ᠶᠣᠯᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
 ᠶᠣᠯᠣ
Bartgeier Gypaetus barbatus front Richard Bartz.jpg
ᠬᠣᠪᠣᠷᠳᠠᠯᠲᠠ ᠶᠢᠨ ᠵᠡᠷᠭᠡᠯᠡᠯ
Status iucn3.1 LC.svg
ᠬᠣᠪᠣᠷᠳᠠᠭ᠎ᠠ ᠦᠭᠡᠢ (ОУБХХ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠵᠢᠭᠦᠷᠲᠡᠨ
ᠪᠠᠭ: ᠬᠠᠷᠴᠠᠭᠠᠲᠠᠨ (ᠡᠰᠡᠪᠡᠯ ᠱᠣᠩᠬᠣᠷᠲᠠᠨ)
ᠣᠪᠤᠭ: ᠬᠠᠷᠴᠠᠭ᠎ᠠ ᠶᠢᠨ ᠬᠢᠨ
ᠳᠡᠳ᠋ ᠣᠪᠤᠭ:  ᠶᠣᠯᠣ
ᠲᠥᠷᠥᠯ: ᠶᠣᠯᠣ ᠶᠢᠨ ᠲᠥᠷᠥᠯ
Storr, 1784
ᠵᠦᠢᠯ: G. barbatus
ᠯᠠᠲ᠋ᠢᠨ ᠨᠡᠷ᠎ᠡ
Gypaetus barbatus
(ᠺᠠᠷᠯ ᠯᠢᠨᠡᠨᠢ᠂ 1758)
ᠨᠠᠰᠤ ᠪᠡᠶ᠎ᠡ ᠭᠦᠢᠴᠡᠭᠰᠡᠨ ᠨᠢ ᠪᠣᠷᠣ ᠰᠢᠷᠭᠠᠯ ᠪᠡᠶ᠎ᠡ᠂ ᠲᠣᠯᠣᠭᠠᠢ ᠲᠠᠢ᠃
ᠵᠠᠯᠠᠭᠤ ᠰᠢᠪᠠᠭᠤ ᠨᠢ ᠪᠠᠷᠠᠭᠠᠨ ᠵᠢᠰᠦᠲᠡᠢ ᠪᠠᠶᠢᠨ᠎ᠠ᠃

ᠶᠣᠯᠣ ᠂ ᠮᠥᠨ ᠣᠭᠣᠴᠢ ᠶᠣᠯᠣ ᠭᠡᠭᠳᠡᠳᠡᠭ᠂ Gypaetus barbatus᠂ ᠨᠢ ᠬᠠᠷᠴᠠᠭ᠎ᠠ ᠶᠢᠨ ᠬᠢᠨ ᠣᠪᠤᠭ ᠤᠨ ᠰᠢᠪᠠᠭᠤ ᠪᠥᠭᠡᠳ ᠶᠣᠯᠣ ᠶᠢᠨ ᠲᠥᠷᠥᠯ ᠦᠨ ᠭᠠᠭᠴᠠ ᠲᠥᠯᠥᠭᠡᠯᠡᠭᠴᠢ ᠶᠤᠮ᠃ ᠲᠡᠳᠡ ᠧᠦ᠋ᠷᠣᠫᠠ ᠲᠢᠪ ᠍ ᠤᠨ ᠡᠮᠦᠨᠡᠲᠦ ᠬᠡᠰᠡᠭ᠂ ᠠᠹᠷᠢᠺᠠᠠᠽᠢᠶ᠎ᠠᠡᠨᠡᠳᠬᠡᠭᠲᠥᠪᠡᠳᠮᠣᠩᠭᠣᠯ  ᠤᠨ ᠥᠨᠳᠥᠷ ᠠᠭᠤᠯᠠᠷᠬᠠᠭ ᠭᠠᠵᠠᠷ ᠰᠠᠭᠤᠷᠢᠨ ᠨᠤᠲᠤᠭᠯᠠᠨ᠎ᠠ᠃ ᠠᠯᠫ ᠤᠨ ᠨᠢᠷᠤᠭᠤ ᠳᠤ ᠠᠪᠠᠴᠢᠵᠤ ᠰᠠᠭᠤᠷᠢᠰᠢᠭᠤᠯᠤᠭᠰᠠᠨ ᠪᠣᠯᠪᠠᠴᠤ ᠬᠣᠪᠣᠷ ᠬᠡᠪ ᠢᠶᠡᠷ ᠪᠠᠶᠢᠨ᠎ᠠ᠃

ᠠᠮᠢᠳᠤᠷᠠᠯ ᠤᠨ ᠠᠷᠠᠨᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠳᠡ ᠭᠣᠣᠯᠳᠠᠭᠤ ᠤᠯᠠᠢ ᠰᠡᠭ ᠢᠶᠡᠷ ᠬᠣᠭᠣᠯᠠᠯᠠᠬᠤ ᠪᠠ ᠶᠠᠰᠤᠨ ᠴᠢᠮᠦᠭᠡ ᠪᠡᠷ ᠭᠣᠣᠯ ᠢᠳᠡᠰᠢ ᠪᠡᠨ ᠪᠣᠯᠳᠠᠭ᠃ ᠥᠨᠳᠥᠷ ᠡᠴᠡ ᠶᠠᠰᠤᠲᠤ ᠮᠡᠯᠡᠬᠡᠢ ᠪᠣᠯᠤᠨ ᠲᠣᠮᠣᠬᠠᠨ ᠶᠠᠰᠤ ᠶᠢ ᠤᠨᠠᠭᠠᠵᠤ ᠪᠢᠴᠠᠯᠤᠭᠠᠳ ᠢᠳᠡᠳᠡᠭ᠃ ᠶᠣᠯᠣ ᠠᠮᠢᠲᠠᠨ ᠤ ᠶᠠᠰᠤ ᠶᠢ 50-150ᠮᠧᠲ᠋ᠷ ᠦᠨ ᠥᠨᠳᠥᠷ ᠲᠦ ᠠᠪᠠᠴᠢᠨ ᠂ ᠳᠣᠷᠣᠭᠰᠢ ᠬᠠᠳᠠ ᠴᠢᠯᠠᠭᠤᠨ ᠳᠡᠭᠡᠷ᠎ᠡ ᠤᠨᠠᠭᠠᠵᠤ ᠂ ᠶᠠᠰᠤᠨ ᠤ ᠴᠢᠮᠦᠭᠡ ᠶᠢ ᠨᠢ ᠭᠠᠷᠭᠠᠨ ᠢᠳᠡᠳᠡᠭ᠃[1] ᠶᠣᠯᠣ ᠶᠢᠨ ᠳᠡᠭᠳᠡᠬᠡᠢ ᠡᠨᠡᠬᠦ ᠡᠷᠳᠡᠮ ᠢ ᠰᠤᠷᠬᠤ ᠳᠤ 7 ᠵᠢᠯ ᠤᠨ ᠴᠠᠭ ᠬᠡᠷᠡᠭᠰᠡᠳᠡᠭ ᠭᠡᠳᠡᠭ᠃[2]

ᠭᠠᠳᠠᠭᠠᠳᠤ ᠲᠥᠷᠬᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠡᠶ᠎ᠡ ᠶᠢᠨ ᠤᠷᠲᠤ 95-125 ᠰᠠᠨᠲ᠋ᠢᠮᠧᠲ᠋ᠷ᠂ ᠳᠠᠯᠠᠪᠴᠢ ᠪᠠᠨ ᠳᠡᠯᠭᠡᠬᠦ ᠳᠦ 3 ᠮᠧᠲ᠋ᠷ ᠣᠷᠴᠢᠮ ᠲᠣᠮᠣ ᠮᠢᠬᠠᠴᠢᠨ ᠰᠢᠪᠠᠭᠤ ᠶᠤᠮ᠃ ᠪᠡᠶ᠎ᠡ ᠶᠢᠨ ᠵᠢᠩ 4.5-7.5 kg᠃  ᠨᠠᠰᠤ ᠪᠡᠶ᠎ᠡ ᠭᠦᠢᠴᠡᠭᠰᠡᠨ ᠨᠢ ᠪᠣᠷᠣ ᠰᠢᠷᠭᠠᠯ ᠲᠣᠯᠣᠭᠠᠢ᠂ ᠪᠡᠶ᠎ᠡ ᠲᠡᠢ᠂ ᠬᠠᠷ᠎ᠠ ᠣᠭᠣᠴᠢ ᠰᠠᠬᠠᠯ ᠲᠠᠢ᠃ ᠳᠠᠯᠠᠪᠴᠢ᠂ ᠰᠡᠬᠦᠯ  ᠤᠨ ᠥᠳᠥ ᠨᠢ ᠰᠠᠷᠠᠯ ᠥᠩᠭᠡ ᠲᠡᠢ᠃ ᠵᠠᠯᠠᠭᠤ ᠶᠣᠯᠣ ᠪᠦᠬᠦ ᠪᠡᠶ᠎ᠡ ᠨᠢ ᠪᠠᠷᠠᠭᠠᠨᠳᠠᠭᠤ ᠵᠢᠰᠦ ᠲᠡᠢ ᠪᠠᠶᠢᠬᠤ ᠪᠠ 5 ᠵᠢᠯ ᠪᠣᠯᠵᠤ ᠪᠠᠶᠢᠵᠤ ᠪᠦᠷᠢᠨ ᠨᠠᠰᠤ ᠪᠡᠶ᠎ᠡ ᠭᠦᠢᠴᠡᠨ᠎ᠡ᠃ ᠶᠣᠯᠣ ᠰᠢᠪᠠᠭᠤ ᠨᠢ 40 ᠭᠠᠷᠤᠢ ᠵᠢᠯ ᠨᠠᠰᠤᠯᠠᠳᠠᠭ ᠪᠠᠶᠢᠨ᠎ᠠ᠃

ᠦᠷᠡᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

12-2 ᠰᠠᠷ᠎ᠠ ᠶᠢᠨ ᠳᠤᠮᠳᠠ ᠬᠦᠷᠲᠡᠯ᠎ᠡ ᠦᠷᠡᠵᠢᠯ ᠦᠨ ᠤᠯᠠᠷᠢᠯ ᠪᠥᠭᠡᠳ 1-2 ᠥᠨᠳᠡᠭᠡ ᠭᠠᠷᠭᠠᠳᠠᠭ᠃ 53-58 ᠬᠣᠨᠣᠭᠠᠳ ᠠᠩᠭᠠᠬᠠᠢ ᠭᠠᠷᠴᠤ᠂ ᠡᠭᠦᠷ ᠳᠦ ᠪᠡᠨ 106-130 ᠬᠣᠨᠣᠭ ᠥᠰᠴᠦ ᠪᠣᠶᠢᠵᠢᠨ᠎ᠠ᠃


ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Ferguson-Lees, James (2001). Raptors of the World, Illustrated by Kim Franklin, David Mead, and Philip Burton, Houghton Mifflin. ISBN 978-0-618-12762-7. Retrieved on 2011-05-29. 
  2. Lammergeier (video, facts and news). Wildlife Finder. BBC. 2011-05-29 ᠍ ᠳᠦ ᠬᠠᠨᠳᠤᠭᠰᠠᠨ᠃


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠣᠯᠣ»
ᠸᠢᠭᠵᠦᠢᠯ ᠳᠦ Gypaetus barbatus ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃
http://wiki.uhaan.com/index.php?title=ᠶᠣᠯᠣ&oldid=481197》 ᠍  ᠡᠴᠡ ᠠᠪᠤᠭᠰᠠᠨ

ᠪᠢᠴᠢᠭᠡᠰᠦ