ᠶᠤᠸᠠᠨ ᠤᠯᠤᠰ ᠤᠨ ᠰᠤᠳᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠶᠤᠸᠠᠨ ᠤᠯᠤᠰ ᠤᠨ ᠰᠤᠳᠤᠷ ᠨᠢ 1368-1370 ᠣᠨ ᠤ ᠬᠣᠭᠣᠷᠣᠨᠳᠣ ᠮᠢᠩ ᠤᠯᠤᠰ ᠍ ᠤᠨ ᠬᠠᠭᠠᠨ ᠤ ᠣᠷᠳᠣᠨ ᠳᠤ ᠪᠢᠴᠢᠭᠳᠡᠭᠰᠡᠨ᠃ ᠤᠭ ᠲᠡᠦᠬᠡ ᠶᠢᠨ ᠪᠢᠴᠢᠭ ᠨᠢ ᠮᠣᠩᠭᠣᠯ ᠤᠨ ᠶᠤᠸᠠᠨ ᠤᠯᠤᠰ ᠍ ᠤᠨ ᠲᠥᠷᠥ ᠶᠢᠨ ᠲᠡᠦᠬᠡ ᠶᠢ ᠲᠤᠰᠬᠠᠭᠰᠠᠨ ᠪᠠᠶᠢᠳᠠᠭ ᠪᠥᠭᠡᠳ ᠨᠡᠶᠢᠲᠡ 210 ᠳᠡᠪᠲᠡᠷ ᠡᠴᠡ ᠪᠥᠷᠢᠳᠬᠦ ᠲᠣᠮᠣᠬᠠᠨ ᠪᠦᠲᠦᠭᠡᠯ ᠶᠤᠮ᠃

ᠪᠢᠴᠢᠭᠳᠡᠭᠰᠡᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1368 ᠣᠨ ᠤ 9 ᠰᠠᠷ᠎ᠠ ᠳᠤ ᠲᠣᠭᠠᠨᠲᠡᠮᠦᠷ ᠬᠠᠭᠠᠨ ᠨᠡᠶᠢᠰᠯᠡᠯ ᠳᠠᠶᠢᠳᠤ ᠬᠣᠲᠠ ᠠᠴᠠ ᠵᠢᠭᠤᠳᠠᠨ ᠭᠠᠷᠤᠭᠰᠠᠨ ᠤ ᠳᠠᠷᠠᠭ᠎ᠠ ᠰᠦᠢ ᠳᠠ ᠵᠠᠩᠵᠤᠨ ᠤ ᠤᠳᠤᠷᠢᠳᠤᠭᠰᠠᠨ ᠴᠡᠷᠢᠭ ᠦᠳ ᠲᠤᠰ ᠬᠣᠲᠠ ᠶᠢ ᠡᠵᠡᠯᠡᠬᠦ ᠳᠦ ᠶᠤᠸᠠᠨ ᠤᠯᠤᠰ ᠤᠨ ᠬᠠᠭᠠᠨ ᠤ ᠣᠷᠳᠣᠨ ᠠᠴᠠ ᠶᠤᠸᠠᠨ ᠤᠯᠤᠰ ᠤᠨ ᠬᠠᠭᠠᠳ ᠤᠨ ᠦᠨᠡᠨ ᠮᠠᠭᠠᠳ ᠲᠡᠮᠳᠡᠭᠯᠡᠯ ᠢ ᠣᠯᠤᠭᠰᠠᠨ ᠪᠥᠭᠡᠳ ᠨᠠᠨᠵᠢᠩ ᠬᠣᠲᠠ ᠷᠤ ᠢᠯᠡᠭᠡᠭᠰᠡᠨ᠃ ᠡᠭᠦᠨ ᠦ ᠳᠠᠷᠠᠭ᠎ᠠ ᠵᠤ ᠶᠤᠸᠠᠨ ᠵᠠᠩ ᠬᠠᠭᠠᠨ ᠵᠠᠷᠯᠢᠭ ᠪᠠᠭᠤᠯᠭᠠᠵᠤ᠂ ᠶᠤᠸᠠᠨ ᠤᠯᠤᠰ ᠤᠨ ᠲᠡᠦᠬᠡ ᠶᠢ ᠪᠢᠴᠢᠬᠦ ᠶᠢ ᠲᠥᠪ ᠶᠠᠮᠤᠨ ᠤ ᠵᠡᠭᠦᠨ ᠭᠠᠷ ᠤᠨ ᠴᠢᠩᠰᠠᠩ ᠯᠢ ᠱᠠᠩ ᠴᠢᠨ ᠳᠤ ᠲᠤᠰᠢᠶᠠᠭᠰᠠᠨ᠃ ᠡᠭᠦᠨ ᠦ ᠳᠠᠭᠠᠤ ᠬᠤᠩᠲᠠᠶᠢᠵᠢ ᠵᠤ ᠪᠢᠶᠣᠭᠡᠶᠢᠨ ᠪᠠᠭᠰᠢ ᠰᠦᠨ ᠯᠠᠨᠢ᠂ ᠪᠢᠴᠢᠭ ᠦᠨ ᠲᠦᠰᠢᠮᠡᠯ ᠸᠠᠩ ᠸᠡᠢ ᠨᠠᠷ ᠶᠤᠸᠠᠨ ᠤᠯᠤᠰ ᠤᠨ ᠰᠤᠳᠤᠷ ᠢ ᠶᠡᠷᠦᠩᠬᠡᠶᠢᠯᠡᠨ ᠤᠳᠤᠷᠢᠳᠤᠭᠰᠠᠨ ᠪᠠᠶᠢᠨ᠎ᠠ᠃ ᠲᠤᠰ ᠰᠤᠳᠤᠷ ᠢ ᠪᠦᠲᠦᠭᠡᠬᠦ ᠳᠦ 30 ᠭᠠᠷᠤᠢ ᠪᠢᠴᠢᠭ ᠦᠨ ᠬᠦᠷᠢᠶᠡᠯᠡᠩ ᠦᠨ ᠲᠦᠰᠢᠮᠡᠳ ᠣᠷᠣᠯᠴᠠᠭᠰᠠᠨ᠃ ᠤᠭ ᠰᠤᠳᠤᠷ ᠪᠢᠴᠢᠭᠳᠡᠭᠰᠡᠨ ᠴᠠᠭ ᠠᠴᠠ ᠪᠠᠨ ᠬᠣᠶᠢᠰᠢ ᠵᠢ ᠵᠢᠩᠸᠠᠨᠢ ᠯᠢ ᠬᠠᠭᠠᠳ ᠤᠨ ᠦᠶ᠎ᠡ ᠳᠦ ᠪᠣᠯᠤᠨ 1888, 1936, 1956, 1965, 1974, 1976 ᠣᠨ ᠨᠤᠭᠤᠳ ᠲᠤ ᠲᠤᠰ ᠲᠤᠰ ᠳᠠᠬᠢᠨ ᠬᠡᠪᠯᠡᠭᠦᠯᠦᠭᠰᠡᠨ ᠪᠠᠶᠢᠨ᠎ᠠ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠤᠸᠠᠨ ᠤᠯᠤᠰ ᠤᠨ ᠰᠤᠳᠤᠷ ᠨᠢ ᠬᠢᠲᠠᠳ ᠤᠨ ᠲᠥᠷᠥ ᠶᠢᠨ ᠰᠤᠳᠤᠷ ᠤᠳ ᠤᠨ ᠤᠯᠠᠮᠵᠢᠯᠠᠯ ᠳᠤ ᠬᠡᠪ ᠵᠠᠭᠪᠤᠷ ᠤᠨ ᠳᠠᠭᠠᠤ ᠪᠢᠴᠢᠭᠳᠡᠭᠰᠡᠨ ᠪᠠᠶᠢᠳᠠᠭ᠃ ᠶᠤᠸᠠᠨ ᠤᠯᠤᠰ ᠤᠨ ᠰᠤᠳᠤᠷ ᠬᠡᠮᠡᠬᠦ ᠨᠢ ᠨᠡᠶᠢᠲᠡ 210 ᠳᠡᠪᠲᠡᠷ ᠪᠥᠭᠡᠳ ᠳᠣᠲᠣᠷ᠎ᠠ ᠪᠠᠨ "ᠤᠭ ᠲᠡᠮᠳᠡᠭᠯᠡᠯ", "ᠣᠶᠢᠯᠠᠯᠭ᠎ᠠ", "ᠢᠯᠡᠳᠬᠡᠯ", "ᠣᠯᠠᠨ ᠱᠠᠰᠲᠢᠷ" ᠬᠡᠮᠡᠬᠦ 4 ᠲᠣᠮᠣ ᠪᠦᠯᠦᠭ ᠲᠦ ᠬᠤᠪᠢᠶᠠᠭᠳᠠᠳᠠᠭ᠃ ᠤᠭ ᠲᠡᠮᠳᠡᠭᠯᠡᠯ ᠳᠦ 47 ᠳᠡᠪᠲᠡᠷ᠂ ᠣᠶᠢᠯᠠᠯᠭ᠎ᠠ ᠳᠤ 58 ᠳᠡᠪᠲᠡᠷ᠂ ᠢᠯᠡᠳᠬᠡᠯ ᠳᠦ 8 ᠳᠡᠪᠲᠡᠷ᠂ ᠯᠣᠨ ᠱᠠᠰᠲᠢᠷ ᠲᠤ 96 ᠳᠡᠪᠲᠡᠷ ᠲᠤᠰ ᠲᠤᠰ ᠪᠠᠭᠠᠳᠤᠨ᠎ᠠ᠃

  • ᠤᠭ ᠲᠡᠮᠳᠡᠭᠯᠡᠯ ᠬᠡᠮᠡᠬᠦ ᠪᠦᠯᠦᠭ ᠲᠦ 1-47 ᠳᠡᠪᠲᠡᠷ ᠬᠠᠮᠤᠷᠬᠤ ᠪᠥᠭᠡᠳ ᠴᠢᠩᠭᠢᠰ ᠬᠠᠭᠠᠨᠠ ᠠᠴᠠ ᠲᠣᠭᠠᠨᠲᠡᠮᠦᠷ ᠬᠠᠭᠠᠨ ᠬᠦᠷᠲᠡᠯᠡᠬᠢ ᠦᠶ᠎ᠡ ᠶᠢᠨ ᠦᠢᠯᠡ ᠶᠠᠪᠤᠳᠠᠯ ᠢ ᠪᠢᠴᠢᠭᠰᠡᠨ ᠪᠠᠶᠢᠳᠠᠭ᠃
  • ᠣᠶᠢᠯᠠᠯᠭ᠎ᠠ ᠪᠦᠯᠦᠭ ᠲᠦ ᠶᠤᠸᠠᠨ ᠤᠯᠤᠰ ᠤᠨ ᠦᠶ᠎ᠡ ᠳᠦ ᠪᠣᠯᠤᠭᠰᠠᠨ ᠦᠢᠯᠡ ᠶᠠᠪᠤᠳᠠᠯ ᠵᠡᠷᠭᠡ ᠶᠢ ᠪᠢᠴᠢᠭᠰᠡᠨ᠃ 48-105 ᠍ ᠳᠦᠭᠡᠷ ᠳᠡᠪᠲᠡᠷ ᠢ ᠬᠠᠮᠤᠷᠤᠨ᠎ᠠ᠃
  • ᠢᠯᠡᠳᠬᠡᠯ ᠪᠦᠯᠦᠭ ᠨᠢ 106-113 ᠳᠡᠪᠲᠡᠷ ᠬᠦᠷᠲᠡᠯ᠎ᠡ ᠦᠷᠭᠦᠯᠵᠢᠯᠡᠭᠰᠡᠨ᠃ ᠬᠠᠭᠠᠨ ᠤ ᠬᠠᠲᠤᠳ ᠲᠠᠲᠠᠪᠤᠷᠢ᠂ ᠸᠠᠩ᠂ ᠭᠦᠨᠵᠡ᠂ ᠵᠠᠶᠢᠰᠠᠩ᠂ ᠭᠤᠷᠪᠠᠨ ᠭᠦᠨ ᠨᠠᠷ ᠤᠨ ᠨᠠᠮᠲᠠᠷ ᠢ ᠵᠢᠭ᠌ᠰᠠᠭᠠᠨ ᠪᠢᠴᠢᠭᠰᠡᠨ᠃
  • ᠣᠯᠠᠨ ᠱᠠᠰᠲᠢᠷ ᠪᠦᠯᠦᠭ ᠨᠢ 114-210 ᠳᠡᠪᠲᠡᠷ ᠬᠦᠷᠲᠡᠯ᠎ᠡ ᠦᠷᠭᠦᠯᠵᠢᠯᠡᠨ᠎ᠡ᠃ ᠡᠭᠦᠨ ᠳᠦ ᠬᠠᠭᠠᠨ ᠴᠣᠯᠠ ᠪᠠᠷ ᠨᠡᠬᠡᠨ ᠡᠷᠭᠦᠭᠳᠡᠭᠰᠡᠨ ᠬᠦᠮᠦᠰ ᠦᠨ ᠨᠠᠮᠲᠠᠷ᠂ ᠭᠠᠪᠢᠶ᠎ᠠ ᠳᠤ ᠰᠠᠶᠢᠳ ᠲᠦᠰᠢᠮᠡᠳ ᠦᠨ ᠨᠠᠮᠲᠠᠷ᠂ ᠬᠠᠭᠠᠨ ᠤᠭᠰᠠᠭᠠᠨ ᠤ ᠸᠠᠩᠭ᠎ᠠ ᠨᠤᠭᠤᠳ᠂ ᠪᠢᠴᠢᠭ ᠦᠨ ᠮᠡᠷᠭᠡᠳ᠂ ᠴᠡᠷᠢᠭ ᠦᠨ ᠵᠠᠩᠵᠤᠨ᠂ ᠰᠠᠶᠢᠳ᠂ ᠲᠦᠰᠢᠮᠡᠳ᠂ ᠬᠠᠷᠢ ᠣᠷᠣᠨ ᠤ ᠬᠠᠭᠠᠳ ᠤᠨ ᠨᠠᠮᠲᠠᠷ ᠵᠡᠷᠭᠡ ᠡᠴᠡ ᠭᠠᠳᠠᠨ᠎ᠠ ᠺᠦ᠋ᠷᠶ᠎ᠠ ᠤᠯᠤᠰ᠂ ᠶᠠᠫᠣᠨ᠂ ᠠᠨᠠᠮ᠂ ᠶᠠᠸᠠ ᠠᠷᠠᠯ᠂ ᠲᠠᠶᠢᠯᠠᠩ ᠳᠤ᠂ ᠪᠢᠷᠮ ᠭᠡᠬᠦ ᠮᠡᠲᠦ ᠤᠯᠤᠰ ᠤᠨ ᠬᠡᠷᠡᠭ ᠶᠠᠪᠤᠳᠠᠯ ᠢ ᠪᠢᠴᠢᠭᠰᠡᠨ᠃

ᠮᠣᠩᠭᠣᠯ ᠬᠡᠯᠡᠨ ᠢᠶᠡᠨ ᠬᠥᠷᠪᠡᠭᠦᠯᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠳᠤᠷ ᠢ ᠨᠡᠷᠡᠲᠦ ᠣᠷᠴᠢᠭᠤᠯᠤᠭᠴᠢ ᠳᠠᠩᠳᠠ ᠴᠢᠩᠰᠠᠩ ᠬᠡᠮᠡᠨ ᠠᠯᠳᠠᠷᠰᠢᠭᠰᠠᠨ ᠴᠢᠮᠡᠳ ᠦᠨ ᠳᠡᠮᠴᠦᠭᠳᠣᠷᠵᠢ(1863-1932) ᠬᠢᠲᠠᠳ ᠬᠡᠯᠡᠨ ᠡᠴᠡ ᠠᠩᠬ᠎ᠠ ᠤᠳᠠᠭ᠎ᠠ 1917-1928 ᠣᠨ ᠳᠤ ᠳᠤᠮᠳᠠ ᠪᠠᠨ 1920-1923 ᠣᠨ ᠤ ᠵᠠᠪᠰᠠᠷᠯᠠᠭ᠎ᠠ ᠲᠠᠢ ᠪᠠᠷ ᠣᠷᠴᠢᠭᠤᠯᠤᠭᠰᠠᠨ᠃ ᠲᠡᠭᠦᠨ ᠦ ᠣᠷᠴᠢᠭᠤᠯᠤᠭᠰᠠᠨ ᠶᠤᠸᠠᠨ ᠤᠯᠤᠰ ᠤᠨ ᠰᠤᠳᠤᠷ ᠨᠢ ᠣᠳᠣ ᠦᠨᠳᠦᠰᠦᠨ ᠦ ᠨᠡᠶᠢᠲᠡ ᠶᠢᠨ ᠨᠣᠮ ᠤᠨ ᠰᠠᠩ ᠬᠠᠭᠤᠴᠢᠨ ᠢᠶᠠᠷ ᠤᠯᠤᠰ ᠤᠨ ᠲᠥᠪ ᠨᠣᠮ ᠤᠨ ᠰᠠᠩ ᠳᠤ ᠬᠠᠳᠠᠭᠠᠯᠠᠭᠳᠠᠭᠠᠰᠤᠲᠠᠢ ᠪᠤᠢ᠃

ᠪᠢᠴᠢᠭᠡᠰᠦ