ᠶᠤᠸᠠᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠶᠤᠸᠠᠨ ᠤᠯᠤᠰ
ᠨᠡᠶᠢᠰᠯᠡᠯᠤᠳᠤ ᠶᠢᠨ ᠪᠡᠭᠡᠵᠢᠩ
ᠠᠯᠪᠠᠨ ᠬᠡᠯᠡ ᠮᠣᠩᠭᠣᠯ ᠬᠡᠯᠡ
 -  1271 ᠬᠣᠪᠢᠯᠠᠢ ᠬᠠᠭᠠᠨ
ᠨᠤᠲᠤᠭ ᠳᠡᠪᠢᠰᠬᠡᠷ
 -  ᠪᠦᠬᠦ ᠲᠠᠯᠠᠪᠠᠢ 33,000,000 km2 
ᠬᠦᠮᠦᠨ ᠠᠮᠠ
 -  ᠲᠣᠭᠠᠯᠠᠯᠭ᠎ᠠ () 100,000,000 

ᠶᠤᠸᠠᠨ ᠤᠯᠤᠰ (ᠳᠠᠢ ᠦᠨ ᠦᠯᠦᠰ) (1271–1368) ᠨᠢ ᠮᠣᠩᠭᠣᠯ ᠤᠭᠰᠠᠭᠠᠲᠠᠨ ᠤ ᠪᠠᠶᠢᠭᠤᠯᠤᠭᠰᠠᠨ ᠮᠣᠩᠭᠣᠯ᠂ ᠬᠢᠲᠠᠳ᠂ ᠰᠣᠯᠣᠩᠭᠣᠰ ᠤᠯᠤᠰ ᠤᠳ ᠤᠨ ᠭᠠᠵᠠᠷ ᠨᠤᠲᠤᠭ ᠢ ᠡᠵᠡᠯᠡᠨ ᠣᠷᠣᠰᠢᠵᠤ ᠪᠠᠶᠢᠭᠰᠠᠨ ᠹᠧᠣᠳᠠᠯ ᠤᠨ ᠨᠡᠶᠢᠭᠡᠮᠳᠦ ᠬᠠᠭᠠᠨᠲᠤ ᠤᠯᠤᠰ ᠪᠠᠶᠢᠭᠰᠠᠨ ᠶᠤᠮ᠃ ᠲᠤᠰ ᠤᠯᠤᠰ ᠨᠢ ᠴᠢᠩᠭᠢᠰ ᠬᠠᠭᠠᠨ ᠤ ᠪᠠᠶᠢᠭᠤᠯᠤᠭᠰᠠᠨ᠂ ᠶᠡᠬᠡ ᠮᠣᠩᠭᠣᠯ ᠤᠯᠤᠰ ᠤᠨ ᠦᠷᠭᠦᠯᠵᠢᠯᠡᠯ ᠲᠤᠯᠠ ᠲᠡᠦᠬᠡᠨ ᠳ᠋ᠡᠬᠢ ᠬᠠᠮᠤᠭ ᠤᠨ ᠲᠣᠮᠣ ᠦᠷᠭᠦᠯᠵᠢᠯᠡᠭᠰᠡᠨ ᠭᠠᠵᠠᠷ ᠨᠤᠲᠤᠭ ᠲᠠᠢ ᠡᠵᠡᠨᠲᠦ ᠭᠦᠷᠦᠨ ᠢ ᠤᠳᠤᠷᠢᠳᠬᠤ ᠲᠥᠪ ᠨᠢ ᠪᠠᠶᠢᠭᠰᠠᠨ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠤᠸᠠᠨ ᠤᠯᠤᠰ ᠪᠠᠶᠢᠭᠤᠯᠤᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠥᠷᠪᠡᠨ ᠬᠠᠭᠠᠨᠲᠤ ᠤᠯᠤᠰ

1260 ᠣᠨ ᠳᠤ ᠬᠤᠪᠢᠯᠠᠢ ᠥᠪᠡᠷ ᠢ ᠪᠡᠨ ᠬᠠᠭᠠᠨ ᠳᠤ ᠡᠷᠭᠦᠮᠵᠢᠯᠡᠵᠦ᠂ ᠤᠯᠠᠮ ᠢᠶᠠᠷ 1267 ᠣᠨ ᠳᠤ ᠮᠣᠩᠭᠣᠯ ᠤᠨ ᠨᠡᠶᠢᠰᠯᠡᠯ ᠢ ᠬᠠᠷᠠᠬᠣᠷᠣᠮ ᠬᠣᠲᠠ ᠠᠴᠠ ᠵᠦᠩᠳᠦ (ᠳᠠᠶᠢᠳᠤ) (ᠣᠳᠣ ᠶᠢᠨ ᠪᠡᠭᠡᠵᠢᠩ ᠬᠣᠲᠠ ᠶᠢᠨ ᠪᠠᠷᠠᠭᠤᠨ ᠬᠣᠶᠢᠲᠤ ᠲᠠᠯ᠎ᠠ ᠳᠤ ᠪᠠᠶᠢᠭᠰᠠᠨ) ᠬᠣᠲᠠᠨ ᠳᠤ ᠰᠢᠯᠵᠢᠭᠦᠯᠪᠡ᠃ 1271 ᠣᠨ ᠳᠤ ᠶᠡᠬᠡ ᠮᠣᠩᠭᠣᠯ ᠤᠯᠤᠰ ᠤᠨ ᠨᠡᠷ᠎ᠡ ᠶᠢ ᠥᠭᠡᠷᠡᠴᠢᠯᠡᠵᠦ᠂ ᠶᠤᠸᠠᠨ ᠬᠡᠮᠡᠨ ᠨᠡᠷᠡᠶᠢᠳᠦᠭᠰᠡᠨ ᠢᠶᠡᠷ ᠮᠣᠩᠭᠣᠯ ᠤᠨ ᠡᠵᠡᠨᠲᠦ ᠭᠦᠷᠦᠨ ᠠᠯᠲᠠᠨ ᠣᠷᠳᠣ ᠬᠠᠭᠠᠨᠳᠤ ᠤᠯᠤᠰ ᠢᠯ ᠬᠠᠭᠠᠨᠲᠤ ᠤᠯᠤᠰᠴᠠᠭᠠᠳᠠᠢ ᠬᠠᠭᠠᠨᠲᠤ ᠤᠯᠤᠰᠶᠤᠸᠠᠨ ᠤᠯᠤᠰ ᠭᠡᠰᠡᠨ ᠳᠥᠷᠪᠡᠨ ᠬᠠᠭᠠᠨᠲᠤ ᠤᠯᠤᠰ ᠲᠤ ᠬᠤᠪᠢᠶᠠᠭᠳᠠᠪᠠ᠃

ᠬᠤᠪᠢᠯᠠᠢ ᠶᠢᠨ ᠳᠠᠷᠠᠭᠠᠬᠢ ᠦᠶ᠎ᠡ ᠶᠢᠨ ᠶᠤᠸᠠᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠤᠸᠠᠨ ᠭᠦᠷᠦᠨ ᠦ ᠮᠥᠩᠭᠥᠨ ᠲᠡᠮᠳᠡᠭᠲᠦ ᠪᠣᠯᠤᠨ ᠲᠠᠪᠠᠭ ᠲᠠᠮᠠᠭ᠎ᠠ︵至元宝钞︶

ᠬᠠᠭᠠᠨ ᠰᠢᠷᠡᠭᠡᠨ ᠦ ᠵᠠᠯᠭᠠᠮᠵᠢᠯᠠᠯ ᠨᠢ ᠶᠤᠸᠠᠨ ᠭᠦᠷᠦᠨ ᠳᠦ ᠲᠣᠮᠣᠬᠠᠨ ᠠᠰᠠᠭᠤᠳᠠᠯ ᠪᠣᠯᠵᠤ ᠪᠠᠶᠢᠭᠰᠠᠨ ᠪᠠ ᠬᠣᠵᠢᠮ ᠨᠢ ᠳᠣᠲᠣᠭᠠᠳᠤ ᠲᠡᠮᠡᠴᠡᠯ ᠪᠣᠯᠤᠨ ᠲᠣᠮᠣᠬᠠᠨ ᠮᠠᠷᠭᠤᠭᠠᠨ ᠤ ᠡᠬᠢ ᠡᠭᠦᠰᠪᠦᠷᠢ ᠪᠣᠯᠤᠭᠰᠠᠨ ᠶᠤᠮ᠃ ᠡᠨᠡ ᠨᠢ ᠬᠤᠪᠢᠯᠠᠢ ᠶᠢᠨ ᠬᠠᠭᠠᠨᠴᠢᠯᠠᠯ ᠲᠡᠭᠦᠰᠬᠦ ᠳᠦ ᠢᠯᠡᠷᠬᠡᠢ ᠪᠣᠯᠤᠭᠰᠠᠨ ᠶᠤᠮ᠃ ᠬᠤᠪᠢᠯᠠᠢ ᠠᠩᠬᠠᠨ ᠠᠴᠠ ᠪᠠᠨ ᠲᠡᠭᠦᠨ ᠦ ᠤᠤᠭᠠᠨ ᠬᠦᠦ ᠪᠣᠯᠬᠤ ᠴᠢᠩᠭᠢᠮ ᠶᠢᠡᠨ ᠬᠠᠭᠠᠨ ᠰᠢᠷᠡᠭᠡ ᠪᠡᠨ ᠵᠠᠯᠭᠠᠮᠵᠢᠯᠠᠭᠤᠯᠬᠤ ᠬᠦᠰᠡᠯ ᠲᠡᠢ ᠪᠠᠶᠢᠭᠰᠠᠨ ᠪᠣᠯᠪᠠᠴᠤ ᠭᠡᠪᠡᠴᠦ ᠴᠢᠩᠭᠢᠮ 1285 ᠣᠨ ᠳᠤ ᠬᠠᠭᠠᠨ ᠡᠴᠢᠭᠡ ᠡᠴᠡ ᠪᠡᠨ ᠡᠮᠦᠨ᠎ᠡ ᠲᠠᠭᠠᠯᠠᠯ ᠲᠡᠭᠦᠰᠦᠭᠰᠡᠨ᠃ ᠡᠶᠢᠮᠦ ᠡᠴᠡ ᠴᠢᠩᠭᠢᠮ ᠤᠨ ᠬᠦᠦ ᠪᠣᠯᠬᠤ ᠥᠯᠵᠡᠶᠢᠲᠦ ᠲᠡᠮᠦᠷ ᠬᠠᠭᠠᠨ ᠬᠤᠪᠢᠯᠠᠢ ᠬᠠᠭᠠᠨ ᠤ ᠦᠬᠦᠯ ᠡᠴᠡ ᠬᠣᠶᠢᠰᠢ 10 ᠭᠠᠷᠤᠢ ᠵᠢᠯ (1294 ᠍ ᠡᠴᠡ 1307 ᠣᠨ ᠤ ᠬᠣᠭᠣᠷᠣᠨᠳᠣ) ᠤᠯᠤᠰ ᠢᠶᠠᠨ ᠤᠳᠤᠷᠢᠳᠤᠭᠰᠠᠨ ᠶᠤᠮ᠃ ᠲᠡᠮᠦᠷ ᠬᠠᠭᠠᠨ ᠡᠪᠦᠭᠡ ᠡᠴᠢᠭᠡ ᠶᠢᠨ ᠢᠶᠡᠨ ᠬᠢᠭᠰᠡᠨ ᠮᠠᠰᠢ ᠶᠡᠬᠡ ᠠᠵᠢᠯ ᠤᠳ ᠢ ᠦᠷᠭᠦᠯᠵᠢᠯᠡᠭᠦᠯᠬᠦ ᠪᠡᠷ ᠵᠣᠷᠢᠭ ᠰᠢᠯᠤᠭᠤᠳᠠᠨ ᠰᠢᠢᠳᠦᠭᠰᠡᠨ ᠪᠥᠭᠡᠳ ᠮᠥᠨ ᠲᠡᠷᠡᠪᠡᠷ ᠮᠣᠩᠭᠣᠯ ᠤᠨ ᠪᠠᠷᠠᠭᠤᠨ ᠵᠦᠭ ᠲᠦ ᠤᠷᠤᠰᠢᠬᠤ ᠪᠤᠰᠤᠳ ᠬᠠᠭᠠᠨᠳᠤ ᠤᠯᠤᠰ ᠤᠳ ᠲᠠᠢ ᠡᠪ ᠨᠠᠶᠢᠷᠠᠮᠳᠠᠯ ᠤᠨ ᠬᠠᠷᠢᠯᠴᠠᠭ᠎ᠠ ᠲᠤᠭᠲᠠᠭᠠᠵᠠᠢ ᠃ ᠭᠡᠰᠡᠨ ᠬᠡᠳᠦᠢ ᠴᠤ ᠪᠤᠲᠠᠷᠠᠯ ᠡᠪ ᠨᠢᠭᠡᠳᠦᠯ ᠦᠭᠡᠢ ᠪᠠᠶᠢᠳᠠᠯ ᠲᠡᠮᠦᠷ ᠬᠠᠭᠠᠨ ᠤ ᠬᠠᠭᠠᠨᠴᠢᠯᠠᠯ ᠠᠴᠠ ᠡᠬᠢᠯᠡᠭᠰᠡᠨ ᠪᠠᠶᠢᠨ᠎ᠠ᠃ ᠲᠡᠭᠦᠨ ᠦ ᠬᠠᠭᠠᠨᠴᠢᠯᠠᠯ ᠤᠨ ᠵᠢᠯ ᠦᠳ ᠲᠦ ᠥᠷᠨᠢᠭᠰᠡᠨ ᠬᠠᠮᠤᠭ ᠤᠨ ᠲᠣᠮᠣ ᠦᠯᠢ ᠶᠠᠪᠤᠳᠠᠯ ᠨᠢ ᠬᠠᠶᠢᠳᠤ  ᠵᠢᠨ ᠲᠡᠮᠡᠴᠡᠯ ᠢ ᠪᠦ᠋ᠷᠢᠮᠦᠰᠦᠨ ᠳᠠᠷᠤᠵᠤ ᠴᠢᠳᠠᠭᠰᠠᠨ ᠦᠢᠯᠡ ᠶᠠᠪᠤᠳᠠᠯ ᠶᠤᠮ᠃ ᠬᠠᠶᠢᠰᠠᠩ ᠬᠦᠯᠦᠭ ᠬᠠᠭᠠᠨ ᠲᠡᠮᠦᠷ ᠬᠠᠭᠠᠨ ᠢ ᠲᠠᠭᠠᠯᠠᠯ ᠲᠡᠭᠦᠰᠦᠭᠰᠡᠨ ᠦ ᠳᠠᠷᠠᠭ᠎ᠠ ᠶᠤᠸᠠᠨ ᠤᠯᠤᠰ ᠤᠨ ᠬᠠᠭᠠᠨ ᠪᠣᠯᠵᠠᠢ᠃ ᠲᠡᠷᠡ ᠪᠡᠷ ᠬᠤᠪᠢᠯᠠᠢ ᠬᠠᠭᠠᠨ ᠤ ᠠᠵᠢᠯ ᠢ ᠦᠷᠭᠦᠯᠵᠢᠯᠡᠭᠦᠯᠬᠦ ᠶᠢ ᠪᠠᠶᠢᠲᠤᠭᠠᠢ ᠬᠠᠷᠢᠨ ᠴᠤ ᠡᠰᠡᠷᠭᠦ ᠪᠡᠷ ᠢᠶᠡᠨ ᠲᠡᠭᠦᠨ ᠦ ᠬᠢᠭᠰᠡᠨ ᠵᠦᠢᠯ ᠢ ᠨᠤᠷᠠᠭᠠᠵᠠᠢ᠃ ᠲᠦᠷ ᠵᠠᠭᠤᠷ᠎ᠠ ᠶᠢᠨ ᠬᠠᠭᠠᠨᠴᠢᠯᠠᠯ ᠤᠨ (1307 ᠍ ᠠᠴᠠ 1311 ᠬᠦᠷᠲᠡᠯ᠎ᠡ) ᠦᠶ᠎ᠡ ᠳᠦ ᠶᠤᠸᠠᠨ ᠭᠦᠷᠦᠨ ᠡᠳ᠍᠋  ᠦᠨ ᠵᠠᠰᠠᠭ  ᠦᠨ ᠪᠡᠷᠬᠡᠰᠢᠶᠠᠯ ᠤᠳ ᠲᠡᠢ ᠲᠤᠯᠭᠠᠷᠴᠤ ᠡᠬᠢᠯᠡᠭᠰᠡᠨ ᠨᠢ ᠬᠠᠶᠢᠰᠠᠩ ᠬᠦᠯᠦᠭ ᠬᠠᠭᠠᠨ ᠤ ᠬᠢᠭᠰᠡᠨ ᠵᠠᠷᠢᠮ ᠵᠦᠢᠯ ᠦᠳ ᠲᠡᠢ ᠬᠣᠯᠪᠣᠭ᠎ᠠ ᠲᠠᠢ ᠪᠠᠶᠢᠭᠰᠠᠨ᠃ ᠬᠠᠶᠢᠰᠠᠩ ᠬᠦᠯᠦᠭ ᠬᠠᠭᠠᠨ ᠢ ᠨᠠᠰᠤ ᠨᠥᠭᠴᠢᠬᠦ ᠦᠶ᠎ᠡ ᠳᠦ᠂ ᠶᠤᠸᠠᠨ ᠤᠯᠤᠰ ᠤᠨ ᠰᠠᠩ ᠬᠥᠮᠦᠷᠢᠭᠡ ᠬᠣᠭᠣᠰᠣᠷᠠᠵᠤ ᠮᠠᠰᠢ ᠶᠡᠬᠡ ᠥᠷᠢᠨ ᠳᠦ ᠣᠷᠤᠭᠠᠳ ᠪᠠᠶᠢᠭᠰᠠᠨ ᠪᠠ ᠶᠤᠸᠠᠨ ᠭᠦᠷᠦᠨ ᠦ ᠤᠯᠤᠰ ᠲᠥᠷᠥ ᠶᠢᠨ ᠲᠣᠭᠲᠠᠪᠤᠷᠢ ᠦᠭᠡᠢ ᠪᠠᠶᠢᠳᠠᠯ ᠤᠨ ᠡᠬᠢ ᠡᠭᠦᠰᠪᠦᠷᠢ ᠶᠢ ᠲᠠᠯᠪᠢᠭᠰᠠᠨ ᠪᠢᠯᠡ᠃

ᠠᠶᠤᠤᠷᠪᠠᠷᠪᠠᠳ ᠪᠤᠶᠠᠨᠲᠤ ᠬᠠᠭᠠᠨ ᠤ ᠵᠠᠰᠠᠭᠯᠠᠯ ᠤᠨ ᠦᠶ᠎ᠡ ᠳᠦ ᠤᠯᠤᠰ ᠣᠷᠣᠨ ᠨᠢᠭᠡ ᠦᠶ᠎ᠡ ᠠᠬᠢᠨ ᠰᠡᠷᠭᠦᠨ᠂ ᠤᠯᠤᠰ ᠲᠥᠷᠥ ᠶᠢᠨ ᠪᠠᠶᠢᠳᠠᠯ ᠲᠣᠭᠲᠠᠪᠤᠷᠢᠵᠢᠵᠤ ᠡᠬᠢᠯᠡᠭᠰᠡᠨ ᠴᠤ ᠠᠶᠤᠤᠷᠪᠠᠷᠪᠠᠳ ᠬᠠᠭᠠᠨ ᠤ ᠤᠷᠢᠳ ᠠᠬ᠎ᠠ ᠳᠤ ᠪᠠᠨ ᠠᠮᠠᠯᠤᠭᠰᠠᠨ ᠠᠮᠠᠯᠠᠯᠲᠠᠨ ᠠᠴᠠ ᠪᠠᠨ ᠪᠤᠴᠠᠨ ᠥᠪᠡᠷ ᠦᠨ ᠬᠦᠦ ᠪᠡᠨ ᠬᠤᠩ ᠲᠠᠶᠢᠵᠢ ᠪᠣᠯᠭᠠᠭᠰᠠᠨ ᠨᠢ ᠶᠤᠸᠠᠨ ᠤᠯᠤᠰ ᠲᠤ ᠥᠷᠨᠢᠬᠦ ᠳᠣᠲᠣᠭᠠᠳᠤ ᠶᠢᠨ ᠤᠯᠤᠰ ᠲᠥᠷᠥ ᠶᠢᠨ ᠬᠢᠮᠤᠷᠠᠯ ᠤᠨ ᠡᠬᠢᠯᠡᠯ ᠢ ᠲᠠᠯᠪᠢᠭᠰᠠᠨ ᠦᠢᠯᠡᠳᠦᠯ ᠪᠣᠯᠤᠭᠰᠠᠨ᠃ ᠲᠤᠰ ᠬᠠᠭᠠᠨ ᠢ ᠨᠠᠰᠤ ᠪᠠᠷᠠᠭᠰᠠᠨ ᠤ ᠳᠠᠷᠠᠭ᠎ᠠ ᠲᠡᠭᠦᠨ ᠦ ᠬᠦᠦ ᠰᠢᠳᠡᠪᠡᠯᠡ ᠬᠠᠭᠠᠨ ᠰᠠᠭᠤᠭᠠᠳ 2 ᠵᠢᠯ ᠦᠨ ᠳᠠᠷᠠᠭ᠎ᠠ ᠲᠡᠭᠰᠢ ᠨᠣᠶᠠᠨ  ᠶᠢᠡᠷ ᠲᠣᠯᠣᠭᠠᠶᠢᠯᠠᠭᠤᠯᠤᠭᠰᠠᠨ ᠪᠣᠰᠤᠭᠴᠢᠳ ᠲᠤ ᠬᠣᠷᠣᠭᠠᠭᠳᠠᠭᠰᠠᠨ᠃ ᠲᠡᠭᠦᠨ ᠦ ᠳᠠᠷᠠᠭ᠎ᠠ ᠵᠢᠨ ᠸᠠᠩ ᠶᠢᠰᠦᠨᠲᠡᠮᠦᠷ ᠬᠠᠭᠠᠨ ᠰᠠᠭᠤᠳᠠᠯ ᠳᠤ ᠰᠠᠭᠤᠪᠠ᠃ ᠡᠨᠡ ᠬᠠᠭᠠᠨ ᠤ ᠦᠶ᠎ᠡ ᠳᠦ ᠶᠤᠸᠠᠨ ᠤᠯᠤᠰ ᠬᠠᠷᠢᠴᠠᠩᠭᠤᠢ ᠠᠮᠤᠷ ᠲᠠᠶᠢᠪᠤᠩ ᠪᠠᠶᠢᠭᠰᠠᠨ ᠴᠤ 1328 ᠣᠨ ᠳᠤ ᠶᠢᠰᠦᠨᠲᠡᠮᠦᠷ ᠬᠠᠭᠠᠨ ᠲᠠᠭᠠᠯᠠᠯ ᠲᠡᠭᠦᠰᠬᠦ ᠳᠦ ᠶᠤᠸᠠᠨ ᠤᠯᠤᠰ ᠲᠤ ᠢᠷᠭᠡᠨ ᠦ ᠳᠠᠶᠢᠨ ᠳᠡᠭᠳᠡᠨ ᠦᠢ ᠣᠯᠠᠨ ᠬᠦᠮᠦᠨ ᠦ ᠠᠮᠢ  ᠵᠢ ᠠᠪᠴᠤ ᠣᠳᠤᠭᠰᠠᠨ ᠲᠡᠮᠡᠴᠡᠯ 10 ᠭᠠᠷᠤᠢ ᠵᠢᠯ ᠥᠷᠨᠢᠵᠦ᠂ ᠤᠭ ᠤᠯᠤᠰ ᠤᠨ ᠪᠠᠶᠢᠳᠠᠯ ᠲᠤᠶᠢᠯ ᠤᠨ ᠲᠣᠭᠲᠠᠪᠤᠷᠢ ᠦᠭᠡᠢ ᠪᠣᠯᠵᠤ ᠢᠷᠡᠭᠰᠡᠨ᠃

ᠶᠤᠸᠠᠨ ᠤᠯᠤᠰ ᠤᠨ ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1350 ᠍ ᠊ᠭᠠᠳ ᠣᠨ ᠠᠴᠠ ᠶᠤᠸᠠᠨ ᠤᠯᠤᠰ ᠤᠨ ᠲᠤᠲᠤᠭᠠᠳᠤ ᠳᠤ ᠲᠣᠮᠣᠬᠠᠨ ᠪᠣᠰᠤᠯᠭ᠎ᠠ ᠬᠥᠳᠡᠯᠭᠡᠭᠡᠨ ᠨᠦᠭᠦᠳ ᠭᠠᠷᠴᠤ ᠡᠬᠢᠯᠡᠭᠰᠡᠨ᠃ ᠲᠡᠳᠡᠭᠡᠷ ᠡᠴᠡ ᠬᠠᠮᠤᠭ ᠤᠨ ᠠᠯᠳᠠᠷᠲᠠᠢ ᠨᠢ ᠤᠯᠠᠭᠠᠨ ᠠᠯᠴᠢᠭᠤᠷᠲᠠᠨ ᠤ ᠪᠣᠰᠤᠯᠭ᠎ᠠ ᠶᠤᠮ᠃ ᠲᠤᠰ ᠪᠣᠰᠤᠯᠭ᠎ᠠ ᠨᠢ ᠣᠳᠣ ᠶᠢᠨ ᠠᠨᠾᠦ᠋ᠢᠵᠢᠶᠠᠩᠰᠤᠵᠢᠵᠢᠩᠶᠨᠨᠠᠨᠢᠰᠸᠴᠤᠸᠠᠨ ᠱᠠᠨᠳᠦ᠋ᠩ ᠬᠢᠨᠠᠨᠢᠬᠤᠪᠸᠢ ᠵᠡᠷᠭᠡ ᠮᠤᠵᠢ ᠤᠳ ᠶᠢ ᠬᠠᠮᠤᠷᠤᠭᠰᠠᠨ᠃ ᠠᠩᠬ᠎ᠠ ᠬᠠᠨ ᠱᠢ ᠲᠤᠩᠯᠦᠢ ᠹᠦ᠋ ᠲᠤᠩᠨᠠᠷ ᠲᠤᠰ ᠪᠣᠰᠤᠯᠭ᠎ᠠ ᠶᠢ ᠥᠳᠥᠭᠡᠭᠰᠡᠨ᠃ ᠶᠠᠪᠤᠭᠠᠨ ᠳᠠᠭᠠᠨ ᠬᠦᠴᠦ ᠨᠢ ᠨᠡᠮᠡᠭᠳᠡᠭᠰᠡᠭᠡᠷ 1368 ᠣᠨ ᠳᠤ ᠶᠤᠸᠠᠨ ᠤᠯᠤᠰ ᠍ ᠢ ᠮᠥᠬᠥᠭᠡᠬᠦ ᠳᠦ ᠭᠣᠣᠯ ᠨᠥᠯᠥᠭᠡ ᠦᠵᠡᠭᠦᠯᠦᠭᠰᠡᠨ᠃

ᠶᠤᠸᠠᠨ ᠤᠯᠤᠰ ᠤᠨ ᠰᠡᠭᠦᠯ ᠦᠨ ᠬᠠᠭᠠᠨ ᠲᠤᠭᠤᠭᠠᠨᠲᠡᠮᠦᠷ ᠬᠠᠭᠠᠨ ᠦ ᠦᠶ᠎ᠡ ᠳᠦ ᠪᠣᠰᠤᠯᠭ᠎ᠠ ᠬᠥᠳᠡᠯᠭᠡᠭᠡᠨ ᠵᠢᠯ ᠠᠯᠭᠠᠰᠠᠯ ᠦᠭᠡᠢ ᠭᠠᠷᠴᠤ᠂ ᠶᠡᠬᠡᠰ ᠨᠣᠶᠠᠳ ᠤᠨ ᠵᠥᠷᠢᠴᠡᠯ ᠳᠡᠭᠡᠳᠦ ᠴᠡᠭ ᠲᠦ ᠪᠡᠨ ᠲᠤᠯᠵᠤ᠂ ᠤᠯᠤᠰ ᠣᠷᠣᠨ ᠰᠠᠮᠠᠭᠤᠷᠴᠤ ᠪᠠᠶᠢᠭᠰᠠᠭᠠᠷ 1368 ᠣᠨ ᠳᠤ ᠶᠤᠸᠠᠨ ᠤᠯᠤᠰ ᠮᠥᠬᠥᠵᠦ᠂ ᠮᠣᠩᠭᠣᠯᠴᠤᠳ ᠪᠤᠴᠠᠨ ᠢᠷᠡᠭᠰᠡᠨ᠃

ᠶᠤᠸᠠᠨ ᠭᠦᠷᠦᠨ ᠦ ᠦᠶ᠎ᠡ ᠶᠢᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠤᠸᠠᠨ ᠤᠯᠤᠰ ᠤᠨ ᠮᠥᠩᠭᠥᠨ ᠵᠣᠭᠤᠰ

ᠬᠤᠪᠢᠯᠠᠢ ᠬᠠᠭᠠᠨ ᠤ ᠲᠥᠷᠥ ᠪᠠᠷᠢᠭᠰᠠᠨ ᠡᠬᠢᠨ ᠦ ᠵᠢᠯ ᠦᠳ ᠡᠴᠡ ᠬᠢᠲᠠᠳ ᠨᠤᠲᠤᠭ ᠢ ᠵᠠᠬᠢᠷᠬᠤ ᠶᠢᠨ ᠲᠤᠯᠠᠳᠠ ᠥᠭᠡᠳᠡᠢ ᠬᠠᠭᠠᠨ ᠤ ᠬᠠᠭᠤᠴᠢᠨ ᠪᠠᠶᠢᠭᠰᠠᠨ ᠵᠠᠬᠢᠷᠭ᠎ᠠ᠂ ᠬᠢᠲᠠᠳ ᠤᠨ ᠤᠯᠠᠮᠵᠢᠯᠠᠯᠲᠤ ᠵᠠᠰᠠᠭᠯᠠᠯ ᠤᠨ ᠬᠡᠯᠪᠡᠷᠢ ᠶᠢ ᠦᠨᠳᠦᠰᠦᠯᠡᠭᠡᠳ 1260-1272 ᠣᠨ ᠨᠤᠭᠤᠳ ᠤᠨ ᠬᠣᠭᠣᠷᠣᠨᠳᠣ ᠳᠠᠷᠠᠭᠠᠬᠢ ᠪᠠᠶᠢᠳᠠᠯ ᠢᠶᠠᠷ ᠵᠣᠬᠢᠶᠠᠨ ᠪᠠᠶᠢᠭᠤᠯᠤᠭᠰᠠᠨ᠃

ᠶᠡᠬᠡ ᠬᠠᠭᠠᠨ
ᠢᠦᠢ ᠱᠢ ᠲᠠᠢ ᠵᠦᠩ ᠱᠦᠦ ᠱᠸᠩ ᠱᠦᠦ ᠮᠢ ᠶᠤᠸᠠᠨ
ᠰᠢᠩ ᠢᠦᠢ ᠱᠢ ᠲᠠᠢ ᠰᠠᠩ ᠤᠨ ᠶᠠᠮᠤᠨ ᠶᠣᠰᠣᠯᠠᠯ ᠤᠨ ᠶᠠᠮᠤᠨ ᠦᠢᠯᠡᠳᠪᠦᠷᠢᠯᠡᠬᠦ ᠶᠠᠮᠤᠨ ᠰᠢᠩ ᠱᠦᠦ ᠮᠢ ᠶᠤᠸᠠᠨ
ᠴᠡᠷᠢᠭ ᠦᠨ ᠶᠠᠮᠤᠨ ᠰᠢᠭᠦᠬᠦ ᠶᠠᠮᠤᠨ ᠲᠦᠰᠢᠮᠡᠯ ᠦᠨ ᠶᠠᠮᠤᠨ
ᠰᠢᠩ ᠵᠦᠩ ᠱᠦᠦ ᠱᠸᠩ

ᠶᠤᠸᠠᠨ ᠤᠯᠤᠰ ᠤᠨ ᠬᠠᠮᠤᠭ ᠤᠨ ᠳᠡᠭᠡᠳᠦ ᠡᠷᠬᠡ ᠮᠡᠳᠡᠯ ᠢ ᠬᠠᠭᠠᠨ ᠬᠢᠵᠠᠭᠠᠷᠯᠠᠯᠲᠠ ᠦᠭᠡᠢ ᠪᠡᠷ ᠪᠠᠷᠢᠬᠤ ᠪᠥᠭᠡᠳ ᠲᠥᠪᠯᠡᠨ ᠵᠠᠰᠠᠬᠤ ᠶᠠᠮᠤᠨ ᠳᠤ ᠰᠠᠩ ᠤᠨ ᠶᠠᠮᠤᠨ᠂ ᠶᠣᠰᠣᠯᠠᠯ ᠤᠨ ᠶᠠᠮᠤᠨ᠂ ᠴᠡᠷᠢᠭ ᠦᠨ ᠶᠠᠮᠤᠨ᠂ ᠰᠢᠭᠦᠬᠦ ᠶᠢᠨ ᠶᠠᠮᠤᠨ᠂ ᠦᠢᠯᠡᠳᠪᠦᠷᠢᠯᠡᠬᠦ ᠶᠠᠮᠤᠨ ᠵᠡᠷᠭᠡ 6 ᠶᠠᠮᠤᠨ ᠬᠠᠷᠢᠶᠠᠯᠠᠭᠳᠠᠵᠤ ᠪᠠᠶᠢᠪᠠ᠃

ᠨᠢᠭᠤᠴᠠ ᠪᠢᠴᠢᠭ ᠦᠨ ᠶᠠᠮᠤᠨᠵᠠᠷᠭᠤ ᠰᠢᠳᠭᠡᠬᠦ ᠶᠠᠮᠤᠨ ᠭᠡᠬᠦ ᠭᠤᠷᠪᠠᠨ ᠪᠡᠶ᠎ᠡ ᠪᠡᠨ ᠳᠠᠭᠠᠭᠰᠠᠨ ᠬᠠᠷᠢᠯᠴᠠᠨ ᠬᠢᠨᠠᠯᠲᠠ ᠲᠠᠯᠪᠢᠬᠤ ᠡᠭᠦᠷᠭᠡ ᠬᠦᠯᠢᠶᠡᠭᠰᠡᠨ ᠶᠠᠮᠤᠨ ᠳᠦ ᠠᠵᠢᠯᠯᠠᠵᠤ ᠪᠠᠶᠢᠭᠰᠠᠨ᠃ ᠡᠳᠡᠭᠡᠷ ᠡᠴᠡ ᠳᠣᠲᠣᠭᠠᠳᠤ ᠪᠢᠴᠢᠭ ᠦᠨ ᠶᠠᠮᠤᠨ ᠨᠢ ᠭᠣᠣᠯᠯᠠᠬᠤ ᠪᠠᠶᠢᠷᠢ ᠰᠠᠭᠤᠷᠢ ᠲᠠᠢ ᠪᠠᠶᠢᠭᠰᠠᠨ᠃ ᠲᠤᠰ ᠶᠠᠮᠤᠨ ᠢ ᠵᠠᠷᠢᠮ ᠦᠶ᠎ᠡ ᠳᠦ ᠬᠤᠩᠲᠠᠶᠢᠵᠢ ᠵᠦᠩ ᠱᠦᠦ ᠯᠢᠩ ᠪᠤᠶᠤ ᠡᠷᠬᠢᠯᠡᠭᠰᠡᠨ ᠰᠠᠶᠢᠳ ᠤᠨ ᠠᠯᠪᠠᠨ ᠲᠤᠰᠢᠶᠠᠯ ᠢ ᠬᠠᠰᠢᠵᠤ᠂ ᠲᠡᠭᠦᠨ ᠦ ᠳᠣᠣᠷ᠎ᠠ ᠬᠣᠶᠠᠷ ᠴᠡᠩᠰᠢᠶᠠᠩ ᠪᠠᠶᠢᠳᠠᠭ ᠪᠠᠶᠢᠯ᠎ᠠ᠃ ᠭᠡᠬᠦ ᠳᠦ ᠪᠡᠨ ᠡᠷᠬᠢᠯᠡᠭᠰᠡᠨ ᠰᠠᠶᠢᠳ ᠭᠡᠳᠡᠭ ᠨᠢ ᠪᠠᠶᠢᠩᠭᠤ ᠶᠢᠨ ᠪᠤᠰᠤ ᠲᠦᠷ ᠣᠷᠣᠨ ᠲᠣᠭ᠎ᠠ ᠶᠤᠮ᠃ ᠡᠨᠡ ᠨᠢ ᠬᠤᠩᠲᠠᠶᠢᠵᠢ ᠨᠠᠰᠤ ᠪᠠᠷᠠᠬᠤ᠂ ᠬᠠᠭᠠᠨ ᠪᠣᠯᠬᠤ ᠦᠶ᠎ᠡ ᠳᠦ ᠠᠷᠢᠯᠭᠠᠳᠠᠭ ᠪᠠᠶᠢᠭᠰᠠᠨ᠃

ᠶᠤᠸᠠᠨ ᠤᠯᠤᠰ ᠤᠨ ᠦᠶ᠎ᠡ ᠳᠦ ᠳᠣᠷᠵᠢ ᠬᠤᠩᠲᠠᠶᠢᠵᠢ (1261-1263)᠂ ᠴᠢᠩᠭᠢᠮ ᠬᠤᠩᠲᠠᠶᠢᠵᠢ (1273-1286)᠂ ᠪᠤᠶᠠᠨᠲᠤ ᠬᠠᠭᠠᠨ (1307-1311)᠂ ᠭᠡᠭᠡᠨ ᠬᠠᠭᠠᠨ (1316-1320) ᠨᠠᠷ ᠤᠭ ᠲᠤᠰᠢᠶᠠᠯ ᠢ ᠬᠠᠰᠢᠵᠤ ᠪᠠᠶᠢᠭᠰᠠᠨ᠃ ᠲᠥᠪᠯᠡᠨ ᠵᠠᠰᠠᠬᠤ ᠶᠠᠮᠤᠨ ᠤ ᠡᠷᠬᠢᠯᠡᠭᠰᠡᠨ ᠰᠠᠶᠢᠳ ᠤᠨ ᠳᠠᠷᠠᠭ᠎ᠠ ᠪᠠᠷᠠᠭᠤᠨ᠂ ᠵᠡᠭᠦᠨ ᠡᠲᠡᠭᠡᠳ ᠦᠨ ᠲᠡᠷᠢᠭᠦᠯᠡᠭᠰᠡᠨ ᠰᠠᠶᠢᠳ ᠴᠡᠩᠰᠢᠶᠠᠩ ᠨᠠᠷ ᠣᠷᠣᠵᠤ ᠪᠠᠶᠢᠵᠠᠢ᠃ ᠪᠠᠷᠠᠭᠤᠨ ᠡᠲᠡᠭᠡᠳ ᠦᠨ ᠰᠠᠶᠢᠳ ᠨᠢ ᠵᠡᠭᠦᠨ ᠦ ᠬᠢ ᠡᠴᠡ ᠢᠯᠡᠭᠦᠦ ᠡᠷᠬᠡ ᠮᠡᠳᠡᠯ ᠲᠡᠢ ᠪᠠᠶᠢᠪᠠ᠃ ᠲᠡᠷᠢᠭᠦᠨ ᠰᠠᠶᠢᠳ ᠤᠨ ᠳᠣᠣᠷ᠎ᠠ ᠴᠡᠷᠢᠭ ᠤᠯᠤᠰ ᠤᠨ ᠬᠦᠨᠳᠦ ᠬᠡᠷᠡᠭ ᠢ ᠲᠡᠭᠰᠢᠯᠡᠨ ᠵᠠᠰᠠᠭᠴᠢ ᠬᠡᠮᠡᠬᠦ ᠳᠥᠷᠪᠡᠨ ᠰᠠᠶᠢᠳ᠂ ᠵᠠᠰᠠᠭᠴᠢ ᠲᠤᠰᠠᠯᠠᠭᠴᠢ ᠲᠦᠰᠢᠮᠡᠯ ᠪᠠᠶᠢᠪᠠ᠃

ᠲᠡᠭᠦᠨ ᠦ ᠳᠠᠷᠠᠭ᠎ᠠ ᠦᠢᠯᠡ ᠲᠠᠰᠤᠯᠬᠤ ᠶᠠᠮᠤᠨᠨᠢ ᠴᠡᠷᠢᠭ ᠦᠨ ᠦᠢᠯᠡ ᠶᠢ ᠬᠠᠷᠢᠭᠤᠴᠠᠵᠤ᠂ ᠳᠠᠶᠢᠨ ᠵᠠᠷᠯᠠᠬᠤ᠂ ᠴᠡᠷᠢᠭ ᠦᠨ ᠪᠦᠷᠢᠳᠬᠡᠯ᠂ ᠴᠡᠷᠢᠭ ᠢ ᠣᠷᠣᠨ ᠨᠤᠲᠤᠭ ᠲᠤ ᠲᠠᠷᠠᠭᠠᠨ ᠰᠠᠭᠤᠯᠭᠠᠬᠤ ᠭᠡᠬᠦ ᠮᠡᠲᠦ ᠠᠰᠠᠭᠤᠳᠠᠯ ᠢ ᠬᠠᠷᠢᠭᠤᠴᠠᠵᠤ ᠪᠠᠶᠢᠭᠰᠠᠨ ᠪᠥᠭᠡᠳ ᠵᠥᠪᠬᠡᠨ ᠬᠠᠭᠠᠨ ᠳᠤ ᠰᠢᠭᠤᠳ ᠵᠠᠬᠢᠷᠤᠭᠳᠠᠬᠤ ᠱᠦᠦ ᠮᠢ ᠱᠢ ᠲᠦᠰᠢᠮᠡᠯ ᠵᠠᠬᠢᠷᠳᠠᠭ ᠪᠠᠶᠢᠴᠠᠢ᠃

ᠢᠦᠢ ᠱᠢ ᠲᠠᠢ ᠪᠤᠶᠤ ᠵᠠᠷᠭᠤ ᠰᠢᠳᠭᠡᠬᠦ ᠶᠠᠮᠤᠨ ᠨᠢ ᠲᠦᠰᠢᠮᠡᠳ ᠦᠨ ᠠᠯᠪᠠᠨ ᠳᠤ ᠨᠢ ᠬᠢᠨᠠᠯᠲᠠ ᠲᠠᠯᠪᠢᠵᠤ ᠳᠡᠪᠰᠢᠭᠦᠯᠬᠦ ᠶᠠᠭᠤᠮᠤ ᠪᠠᠭᠤᠷᠠᠭᠤᠯᠬᠤ ᠡᠰᠡᠬᠦ ᠶᠢ ᠲᠣᠭᠲᠠᠭᠠᠬᠤ᠂ ᠰᠢᠭᠦᠨ ᠲᠠᠰᠤᠯᠬᠤ᠂ ᠵᠠᠷᠭᠤ ᠬᠡᠯᠡᠯᠴᠡᠬᠦ ᠠᠰᠠᠭᠤᠳᠠᠯ ᠢ ᠬᠠᠮᠢᠶᠠᠷᠴᠤ ᠪᠠᠶᠢᠭᠰᠠᠨ᠃ ᠡᠨᠡᠬᠦ ᠬᠣᠶᠠᠷ ᠶᠠᠮᠤᠳ ᠨᠢ ᠮᠥᠨ ᠠᠳᠠᠯᠢ ᠣᠷᠣᠨ ᠨᠤᠲᠤᠭ ᠲᠤ ᠰᠠᠯᠪᠤᠷᠢ ᠲᠠᠢ ᠪᠠᠶᠢᠭᠰᠠᠨ ᠠᠴᠠ ᠭᠠᠳᠠᠨ᠎ᠠ ᠲᠤᠰ ᠪᠦᠷᠢ ᠶᠢ ᠬᠠᠷᠢᠭᠤᠴᠠᠭᠰᠠᠨ ᠲᠦᠰᠢᠮᠡᠯ ᠲᠣᠮᠢᠯᠠᠵᠤ ᠪᠠᠶᠢᠭᠰᠠᠨ᠃

ᠮᠥᠨ ᠡᠳᠡᠭᠡᠷ ᠡᠴᠡ ᠭᠠᠳᠠᠨ᠎ᠠ 20 ᠭᠠᠷᠤᠢ ᠶᠠᠮᠤᠨ ᠲᠣᠪᠴᠢᠶ᠎ᠠ ᠳᠤ ᠪᠠᠶᠢᠭᠤᠯᠤᠭᠳᠠᠵᠤ ᠪᠠᠶᠢᠭᠰᠠᠨ᠃

ᠶᠤᠸᠠᠨ ᠤᠯᠤᠰ ᠤᠨ ᠰᠤᠳᠤᠷ ᠲᠤ ᠪᠢᠴᠢᠭᠰᠡᠨ ᠢᠶᠡᠷ ᠵᠠᠰᠠᠭ ᠵᠠᠬᠢᠷᠭᠠᠨ ᠤ ᠬᠤᠪᠢᠶᠠᠷᠢ ᠪᠠᠶᠢᠩᠭᠤ ᠥᠭᠡᠷᠡᠴᠢᠯᠡᠭᠳᠡᠵᠦ ᠪᠠᠶᠢᠭᠰᠠᠨ ᠪᠥᠭᠡᠳ 1330 ᠣᠨ ᠤ ᠪᠠᠶᠢᠳᠠᠯ ᠢᠶᠠᠷ ᠲᠥᠪᠯᠡᠨ ᠵᠠᠰᠠᠬᠤ ᠲᠥᠯᠥᠭᠡᠨ ᠦ ᠶᠠᠮᠤᠨ-11᠂ ᠵᠠᠮ (ᠯᠤ᠋)-185᠂ ᠹᠦ᠋-33᠂ ᠵᠸᠦ- 359᠂ ᠰᠢᠶᠠᠨ-1127 ᠪᠠᠶᠢᠵᠠᠢ᠃ ᠠᠭᠤᠭᠠᠯ ᠮᠣᠩᠭᠣᠯ ᠨᠤᠲᠤᠭ ᠲᠤ ᠵᠠᠰᠠᠭ ᠵᠠᠬᠢᠷᠭᠠᠨ ᠤ ᠬᠤᠪᠢᠶᠠᠷᠢ ᠥᠭᠡᠷᠡᠴᠢᠯᠡᠭᠳᠡᠭᠰᠡᠨ ᠦᠭᠡᠢ᠃ ᠬᠠᠤᠯᠢ ᠴᠠᠭᠠᠵᠠ ᠨᠢ ᠲᠥᠷᠥ ᠶᠢᠨ ᠠᠰᠠᠭᠤᠳᠠᠯ ᠢ ᠵᠣᠬᠢᠴᠠᠭᠤᠯᠬᠤ ᠳᠤ ᠴᠢᠭᠯᠡᠭᠰᠡᠨ ᠳᠦᠷᠢᠮ ᠵᠢᠷᠤᠮ ᠪᠠᠶᠢᠯ᠎ᠠ᠃ ᠶᠤᠸᠠᠨ ᠭᠦᠷᠦᠨ ᠦ ᠦᠶ᠎ᠡ ᠳᠦ ᠵᠠᠰᠠᠭ ᠵᠠᠬᠢᠷᠭᠠᠨ ᠤ ᠬᠠᠮᠤᠭ ᠤᠨ ᠲᠣᠮᠣ ᠨᠢᠭᠡᠴᠡ ᠨᠢ 《 ᠮᠤᠵᠢ》 ᠪᠠᠶᠢᠪᠠ᠃ ᠮᠤᠵᠢ ᠶᠢ ᠳᠣᠲᠣᠷ᠎ᠠ ᠨᠢ᠄

ᠳᠣᠲᠣᠭᠠᠳᠤ ᠮᠤᠵᠢ᠄ ᠳᠣᠲᠣᠭᠠᠳᠤ ᠮᠤᠵᠢ ᠨᠢ ᠲᠥᠪᠯᠡᠨ ᠵᠠᠰᠠᠬᠤ ᠶᠠᠮᠤᠨ ᠳᠤ ᠰᠢᠭᠤᠳ ᠵᠠᠬᠢᠷᠤᠭᠳᠠᠳᠠᠭ ᠾᠧᠪᠧᠢ᠂ ᠱᠠᠨᠳᠦ᠋ᠩ᠂ ᠱᠠᠨᠰᠢ ᠭᠤᠷᠪᠠᠨ ᠮᠤᠵᠢ ᠶᠢ ᠪᠠᠭᠲᠠᠭᠠᠵᠤ ᠪᠠᠶᠢᠭᠰᠠᠨ᠃

ᠭᠠᠳᠠᠭᠠᠳᠤ ᠮᠤᠵᠢ᠄ ᠬᠠᠷᠢᠨ ᠭᠠᠳᠠᠭᠠᠳᠤ ᠮᠤᠵᠢ ᠨᠢ ᠨᠡᠶᠢᠲᠡ ᠨᠡᠶᠢᠰᠯᠡᠯ ᠬᠣᠲᠠ ᠠᠴᠠ ᠠᠯᠤᠰᠯᠠᠭᠳᠠᠭᠰᠠᠨ ᠪᠤᠰᠤᠳ ᠮᠤᠵᠢ ᠶᠢ ᠬᠡᠯᠡᠵᠦ ᠪᠠᠶᠢᠭᠰᠠᠨ᠃ ᠡᠭᠦᠨ ᠳᠦ᠄

  1. ᠳᠠᠪᠠᠭ᠎ᠠ ᠶᠢᠨ ᠠᠷᠤ ᠨᠤᠲᠤᠭ ᠤᠨ ᠰᠢᠩ ᠱᠸᠩ (嶺北行省)᠄ ᠬᠠᠷᠠᠬᠣᠷᠣᠮ ᠢᠶᠠᠷ ᠲᠥᠪᠯᠡᠷᠡᠭᠰᠡᠨ ᠮᠣᠩᠭᠣᠯ ᠨᠤᠲᠤᠭ᠃
  2. ᠾᠸᠨᠠᠨ ᠵᠢᠶᠠᠩᠪᠸᠢ ᠨᠤᠲᠤᠭ ᠤᠨ ᠰᠢᠩ ᠵᠦᠩ ᠱᠦᠦ ᠱᠸᠩ (河南江北行省)
  3. ᠬᠦᠭᠤᠸᠠᠩ ᠶᠢᠨ ᠨᠤᠲᠤᠭ ᠤᠨ ᠰᠢᠩ ᠵᠦᠩ ᠱᠦᠦ ᠱᠸᠩ (湖廣行省)
  4. ᠭᠠᠨᠰᠦ ᠨᠤᠲᠤᠭ ᠤᠨ ᠰᠢᠩ ᠵᠦᠩ ᠱᠦᠦ ᠱᠸᠩ (甘肅行省)
  5. ᠵᠢᠶᠠᠩᠰᠢ ᠨᠤᠲᠤᠭ ᠤᠨ ᠰᠢᠩ ᠵᠦᠩ ᠱᠦᠦ ᠱᠸᠩ (江西行省)
  6. ᠵᠢᠶᠠᠩᠵᠸ ᠨᠤᠲᠤᠭ ᠤᠨ ᠰᠢᠩ ᠵᠦᠩ ᠱᠦᠦ ᠱᠸᠩ (江浙行省)
  7. ᠯᠢᠶᠣᠣ ᠶᠢᠶᠠᠨ ᠨᠤᠲᠤᠭ ᠤᠨ ᠰᠢᠩ ᠵᠦᠩ ᠱᠦᠦ ᠱᠸᠩ (遼陽行省)
  8. ᠱᠠᠨᠰᠢ ᠨᠤᠲᠤᠭ ᠤᠨ ᠰᠢᠩ ᠵᠦᠩ ᠱᠦᠦ ᠱᠸᠩ (陝西行省)
  9. ᠰᠸᠦᠴᠸᠠᠨ ᠨᠤᠲᠤᠭ ᠤᠨ ᠰᠢᠩ ᠵᠦᠩ ᠱᠦᠦ ᠱᠸᠩ (四川行省)
  10. ᠶᠦᠨᠨᠠᠨ ᠨᠤᠲᠤᠭ ᠤᠨ ᠰᠢᠩ ᠵᠦᠩ ᠱᠦᠦ ᠱᠸᠩ (雲南行省)
ᠬᠠᠷᠠᠭᠠᠲᠤ ᠤᠯᠤᠰ ᠤᠳ ᠢ ᠵᠠᠬᠢᠷᠬᠤ ᠮᠤᠵᠢ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]
  1. ᠵᠢᠶᠠᠩᠳᠦᠩ ᠰᠢᠩ ᠵᠦᠩ ᠱᠦᠦ ᠱᠸᠩ (征東行省)᠄ ᠭᠠᠤᠯᠢᠨ ᠤᠯᠤᠰ ᠢᠶᠠᠷ ᠲᠥᠪᠯᠡᠷᠡᠭᠰᠡᠨ᠂ ᠶᠠᠫᠣᠨ ᠢ ᠳᠠᠶᠢᠯᠠᠬᠤ ᠮᠤᠵᠢ᠃
  2. ᠵᠢᠨᠮᠢᠨᠢ ᠰᠢᠩ ᠵᠦᠩ ᠱᠦᠦ ᠱᠸᠩ (征緬行省᠂ ᠮᠠᠶᠠᠩᠮᠤᠷ ᠤᠨ ᠬᠡᠷᠡᠭ ᠢ ᠬᠠᠮᠢᠶᠠᠷᠬᠤ ᠮᠤᠵᠢ)
  3. ᠵᠢᠶᠣᠵᠢ ᠰᠢᠩ ᠵᠦᠩ ᠱᠦᠦ ᠱᠸᠩ (交趾行省)᠄ ᠠᠨᠠᠮ ᠪᠤᠶᠤ ᠣᠳᠣ ᠶᠢᠨ ᠸᠢᠶᠧᠲ᠋ᠨᠠᠮ ᠤᠨ ᠬᠣᠶᠢᠳ ᠬᠡᠰᠡᠭ ᠢ ᠵᠠᠬᠢᠷᠬᠤ ᠮᠤᠵᠢ᠃
  4. ᠵᠠᠨᠴᠢᠨ ᠰᠢᠩ ᠵᠦᠩ ᠱᠦᠦ ᠱᠸᠩ (占城行省) ᠴᠠᠮᠫᠠ ᠤᠯᠤᠰ ᠢ ᠵᠠᠬᠢᠷᠬᠤ ᠮᠤᠵᠢ᠃ ᠣᠳᠣ ᠶᠢᠨ ᠡᠮᠦᠨᠡᠲᠦ ᠸᠢᠶᠧᠲ᠋ᠨᠠᠮ ᠤᠨ ᠨᠤᠲᠤᠭ

ᠮᠤᠵᠢ ᠨᠢ ᠳᠣᠲᠣᠷ᠎ᠠ ᠪᠠᠨ᠄ ᠵᠠᠮ (ᠰᠡᠭᠦᠯ ᠦᠨ ᠦᠶ᠎ᠡ ᠳᠦ ᠴᠥᠯᠭᠡ ᠪᠡᠨ᠂ ᠴᠢᠯᠭᠡ᠂ ᠴᠦᠯᠬᠦ ᠭᠡᠵᠦ ᠨᠡᠷᠡᠯᠡᠭᠳᠡᠬᠦ ᠪᠣᠯᠤᠭᠰᠠᠨ)᠂ ᠹᠦ᠋ (ᠰᠡᠭᠦᠯ ᠦᠨ ᠵᠢᠯ ᠦᠳ ᠲᠦ ᠱᠦᠯᠲᠡᠭᠡᠨ᠂ ᠰᠢᠯᠲᠦᠭᠡᠨ ᠭᠡᠬᠦ ᠨᠡᠷᠡᠰᠢᠯ ᠢ ᠲᠡᠦᠬᠡ ᠶᠢᠨ ᠬᠦᠷᠢᠶᠡᠯᠡᠩ ᠦᠨ ᠪᠦᠲᠦᠭᠡᠯ ᠦᠳ ᠲᠦ ᠲᠠᠯᠪᠢᠭᠳᠠᠬᠤ ᠪᠣᠯᠤᠭᠰᠠᠨ)᠂ ᠵᠸᠦ᠂ ᠰᠢᠶᠠᠨ ᠭᠡᠵᠦ ᠬᠤᠪᠢᠶᠠᠭᠳᠠᠳᠠᠭ᠃

ᠮᠤᠵᠢ ᠶᠢ ᠶᠤᠸᠠᠨ ᠤᠯᠤᠰ ᠤᠨ ᠦᠶ᠎ᠡ ᠳᠦ ᠬᠢᠲᠠᠳ ᠢᠶᠠᠷ ᠰᠢᠩ ᠵᠦᠩ ᠱᠦᠦ ᠱᠸᠩ ᠭᠡᠵᠦ ᠨᠡᠷᠡᠯᠡᠬᠦ ᠪᠥᠭᠡᠳ ᠡᠨᠡ ᠨᠢ ᠲᠥᠪᠯᠡᠨ ᠵᠠᠰᠠᠬᠤ ᠶᠠᠮᠤᠨ ᠤ ᠲᠥᠯᠥᠭᠡᠨ ᠦ ᠶᠠᠮᠤᠨ ᠭᠡᠰᠡᠨ ᠤᠳᠬ᠎ᠠ ᠠᠭᠤᠯᠠᠨ᠎ᠠ᠃ ᠡᠭᠦᠨ ᠢ ᠵᠠᠷᠢᠮ ᠳᠤ ᠪᠠᠨ ᠰᠢᠩ ᠱᠸᠩ᠂ ᠰᠢᠩ ᠭᠡᠬᠦ ᠵᠡᠷᠭᠡ ᠪᠡᠷ ᠲᠣᠪᠴᠢᠯᠠᠬᠤ ᠠᠰᠠᠭᠤᠳᠠᠯ ᠪᠠᠶᠢᠭᠰᠠᠨ᠃ ᠠᠯᠢᠪᠠ ᠤᠳᠤᠷᠢᠳᠬᠤ ᠠᠯᠪᠠᠨ ᠳᠤ ᠵᠠᠪᠠᠯ ᠮᠣᠩᠭᠣᠯ ᠬᠦᠮᠦᠨ ᠢ ᠲᠤᠮᠢᠯᠠᠬᠤ ᠪᠥᠭᠡᠳ ᠵᠠᠪᠠᠯ 25 ᠍ ᠠᠴᠠ ᠳᠡᠭᠡᠭᠰᠢ ᠨᠠᠰᠤᠨ ᠤ ᠮᠣᠩᠭᠣᠯ ᠳᠠᠷᠤᠭᠠᠴᠢ ᠨᠠᠷ ᠪᠠᠷ ᠵᠠᠬᠢᠷᠤᠭᠤᠯᠳᠠᠭ ᠪᠠᠶᠢᠪᠠ᠃ ᠬᠠᠷᠢᠨ ᠭᠠᠴᠠᠭ᠎ᠠ ᠪᠣᠯᠤᠨ ᠲᠣᠰᠬᠣᠳ ᠢ ᠬᠢᠲᠠᠳ ᠬᠦᠩ ᠢᠶᠡᠷ ᠵᠠᠬᠢᠷᠤᠭᠤᠯᠳᠠᠭ ᠪᠠᠶᠢᠴᠠᠢ᠃ ᠡᠨᠡ ᠨᠢ ᠮᠣᠩᠭᠣᠯ ᠬᠦᠮᠦᠨ ᠦ ᠲᠣᠭ᠎ᠠ ᠬᠢᠲᠠᠳ ᠨᠤᠲᠤᠭ ᠤᠨ ᠬᠢᠨ ᠲᠠᠢ ᠬᠠᠷᠢᠴᠠᠭᠤᠯᠬᠤ ᠳᠤ ᠬᠡᠲᠦ ᠴᠥᠭᠡᠨ ᠪᠠᠶᠢᠭᠰᠠᠨ ᠠᠴᠠ ᠤᠯᠪᠠᠭᠠᠯᠠᠭᠠᠳ ᠪᠦᠬᠦ ᠱᠠᠲᠤᠨ ᠳᠤ ᠬᠦᠷᠴᠦ ᠠᠵᠢᠯᠯᠠᠬᠤ ᠪᠣᠯᠤᠮᠵᠢ ᠦᠭᠡᠢ ᠪᠣᠯᠵᠤ᠂ ᠵᠥᠪᠬᠡᠨ ᠤᠳᠤᠷᠢᠳᠬᠤ ᠱᠠᠲᠤᠨ ᠳᠤ ᠲᠣᠮᠢᠯᠠᠭᠳᠠᠬᠤ ᠪᠣᠯᠤᠭᠰᠠᠨ᠃ ᠭᠡᠬᠦ ᠳᠦ ᠪᠡᠨ ᠮᠣᠩᠭᠣᠯ ᠬᠦᠮᠦᠨ ᠭᠡᠳᠡᠭ ᠲᠦ ᠶᠡᠬᠡ ᠮᠣᠩᠭᠣᠯ ᠤᠯᠤᠰ ᠲᠤ ᠬᠠᠮᠤᠭ ᠤᠨ ᠲᠦᠷᠦᠭᠦᠨ ᠳᠦ ᠳᠠᠭᠠᠷ᠎ᠠ ᠣᠷᠣᠭᠰᠠᠨ ᠬᠠᠷᠯᠢᠭ᠂ ᠤᠶᠢᠭᠤᠷ᠂ ᠬᠢᠷᠭᠢᠰ᠂ ᠬᠢᠲᠠᠨ ᠵᠡᠷᠭᠡ ᠶᠢᠨ ᠬᠦᠮᠦᠰ ᠢ ᠪᠠᠭᠲᠠᠭᠠᠬᠤ ᠶᠠᠪᠤᠳᠠᠯ ᠪᠠᠶᠢᠭᠰᠠᠨ ᠢ ᠠᠩᠬᠠᠷᠤᠭᠤᠰᠢᠲᠠᠢ᠃

12711368 ᠣᠨ ᠳᠤ ᠣᠷᠣᠰᠢᠨ ᠲᠣᠭᠲᠠᠨᠢᠭᠰᠠᠨ ᠶᠤᠸᠠᠨ ᠤᠯᠤᠰ ᠍ ᠤᠨ ᠬᠠᠭᠠᠳ ᠍ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠤᠪᠢᠯᠠᠢ ᠬᠠᠭᠠᠨ
ᠥᠯᠵᠡᠶᠢᠲᠡᠮᠦᠷ ᠬᠠᠭᠠᠨ
12711368
ᠬᠠᠭᠠᠨ ᠤ ᠨᠡᠷ᠎ᠡ ᠨᠡᠬᠡᠨ ᠡᠷᠭᠦᠮᠵᠢᠯᠡᠭᠰᠡᠨ ᠮᠣᠩᠭᠣᠯ ᠴᠣᠯᠠ ᠠᠮᠢᠳᠤᠷᠠᠭᠰᠠᠨ ᠵᠢᠯ ᠦᠳ ᠬᠠᠭᠠᠨᠴᠢᠯᠠᠭᠰᠠᠨ ᠵᠢᠯ ᠦᠳ ᠬᠢᠲᠠᠳ ᠣᠨ ᠤ ᠴᠣᠯᠠ ᠬᠢᠲᠠᠳ ᠰᠦᠮ᠎ᠡ ᠶᠢᠨ ᠴᠣᠯᠠ
ᠬᠤᠪᠢᠯᠠᠢ ᠰᠡᠴᠡᠨ ᠬᠠᠭᠠᠨ 1215-1294 1271-1294 ᠴᠽᠥᠩᠲ᠋ᠥᠶᠢᠨ (1271-1264)
ᠴᠵᠤᠸᠠᠨ (1264-1294)
ᠱᠢᠽᠤ
ᠲᠡᠮᠦᠷ ᠥᠯᠵᠡᠶᠢᠲᠦ ᠬᠠᠭᠠᠨ 1265-1307 1294-1307 ᠶᠤᠸᠠᠨᠴᠵᠢᠨᠢ (1295-1297)
ᠳᠠᠳᠡ (1297-1307)
ᠴᠡᠩᠵᠤᠨ
ᠬᠠᠶᠢᠰᠠᠩ ᠬᠦᠯᠦᠭ ᠬᠠᠭᠠᠨ 1281-1311 1307-1311 ᠴᠵᠢᠳᠠ
(1308-1311)
ᠤᠵᠤᠨ
ᠠᠶᠤᠤᠷᠪᠠᠷᠪᠠᠳ ᠪᠤᠶᠠᠨᠲᠤ ᠬᠠᠭᠠᠨ 1285-1320 1311-1320 ᠬᠤᠸᠠᠨᠼᠢᠨ
(1311-1320)
ᠵᠢᠨᠵᠤᠨ
ᠰᠢᠳᠡᠪᠡᠯᠡ ᠭᠡᠭᠡᠨ ᠬᠠᠭᠠᠨ 1303-1323 1320-1323 ᠴᠵᠢᠴᠵᠢ
(1320-1323)
ᠢᠩᠵᠤᠨ
ᠶᠢᠰᠦᠨᠲᠡᠮᠦᠷ 1276-1328 1323-1328 ᠲᠠᠢ ᠳ᠋ᠢᠩ
(1323-1328)
ᠵᠢ ᠬᠡ
(1328)
ᠲᠠᠢ ᠳ᠋ᠢᠩ ᠳ᠋ᠢ
ᠠᠰᠢᠳᠬᠡᠪ 1230-1328 1328 ᠲᠢᠨᠢ ᠱᠦᠨᠢ
(1328)
ᠲᠢᠨᠢ ᠱᠦᠨᠢ ᠳ᠋ᠢ
ᠬᠦᠰᠡᠯᠡᠩ ᠬᠤᠲᠤᠭᠲᠤ ᠬᠠᠭᠠᠨ 1300-1329 1329 ᠲᠢᠨᠢ ᠯᠢ
(1329)
ᠮᠢᠨᠵᠤᠨ
ᠲᠥᠪᠲᠡᠮᠦᠷ ᠵᠠᠶᠠᠭᠠᠲᠤ ᠬᠠᠭᠠᠨ 1304-1332 1328-1329,
1329-1332
ᠲᠢᠨᠢ ᠯᠢ
(1328-1330)
ᠵᠢ ᠱᠦᠨᠢ
(1330-1332)
ᠸᠢᠨᠵᠤᠨ
ᠷᠢᠨᠴᠢᠨᠪᠠᠯ ᠡᠷᠳᠡᠨᠢᠴᠣᠭ ᠲᠤ ᠬᠠᠭᠠᠨ 1326-1332 1332 ᠵᠢ ᠱᠦᠨᠢ
(1332)
ᠨᠢᠨᠵᠤᠨ
ᠲᠣᠭᠤᠨᠲᠡᠮᠦᠷ ᠬᠠᠭᠠᠨ ᠤᠬᠠᠭᠠᠨᠲᠤ ᠬᠠᠭᠠᠨ 1320-1370 1333-1368 ᠶᠤᠸᠠᠨ ᠲᠤᠩ
(1333-1335)
ᠵᠢ ᠶᠤᠸᠠᠨ
(1335-1340)
ᠵᠢ ᠵᠢᠨ
(1341-1368)
ᠵᠢ ᠶᠤᠸᠠᠨ
(1368-1370)
ᠱᠦᠨᠢ ᠳ᠋ᠢ

ᠶᠡᠬᠡ ᠬᠠᠲᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠲᠤᠨ ᠤ ᠨᠡᠷ᠎ᠡ ᠣᠪᠤᠭ ᠠᠶᠢᠮᠠᠭ ᠬᠠᠲᠤᠨ ᠰᠠᠭᠤᠭᠰᠠᠨ ᠦᠶ᠎ᠡ
ᠴᠢᠮᠪᠠᠢ ᠬᠣᠩᠭᠢᠷᠠᠳ 1260-1281
ᠨᠠᠮᠪᠤᠢ ᠬᠣᠩᠭᠢᠷᠠᠳ 1285-1286
ᠰᠢᠯᠢᠨᠳᠠᠯᠠᠢ ᠬᠣᠩᠭᠢᠷᠠᠳ 1295-1305
ᠪᠤᠯᠠᠭᠠᠨ ᠪᠠᠶᠠᠳ 1305-1307
ᠵᠡᠩᠭᠦ ᠬᠣᠩᠭᠢᠷᠠᠳ 1307-1311
ᠷᠠᠳᠨᠠᠰᠢᠷᠢ ᠬᠣᠩᠭᠢᠷᠠᠳ 1311-1320
ᠰᠤᠭᠠᠪᠠᠯ ᠢᠬᠢᠷ ᠡᠴᠡ 1320-1323
ᠪᠠᠪᠤᠬᠠᠨ ᠬᠣᠩᠭᠢᠷᠠᠳ 1323-1328
ᠪᠤᠳᠠᠰᠢᠷᠢ ᠬᠣᠩᠭᠢᠷᠠᠳ 1328-1329᠂ 1329-1332
ᠮᠠᠯᠠᠶᠢᠳᠠᠢ ᠬᠠᠷᠯᠤᠭ 1329
ᠳᠠᠷᠤᠮᠠᠰᠢᠷᠢ ᠬᠣᠩᠭᠢᠷᠠᠳ 1332
ᠳᠠᠨᠠᠰᠢᠷᠢ ᠬᠢᠪᠴᠠᠭ 1333-1335
ᠪᠠᠶᠠᠨᠬᠤᠲᠤᠭ ᠬᠣᠩᠭᠢᠷᠠᠳ 1335-1365
ᠥᠯᠵᠡᠶᠢᠬᠤᠲᠤᠭ ᠰᠤᠯᠤᠩᠭᠤᠰ 1365-1368

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠭᠢᠯᠠᠯ᠄ᠮᠣᠩᠭᠣᠯ ᠤᠨ ᠲᠡᠦᠬᠡ ᠠᠩᠭᠢᠯᠠᠯ᠄ᠶᠤᠸᠠᠨ ᠤᠯᠤᠰ

ᠪᠢᠴᠢᠭᠡᠰᠦ