᠢᠰᠦᠭᠴᠢᠳ ᠢ ᠰᠣᠩᠭᠣᠨ ᠰᠢᠯᠭᠠᠷᠠᠭᠤᠯᠬᠤ ᠳᠤ ᠭᠠᠭᠠᠷᠢᠨ 20 ᠬᠦᠮᠦᠨ ᠦ ᠬᠠᠮᠲᠤ ᠨᠡᠷ᠎ᠡ ᠳᠡᠪᠰᠢᠵᠡᠢ᠃ ᠡᠶᠢᠨᠬᠦᠦ ᠲᠡᠷᠡ ᠪᠡᠷ ᠪᠤᠰᠤᠳ ᠨᠥᠬᠥᠳ ᠲᠡᠢ ᠪᠡᠨ ᠬᠠᠮᠲᠤ ᠰᠠᠨᠰᠠᠷ ᠤᠨ ᠨᠢᠰᠦᠭᠴᠢ ᠪᠣᠯᠬᠣ ᠪᠠᠷ ᠪᠡᠯᠡᠳᠬᠡᠯ ᠰᠤᠷᠭᠠᠭᠤᠯᠢᠯᠲᠠ ᠬᠢᠵᠦ ᠡᠬᠢᠯᠡᠭᠰᠡᠨ ᠶᠤᠮ᠃

ᠢᠩᠭᠢᠭᠡᠳ ᠳᠡᠯᠡᠬᠡᠢ ᠳᠦ ᠠᠩᠬ᠎ᠠ ᠤᠳᠠᠭ᠎ᠠ ᠬᠦᠮᠦᠨ ᠰᠠᠭᠤᠯᠭᠠᠭᠰᠠᠨ ᠰᠠᠨᠰᠠᠷ ᠤᠨ ᠬᠥᠯᠥᠭ ᠬᠦᠭᠰᠡᠭᠦᠯᠬᠦ ᠪᠣᠯᠤᠮᠠᠭᠴᠠ ᠭᠠᠭᠠᠷᠢᠨ ᠪᠣᠯᠤᠨ ᠭᠧᠷᠮᠠᠨ ᠲᠢᠲᠠᠪᠠ ᠬᠣᠶᠠᠷ ᠲᠤᠨᠣᠵᠤ ᠦᠯᠡᠳᠡᠨ᠂ ᠡᠴᠦᠰ ᠲᠦ ᠨᠢ ᠶᠦᠷᠡᠢ ᠰᠣᠩᠭᠣᠭᠳᠠᠵᠠᠢ᠃

ᠰᠠᠨᠰᠠᠷ ᠲᠤ ᠨᠢᠰᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1961  ᠤᠨ ᠤ 4 ᠰᠠᠷ᠎ᠠ ᠶᠢᠨ 12 ᠲᠣᠪᠯᠠᠭᠰᠠᠨ ᠡᠳᠦᠷ ᠪᠣᠯᠵᠤ᠂ ᠭᠠᠭᠠᠷᠢᠨ ᠸᠣᠰᠲ᠋ᠣᠺ 3KA-2 (ᠸᠣᠰᠲ᠋ᠣᠺ-1 ᠭᠡᠵᠦ ᠠᠯᠳᠠᠷᠰᠢᠭᠰᠠᠨ) ᠬᠥᠯᠭᠡ ᠪᠡᠷ ᠬᠦᠮᠦᠨ ᠲᠥᠷᠥᠯᠬᠢᠲᠡᠨ ᠦ ᠳᠤᠮᠳᠠ ᠠᠴᠠ ᠠᠩᠬ᠎ᠠ ᠤᠳᠠᠭ᠎ᠠ ᠰᠠᠨᠰᠠᠷ ᠲᠤ ᠨᠢᠰᠦᠭᠰᠡᠨ ᠪᠢᠯᠡ᠃ ᠲᠤᠰ ᠨᠢᠰᠦᠯᠭᠡ ᠶᠢᠨ ᠦᠶ᠎ᠡ ᠪᠡᠷ ᠬᠡᠷᠡᠭᠯᠡᠭᠳᠡᠭᠰᠡᠨ ᠺᠣᠳ᠋ ᠨᠢ 《ᠬᠤᠰᠢ》 ᠬᠡᠮᠡᠬᠦ ᠦᠭᠡ (ᠣᠷᠣᠰ ᠢᠶᠠᠷ :ᠺᠧᠳ᠋ᠷ) ᠪᠠᠶᠢᠪᠠ᠃ ᠸᠣᠰᠲ᠋ᠣᠺ ᠬᠥᠯᠭᠡ ᠳᠡᠯᠡᠬᠡᠢ ᠶᠢᠨ ᠲᠠᠲᠠᠬᠤ ᠬᠦᠴᠦᠨ ᠡᠴᠡ ᠭᠠᠷᠴᠤ᠂ ᠰᠠᠨᠰᠠᠷ ᠲᠤ 1 ᠴᠠᠭ 50 ᠮᠢᠨᠦ᠋ᠲ ᠣᠷᠴᠢᠮ ᠪᠠᠶᠢᠭᠰᠠᠨ ᠪᠥᠭᠡᠳ ᠳᠡᠯᠡᠬᠡᠢ ᠶᠢ ᠨᠢᠭᠡ ᠲᠣᠭᠣᠷᠢᠭᠰᠠᠨ᠃  ᠨᠢᠰᠦᠯᠭᠡ ᠶᠢᠨ ᠦᠶ᠎ᠡ ᠪᠡᠷ ᠭᠠᠭᠠᠷᠢᠨ ᠲᠧᠯᠧᠭᠷᠠᠹ ᠢᠶ᠎ᠡ ᠠᠭᠧᠨᠲᠣᠰᠳᠪᠠ ᠰᠣᠸᠧᠲ᠋ᠰᠺᠣᠭᠣ ᠰᠣᠶᠵᠠ ᠠᠭᠧᠨᠲᠯᠢᠭ ᠲᠡᠭᠦᠨ ᠢ ᠠᠬᠠᠮᠠᠳ ᠠᠴᠠ ᠬᠣᠰᠢᠭᠤᠴᠢ ᠪᠣᠯᠵᠤ ᠴᠣᠯᠠ ᠠᠬᠢᠭᠰᠠᠨ ᠲᠤᠬᠠᠢ ᠨᠡᠪᠲᠡᠷᠡᠭᠦᠯᠵᠦ ᠪᠤᠢ ᠶᠢ ᠰᠣᠨᠣᠰᠤᠭᠰᠠᠨ ᠭᠡᠳᠡᠭ᠃ ᠡᠨᠡ ᠨᠢ ᠲᠡᠭᠦᠨ ᠢ ᠠᠮᠢᠳᠤ ᠡᠷᠭᠢᠵᠦ ᠢᠷᠡᠬᠦ ᠦᠭᠡᠢ ᠪᠠᠶᠢᠬᠤ ᠬᠡᠮᠡᠨ ᠵᠠᠰᠠᠭ ᠤᠨ ᠭᠠᠵᠠᠷ ᠤᠨ ᠬᠣᠯᠪᠣᠭᠳᠠᠬᠤ ᠠᠯᠪᠠᠨ ᠲᠤᠰᠢᠶᠠᠯᠲᠠᠨ ᠨᠤᠭᠤᠳ ᠲᠠᠭᠠᠮᠠᠭᠯᠠᠵᠤ ᠪᠠᠶᠢᠭᠰᠠᠨ ᠠᠴᠠ ᠡᠭᠦᠳᠦᠯᠲᠡᠢ ᠠᠵᠠᠢ᠃ ᠤᠴᠢᠷ ᠨᠢ ᠸᠣᠰᠲ᠋ᠣᠺ ᠬᠥᠯᠭᠡ ᠨᠢ ᠠᠭᠠᠷ ᠮᠠᠨᠳᠠᠯ ᠳᠤ ᠪᠤᠴᠠᠵᠤ ᠣᠷᠣᠭᠠᠳ᠂ 7000 ᠮᠧᠲ᠋ᠷ ᠦᠨ ᠥᠨᠳᠥᠷ ᠡᠴᠡ ᠨᠢᠰᠦᠭᠴᠢ ᠪᠡᠨ ᠰᠠᠭᠤᠳᠠᠯ ᠲᠠᠢ ᠨᠢ ᠭᠠᠷᠭᠠᠨ᠂ ᠰᠢᠬᠦᠷ ᠢᠶᠡᠷ ᠪᠠᠭᠤᠯᠭᠠᠬᠤ ᠭᠡᠰᠡᠨ ᠠᠶᠤᠯᠲᠠᠢ ᠵᠠᠷᠴᠢᠮ ᠲᠠᠢ ᠪᠠᠶᠢᠯ᠎ᠠ᠃

ᠡᠬᠡ ᠳᠡᠯᠡᠬᠡᠢ ᠳᠦ ᠪᠡᠨ ᠬᠥᠯ ᠲᠠᠯᠪᠢᠮᠠᠭᠴᠠ ᠭᠠᠭᠠᠷᠢᠨ ᠠᠯᠳᠠᠷ ᠬᠦᠨᠳᠦ ᠪᠡᠷ ᠪᠤᠯᠠᠭᠤᠯᠤᠭᠰᠠᠨ ᠶᠤᠮ᠃ ᠨᠢᠺᠢᠲ᠋ᠠ ᠾᠷᠦ᠋ᠱᠧᠪ ᠲᠠᠢ ᠠᠭᠤᠯᠵᠠᠬᠤ ᠦᠶ᠎ᠡ ᠪᠡᠷ ᠢᠶᠡᠨ ᠲᠡᠷᠡ ᠪᠡᠷ ᠡᠪ ᠬᠠᠮᠳᠣ ᠨᠠᠮ ᠤᠨ ᠰᠦᠷ ᠬᠦᠴᠦ ᠶᠢ ᠪᠠᠬᠠᠳᠤᠨ ᠮᠠᠭᠲᠠᠵᠤ᠂ ᠵᠥᠪᠯᠡᠯᠲᠦ ᠶᠢᠨ ᠡᠪ ᠬᠠᠮᠳᠣ ᠳᠢᠭᠯᠢᠮ ᠦᠨ ᠦᠵᠡᠯ ᠰᠤᠷᠲᠠᠯ ᠤᠨ ᠨᠢᠭᠡ ᠵᠡᠪᠰᠡᠭ ᠪᠣᠯᠵᠤ ᠪᠠᠶᠢᠯ᠎ᠠ᠃ ᠭᠠᠭᠠᠷᠢᠨ ᠳᠡᠯᠡᠬᠡᠢ ᠶᠢᠨ ᠣᠯᠠᠨ ᠬᠣᠲᠠ᠂ ᠤᠯᠤᠰ ᠢᠶᠠᠷ ᠠᠶᠢᠯᠴᠢᠯᠠᠵᠤ᠂ ᠬᠦᠨᠳᠦᠲᠦ ᠢᠷᠭᠡᠨ ᠪᠣᠯᠵᠤ ᠪᠠᠶᠢᠪᠠ᠃

ᠰᠠᠨᠰᠠᠷ ᠤᠨ ᠪᠠᠭᠠᠲᠤᠷ᠂ ᠭᠡᠨᠡᠳᠲᠡ ᠶᠢᠨ ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠨᠡᠳᠲᠡ ᠶᠢᠨ ᠠᠯᠳᠠᠷ ᠲᠤ ᠬᠦᠨᠳᠦᠳᠡ ᠤᠮᠪᠠᠭᠰᠠᠨ ᠭᠠᠭᠠᠷᠢᠨ ᠤ ᠰᠡᠳᠬᠢᠯ ᠰᠠᠨᠠᠭ᠎ᠠ ᠲᠣᠭᠲᠠᠪᠤᠷᠢᠭᠦᠶᠢᠲᠦᠵᠦ᠂ ᠠᠷᠢᠬᠢᠨ ᠳᠤ ᠣᠷᠣᠵᠠᠢ᠃

ᠲᠡᠷᠡᠪᠡᠷ 1962  ᠤᠨ ᠳᠤ ᠵᠥᠪᠯᠡᠯᠲᠦ ᠬᠣᠯᠪᠣᠭᠠᠲᠤ ᠤᠯᠤᠰ ᠤᠨ ᠠᠷᠠᠳ ᠤᠨ ᠬᠤᠷᠠᠯ ᠤᠨ ᠳ᠋ᠧᠫᠦᠶᠢᠲ᠋ᠠᠲ ᠢᠶᠠᠷ ᠰᠣᠩᠭᠣᠭᠳᠠᠭᠰᠠᠨ ᠶᠤᠮ᠃ ᠭᠠᠭᠠᠷᠢᠨ ᠰᠠᠨᠰᠠᠷ ᠠᠴᠠ ᠡᠷᠭᠢᠵᠦ ᠢᠷᠡᠭᠰᠡᠨ ᠦ ᠪᠡᠨ ᠳᠠᠷᠠᠭ᠎ᠠ ᠣᠳᠣᠳ ᠤᠨ ᠬᠣᠲᠠᠬᠠᠨ ᠳᠤ ᠰᠠᠭᠤᠷᠢᠰᠢᠵᠤ᠂ ᠰᠠᠨᠰᠠᠷ ᠤᠨ ᠬᠥᠯᠭᠡ ᠵᠣᠬᠢᠶᠠᠨ ᠪᠦᠲᠦᠭᠡᠬᠦ ᠲᠥᠰᠥᠯ ᠳᠦ ᠣᠷᠣᠯᠴᠠᠵᠤ ᠪᠠᠶᠢᠪᠠ᠃

ᠴᠡᠷᠢᠭ ᠦᠨ ᠨᠢᠰᠦᠭᠴᠢ ᠪᠠᠶᠢᠭᠰᠠᠨ ᠲᠡᠷᠡ ᠪᠡᠷ 1968  ᠤᠨ ᠤ 3 ᠰᠠᠷ᠎ᠠ ᠶᠢᠨ 27 ᠤ ᠡᠳᠦᠷ ᠰᠤᠷᠭᠠᠭᠤᠯᠢᠯᠲᠠ ᠶᠢᠨ ᠨᠢᠰᠦᠯᠭᠡ ᠦᠢᠯᠡᠳᠴᠦ ᠪᠠᠶᠢᠭᠠᠳ ᠮᠢᠭ-15 УТИ ᠣᠩᠭᠣᠴᠠ ᠲᠠᠢ ᠪᠠᠨ ᠤᠨᠠᠵᠤ ᠨᠠᠰᠤ ᠪᠠᠷᠠᠭᠰᠠᠨ ᠶᠤᠮ᠃ ᠣᠰᠣᠯ ᠤᠨ ᠰᠢᠯᠲᠠᠭᠠᠨ ᠲᠣᠳᠣᠷᠬᠠᠢ ᠪᠣᠯᠤᠭ᠎ᠠ ᠦᠭᠡᠢ ᠪᠥᠭᠡᠳ 1986  ᠤᠨ ᠳᠤ ᠳᠡᠯᠭᠡᠭᠳᠡᠭᠰᠡᠨ ᠪᠠᠷᠢᠮᠲᠠ ᠠᠴᠠ ᠦᠵᠡᠪᠡᠯ ᠲᠡᠷᠡ ᠬᠠᠪᠢ ᠳᠤ ᠨᠢᠰᠴᠣ ᠪᠠᠶᠢᠭᠰᠠᠨ ᠰᠤ-11 ᠣᠩᠭᠣᠴᠠᠨ ᠤ ᠥᠨᠳᠥᠷ ᠬᠤᠷᠳᠤᠴᠨ ᠠᠴᠠ ᠪᠣᠯᠵᠤ ᠡᠭᠦᠰᠦᠭᠰᠡᠨ ᠠᠭᠠᠷ ᠤᠨ ᠤᠷᠤᠰᠬᠠᠯ ᠳᠤ ᠣᠷᠣᠵᠤ ᠤᠳᠤᠷᠢᠳᠤᠯᠭ᠎ᠠ ᠪᠠᠨ ᠠᠯᠳᠠᠨ ᠤᠨᠠᠭᠰᠠᠨ ᠭᠡᠰᠡᠨ ᠲᠠᠭᠠᠮᠠᠭᠯᠠᠯ ᠬᠡᠶᠢᠵᠥ ᠪᠠᠶᠢᠭ᠎ᠠ᠃

2005  ᠤᠨ ᠳᠤ ᠣᠰᠣᠯ ᠤᠨ ᠲᠠᠯ᠎ᠠ ᠪᠠᠷ ᠬᠢ ᠰᠢᠨ᠎ᠡ ᠳ᠋ᠦᠩᠨᠡᠯᠲᠡ ᠭᠠᠷᠴᠤ᠂ ᠣᠩᠭᠣᠴᠠᠨ ᠤ ᠠᠭᠠᠷᠵᠢᠭᠤᠯᠤᠭᠴᠢ ᠨᠢ ᠡᠪᠳᠡᠷᠡᠭᠰᠡᠨ ᠪᠤᠶᠤ ᠡᠮᠦᠨᠡᠬᠢ ᠨᠢᠰᠦᠭᠴᠢ ᠶᠢᠨ ᠠᠯᠳᠠᠭᠠᠨ ᠠᠴᠠ ᠣᠩᠭᠣᠷᠬᠠᠢ ᠣᠷᠬᠢᠭᠳᠠᠭᠰᠠᠨ ᠠᠴᠠ ᠪᠣᠯᠤᠭᠠᠳ ᠬᠦᠴᠢᠯᠲᠥᠷᠦᠭᠴᠢ ᠠᠯᠳᠠᠭᠳᠠᠭᠰᠠᠨ ᠬᠡᠮᠡᠨ ᠲᠠᠶᠢᠯᠪᠤᠷᠢᠯᠠᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


Commons
Викимедиа дуу дүрсний сан: ᠶᠦᠷᠡᠢ ᠠᠯᠧᠺᠰᠧᠸᠢᠴ ᠭᠠᠭᠠᠷᠢᠨ

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ