ᠶᠢᠰᠦᠨ ᠵᠦᠢᠯ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa uvurkhangay aymag.png ᠥᠪᠦᠷᠬᠠᠩᠭᠠᠢ ᠠᠶᠢᠮᠠᠭ ᠤᠨ
ᠶᠢᠰᠦᠨ ᠵᠦᠢᠯ ᠰᠤᠮᠤ
ᠤᠯᠠᠪᠢᠷ ᠰᠢᠷ᠎ᠠ ᠨᠢ ᠠᠷᠪᠠᠶᠢᠬᠦ ᠪᠡᠷ᠂ ᠶᠠᠭᠠᠨ ᠨᠢ ᠶᠢᠰᠦᠨ ᠵᠦᠢᠯ
2,211 ᠺᠦᠸᠠᠳ᠋ ᠺᠢᠯᠣᠮᠧᠲ᠋ᠷ (16/19) ᠭᠠᠵᠠᠷ ᠨᠤᠲᠤᠭ ᠲᠤ
2011 ᠣᠨ ᠳᠤ 921 ᠡᠷᠦᠬᠡ ᠶᠢᠨ
3,262 ᠬᠦᠮᠦᠨ (12/19) ᠣᠷᠣᠰᠢᠨ ᠰᠠᠭᠤᠵᠤ ᠪᠠᠶᠢᠪᠠ᠃[1]
ᠳᠣᠲᠣᠷ᠎ᠠ ᠪᠠᠨ ᠲᠠᠬᠢᠯᠭ᠎ᠠ᠂ ᠮᠥᠩᠬᠡᠪᠤᠯᠠᠭ᠂ ᠬᠠᠶᠢᠷᠬᠠᠨ᠂ ᠡᠷᠢᠶᠡᠨ ᠭᠡᠬᠦ ᠳᠥᠷᠪᠡᠨ ᠪᠠᠭ ᠲᠠᠢ.
2011 ᠣᠨ ᠤ ᠲᠥᠰᠥᠪ ᠲᠦ 54.5 ᠰᠠᠶ᠎ᠠ ₮ (13/19) ᠣᠷᠣᠭᠤᠯᠵᠤ᠂
ᠮᠥᠨ ᠣᠨᠳᠣᠣ 957 ᠰᠠᠶ᠋ᠢ ₮ (9/19) ᠵᠠᠷᠤᠵᠠᠢ᠃[1]
2011 ᠣᠨ ᠤ 114,216 ᠲᠣᠯᠣᠭᠠᠢ ᠮᠠᠯ (11/19) ᠨᠢ
ᠨᠢᠭᠡ ᠬᠦᠨᠳᠦ ᠨᠣᠭᠳᠠᠪᠠᠯ 35.0 (_/19) ᠪᠣᠯᠤᠨ᠎ᠠ᠃[1]
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠥᠯᠵᠡᠶᠢᠲᠦᠬᠤᠵᠢᠷᠲᠤᠬᠠᠷᠠᠬᠣᠷᠢᠨᠪᠦᠷᠢ ᠳᠦᠪᠠᠶᠠᠨ-ᠥᠨᠳᠥᠷᠰᠠᠩ ᠳᠤ ᠭᠡᠰᠡᠨ ᠵᠢᠷᠭᠤᠭᠠᠨ ᠰᠤᠮᠤ ᠪᠠᠷ ᠬᠦᠷᠢᠶᠡᠯᠡᠭᠳᠡᠳᠡᠭ᠃

ᠶᠢᠰᠦᠨ ᠵᠦᠢᠯ ᠨᠢ ᠥᠪᠦᠷᠬᠠᠩᠭᠠᠢ ᠠᠶᠢᠮᠠᠭ ᠤᠨ ᠰᠤᠮᠤ ᠶᠤᠮ᠃ ᠠᠩᠬᠠᠳᠤᠭᠠᠷ ᠪᠣᠭᠳᠠ ᠥᠨᠳᠥᠷ ᠭᠡᠭᠡᠨ ᠵᠠᠨᠠᠪᠠᠽᠠᠷ ᠍ ᠤᠨ ᠥᠯᠥᠭᠡᠢ ᠨᠤᠲᠤᠭ ᠥᠪᠦᠷᠬᠠᠩᠭᠠᠢ ᠠᠶᠢᠮᠠᠭ ᠤᠨ ᠶᠢᠰᠦᠨ ᠵᠦᠢᠯ ᠰᠤᠮᠤ ᠪᠢᠯᠡ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ ᠡᠨᠡᠬᠦ ᠰᠤᠮᠤ ᠶᠢ 1932 ᠣᠨ ᠤ ᠬᠣᠶᠠᠳᠤᠭᠠᠷ ᠰᠠᠷ᠎ᠠ ᠶᠢᠨ 7 ᠍ ᠤ ᠡᠳᠦᠷ ᠦᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ 5 ᠳ᠋ᠤᠭᠠᠷ ᠲᠣᠭᠲᠠᠭᠠᠯ ᠢᠶᠠᠷ ᠴᠡᠴᠡᠷᠯᠢᠭ-ᠮᠠᠨᠳᠤᠯ ᠠᠶᠢᠮᠠᠭ ᠤᠨ ᠠᠷᠪᠠᠶᠢᠬᠦ ᠪᠡᠷ ᠤᠤᠯ ᠤᠨ ᠬᠣᠰᠢᠭᠤᠨ ᠠᠴᠠ ᠲᠠᠰᠤᠯᠵᠤ ᠶᠢᠰᠦᠨ ᠵᠦᠢᠯ ᠦᠨ ᠭᠣᠣᠯ ᠲᠠᠬᠢᠯᠭᠠᠨ ᠤ ᠳᠡᠨᠵᠢ ᠳᠦ 'ᠶᠢᠰᠦᠨ ᠵᠦᠢᠯ' ᠨᠡᠷ᠎ᠡ ᠲᠡᠢ ᠠᠩᠬ᠎ᠠ ᠪᠠᠶᠢᠭᠤᠯᠵᠠᠢ᠃ 1933 ᠣᠨ ᠳᠤ 5 ᠪᠠᠭ᠂ 382 ᠡᠷᠦᠬᠡ᠂ 1600 ᠬᠦᠮᠦᠨ ᠲᠡᠢ ᠪᠠᠶᠢᠯ᠎ᠠ᠃ 1952 ᠣᠨ ᠳᠤ ᠶᠢᠰᠦᠨ ᠵᠦᠢᠯ ᠰᠤᠮᠤᠠᠨᠳᠠ ᠬᠥᠭᠵᠢᠯ ᠨᠢᠭᠡᠳᠦᠯ ᠪᠠᠶᠢᠭᠤᠯᠤᠭᠳᠠᠭᠰᠠᠨ᠃ 1950 ᠢ ᠳᠤ ᠣᠨ ᠤ ᠳᠤᠮᠳᠠ ᠦᠶᠡᠰ ᠣᠳᠣ ᠶᠢᠨ ᠪᠠᠶᠢᠭ᠎ᠠ ᠵᠡᠭᠦᠨ ᠬᠠᠶᠢᠷᠬᠠᠨ ᠠᠭᠤᠯᠠ ᠶᠢᠨ ᠠᠷᠤ ᠮᠥᠩᠬᠡᠪᠤᠯᠠᠭ ᠲᠤ ᠲᠥᠪᠯᠡᠷᠡᠭᠰᠡᠨ᠃ 1959-1960 ᠣᠨ ᠳᠤ ᠪᠠᠭ ᠢ ᠪᠠᠷᠢᠭᠠᠳᠠ ᠪᠣᠯᠭᠠᠨ ᠲᠣᠮᠣᠰᠬᠠᠵᠤ᠂ ᠰᠤᠮᠤ᠂ ᠨᠢᠭᠡᠳᠦᠯ ᠦᠨ ᠭᠡᠰᠡᠨ ᠬᠣᠶᠠᠷ ᠬᠤᠷᠠᠯᠲᠠᠢ ᠪᠣᠯᠵᠤ ᠥᠭᠡᠷᠡᠴᠢᠯᠡᠭᠳᠡᠨ ᠵᠣᠬᠢᠶᠠᠨ ᠪᠠᠶᠢᠭᠤᠯᠤᠭᠳᠠᠵᠠᠢ᠃

ᠪᠠᠶᠢᠭᠠᠯᠢ ᠣᠷᠴᠢᠨ ᠤ ᠲᠥᠯᠥᠪ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠢᠰᠦᠨ ᠵᠦᠢᠯ ᠰᠤᠮᠤ ᠭᠠᠵᠠᠷ ᠵᠦᠢ ᠶᠢᠨ ᠬᠤᠪᠢ ᠳᠤ ᠬᠡᠭᠡᠷ᠎ᠡ ᠶᠢᠨ ᠪᠥᠰᠡ ᠳᠦ᠂ ᠳᠠᠯᠠᠢ ᠶᠢᠨ ᠲᠦᠪᠰᠢᠨ ᠡᠴᠡ ᠳᠡᠭᠡᠭᠰᠢ 1750-4107 ᠮ ᠡᠷᠭᠦᠭᠳᠡᠭᠰᠡᠨ 221.1 ᠮᠢᠩᠭᠠᠨ ᠺᠦᠸᠠᠳ᠋.km ᠨᠤᠲᠤᠭ ᠲᠠᠢ᠃ ᠥᠷᠭᠡᠷᠢᠭ ᠦᠨ 46*41', ᠤᠷᠲᠤᠷᠢᠭ ᠤᠨ 103*32' ᠍ ᠳᠦ ᠪᠠᠶᠢᠷᠢᠰᠢᠯ ᠲᠠᠢ᠃ ᠮᠣᠩᠭᠣᠯ ᠤᠯᠤᠰ ᠤᠨ ᠨᠡᠶᠢᠰᠯᠡᠯ ᠤᠯᠠᠭᠠᠨᠪᠠᠭᠠᠲᠤᠷᠠ ᠠᠴᠠ 360 ᠺᠢᠯᠣᠮᠧᠲ᠋ᠷ᠂ ᠠᠶᠢᠮᠠᠭ ᠤᠨ ᠲᠥᠪ ᠠᠷᠪᠠᠶᠢᠬᠦ ᠪᠡᠷᠡ ᠡᠴᠡ 96 ᠺᠢᠯᠣᠮᠧᠲ᠋ᠷ᠂ ᠮᠣᠩᠭᠣᠯ ᠤᠯᠤᠰ ᠤᠨ ᠲᠥᠪ ᠴᠡᠭ ᠡᠴᠡ 20 ᠺᠢᠯᠣᠮᠧᠲ᠋ᠷ ᠵᠠᠶᠢᠲᠠᠢ᠃ ᠡᠷᠲᠡᠨ ᠦ ᠨᠡᠶᠢᠰᠯᠡᠯ ᠬᠠᠷᠠᠬᠣᠷᠣᠮᠠ ᠠᠴᠠ 80 ᠺᠢᠯᠣᠮᠧᠲ᠋ᠷ ᠳᠦ᠂ ᠪᠦᠷᠢ ᠳᠦᠪᠠᠶᠠᠨ-ᠥᠨᠳᠥᠷᠰᠠᠩ ᠳᠤᠥᠯᠵᠡᠶᠢᠲᠦᠬᠤᠵᠢᠷᠲᠤ ᠰᠤᠮᠤ ᠲᠠᠢ ᠬᠢᠯᠢ ᠵᠠᠭᠠᠭᠯᠠᠨ ᠣᠷᠣᠰᠢᠳᠠᠭ᠃ ᠲᠥᠪ ᠵᠠᠮ ᠠᠴᠠ 11 km ᠵᠠᠢ ᠲᠠᠢ᠂ ᠥᠨᠳᠥᠷ ᠬᠦᠴᠦᠳᠡᠯ ᠦᠨ ᠨᠢᠭᠡᠳᠦᠭᠰᠡᠨ ᠰᠦᠯᠵᠢᠶᠡᠨ ᠳᠦ ᠬᠣᠯᠪᠣᠭᠳᠠᠭᠰᠠᠨ .

ᠤᠷᠭᠤᠮᠠᠯ᠂ ᠠᠮᠢᠲᠠᠨ ᠤ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠨᠤᠲᠤᠭ ᠲᠤ ᠬᠠᠯᠢᠭᠤᠨ ᠪᠤᠭᠤ᠂ ᠪᠣᠷᠣ ᠭᠥᠷ ᠡᠴᠡ , ᠠᠷᠭᠠᠯᠢ᠂ ᠴᠢᠨᠣ᠎ᠠ᠂ ᠦᠨᠡᠭᠡ᠂ ᠬᠢᠷᠰᠠ᠂ ᠴᠠᠭᠠᠨ ᠪᠣᠷᠣ ᠲᠠᠷᠪᠠᠭ᠎ᠠ ᠵᠡᠷᠭᠡ ᠠᠨ ᠠᠮᠢᠲᠠᠳ᠂ ᠨᠢᠩᠵᠢ ᠨᠠᠭᠪᠠ᠂ ᠶᠦᠮᠳᠡᠦᠵᠢᠨ᠂ ᠡᠭᠡᠯ ᠮᠠᠷᠠᠯ᠂ ᠪᠠᠮᠪᠠᠢ᠂ ᠴᠡᠭᠡᠨ᠎ᠡ᠂ ᠮᠣᠩᠭᠣᠯ ᠲᠤᠤᠹᠢᠯᠠᠩ᠂ ᠪᠠᠩᠽᠢᠳᠣᠣ᠂ ᠠᠯᠲᠠᠨ ᠭᠠᠩᠨᠠᠭᠤᠷ᠂ ᠰᠥᠳᠥ ᠡᠪᠡᠰᠦ᠂ ᠨᠣᠬᠠᠢ ᠶᠢᠨ ᠬᠣᠰᠢᠭᠤ ᠵᠡᠷᠭᠡ ᠡᠮ ᠦᠨ᠂ ᠵᠡᠷᠯᠢᠭ ᠰᠣᠩᠭᠢᠨ᠎ᠠ ᠠᠭᠤᠯᠠ ᠶᠢᠨ ᠲᠥᠮᠥᠰᠥ᠂ ᠲᠠᠭᠠᠨ᠎ᠠ᠂ ᠬᠥᠮᠡᠯᠢ᠂ ᠵᠢᠭᠤᠴᠠᠢ᠂ ᠭᠣᠨᠢᠳ᠂ ᠪᠢᠷᠠᠭ᠎ᠠ᠂ ᠵᠡᠷᠭᠡ ᠬᠦᠩᠰᠦᠶᠢ ᠤᠷᠭᠤᠮᠠᠯ ᠡᠯᠪᠡᠭ ᠤᠷᠭᠤᠳᠠᠭ᠃

ᠤᠰᠤᠨ ᠤ ᠰᠤᠳᠤᠯᠪᠤᠷᠢ᠂ ᠭᠣᠣᠯ ᠭᠣᠷᠭᠢ᠂ ᠨᠠᠭᠤᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠴᠠᠭᠠᠢ ᠳᠤ᠂ ᠮᠣᠳᠣᠳ᠂ ᠲᠠᠬᠢᠯᠭ᠎ᠠ᠂ ᠵᠡᠭᠦᠨ ᠭᠣᠣᠯ᠂ ᠮᠠᠷᠵᠠᠲ᠂ ᠰᠢᠷᠭᠤᠤᠯᠭ᠎ᠠ᠂ ᠣᠯᠠᠨ ᠲᠦᠷᠦᠭᠦᠦ᠂ ᠰᠢᠪᠠᠭᠤᠲᠤ ᠶᠢᠨ ᠭᠣᠣᠯ ᠤᠳ ᠤᠨ ᠤᠨᠳᠤᠷᠭ᠎ᠠ ᠪᠣᠯᠤᠭᠰᠠᠨ ᠮᠥᠩᠬᠡᠪᠤᠯᠠᠭ᠂ ᠤᠯᠠᠭᠠᠨᠴᠢᠯᠠᠭᠤ᠂ ᠲᠣᠭᠣᠭ᠎ᠠ ᠳᠤ᠂ ᠴᠤᠪᠤᠨ᠂ ᠪᠤᠮᠪᠠ᠂ ᠴᠠᠭᠠᠩᠬ᠎ᠠ ᠳᠤ᠂ ᠰᠡᠷᠢᠭᠦᠨᠪᠤᠯᠠᠭ᠂ ᠳᠦᠷᠸᠠ ᠳᠤ᠂ ᠪᠠᠭ᠎ᠠ ᠪᠤᠯᠠᠭ᠂ ᠥᠨᠳᠥᠷ ᠡᠷᠭᠢ᠂ ᠴᠠᠬᠢᠭᠤᠷᠲᠤ ᠵᠡᠷᠭᠡ ᠣᠯᠠᠨ ᠪᠤᠯᠠᠭ ᠷᠠᠰᠢᠶᠠᠨ ᠲᠠᠢ᠃ ᠠᠯᠠᠭ ᠳᠡᠯ ᠦᠨ ᠪᠦᠷᠢ ᠳᠦ᠂ ᠳᠡᠩᠬᠡᠷ᠂ ᠲᠣᠯᠣᠭᠠᠢ᠂ ᠴᠠᠭᠠᠨ ᠨᠠᠭᠤᠷ᠂ ᠬᠥᠬᠡ ᠪᠦᠷᠢ ᠳᠦ᠂ ᠴᠠᠶᠢᠳᠠᠮ᠂ ᠵᠡᠷᠭᠡ ᠨᠠᠭᠤᠷ ᠤᠳ ᠨᠢ ᠡᠪᠦᠯᠵᠢᠳᠡᠭ ᠪᠣᠯᠤᠨ ᠤᠰᠤᠨ ᠤ 40 ᠭᠠᠷᠤᠢ ᠲᠥᠷᠥᠯ ᠦᠨ ᠰᠢᠪᠠᠭᠤᠳ ᠴᠡᠩᠭᠡᠵᠦ ᠪᠠᠶᠢᠳᠠᠭ᠃

ᠳᠤᠷᠠᠰᠬᠠᠯᠲᠤ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠮᠣᠭᠲᠤ ᠪᠤᠭᠤᠷᠤᠯ ᠤᠨ ᠬᠥᠰᠢᠶ᠎ᠡ᠂ ᠪᠤᠭᠤᠳᠤ ᠳᠡᠯ᠂ ᠨᠠᠷᠠᠨᠲ᠋ᠣᠯᠣᠭᠠᠢ ᠶᠢᠨ ᠬᠠᠳᠠᠨ ᠤ ᠰᠦᠭ ᠵᠢᠷᠤᠭ᠂᠂ ᠵᠢᠨᠦᠩ ᠸᠠᠩ ᠤᠨ ᠬᠡᠷᠡᠮᠦᠨ ᠦ ᠲᠤᠷ᠎ᠠ᠂ ᠨᠡᠩ ᠡᠷᠲᠡᠨ ᠦ ᠲᠡᠦᠬᠡ ᠶᠢᠨ ᠳᠤᠷᠠᠰᠬᠠᠯᠲᠤ ᠴᠢᠯᠠᠭᠤᠨ ᠬᠥᠰᠢᠶ᠎ᠡ ᠨᠦᠭᠦᠳ ᠾᠢᠦᠩᠨᠦ ᠲᠦᠷᠦᠭᠤᠶᠢᠭᠤᠷ ᠤᠨ ᠳᠤᠷᠠᠰᠬᠠᠯᠲᠤ ᠬᠢᠷᠡᠭᠰᠠᠭᠤᠷᠢ ᠨᠦᠭᠦᠳ ᠰᠡᠩᠭᠡ ᠴᠣᠬᠢᠶ᠎ᠠ᠂ ᠳᠠᠯᠠᠢ ᠭᠦᠨ ᠦ ᠬᠦᠷᠢᠶᠡᠨ ᠦ ᠲᠤᠷ᠎ᠠ᠂ XVII-XVIII ᠵᠠᠭᠤᠨ ᠤ ᠦᠶ᠎ᠡ ᠳᠦ ᠠᠮᠢᠳᠤᠷᠠᠵᠤ ᠪᠠᠶᠢᠭᠰᠠᠨ ᠬᠠᠯᠬ᠎ᠠ ᠶᠢᠨ ᠵᠣᠨᠤᠩ ᠸᠠᠩ ᠳᠡᠮᠴᠢᠭ ᠤᠭᠰᠢᠯ ᠰᠠᠶᠢᠲᠤ ᠬᠤᠷᠳᠤᠨ ᠬᠦᠯᠢᠭ ᠢ ᠠᠯᠤᠰ ᠠᠴᠠ ᠠᠪᠴᠢᠷᠠᠵᠤ ᠮᠠᠨᠵᠤ ᠶᠢᠨ ᠨᠣᠶᠠᠷᠬᠠᠯ ᠤᠨ ᠦᠶᠡᠰ ᠡᠷ᠎ᠡ ᠶᠢᠨ ᠭᠤᠷᠪᠠᠨ ᠨᠠᠭᠠᠳᠤᠮ ᠤᠨ ᠮᠣᠷᠢᠨ ᠤ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠶᠢ ᠠᠪᠬᠤ ᠪᠠᠷ ᠮᠠᠨᠵᠤ ᠨᠠᠷ ᠠᠴᠠ ᠮᠣᠷᠢ ᠪᠠᠨ ᠨᠢᠭᠤᠵᠤ ᠤᠶᠠᠬᠤ ᠭᠡᠵᠦ ᠪᠠᠶᠢᠭᠤᠯᠤᠭᠰᠠᠨ ᠳᠣᠮᠣᠭ ᠪᠦᠬᠦᠢ ᠬᠡᠷᠡᠮᠦᠨ ᠦ ᠲᠤᠷ᠎ᠠ ᠵᠡᠷᠭᠡ ᠲᠡᠦᠬᠡ ᠰᠤᠶᠤᠯ ᠤᠨ ᠳᠤᠷᠠᠰᠬᠠᠯᠲᠤ ᠭᠠᠵᠠᠷ ᠤᠳ ᠪᠤᠢ᠃

ᠤᠯᠢᠶᠠᠰᠤ ᠳᠤ ᠥᠨᠳᠥᠷ᠂ ᠨᠣᠭᠣᠭᠠᠨ ᠲᠣᠬᠣᠢ᠂ ᠭᠠᠴᠠᠭᠠᠨ ᠬᠦᠷᠢᠨ ᠴᠢᠯᠠᠭᠤ᠂ ᠪᠤᠮᠪᠠ ᠶᠢᠨ ᠬᠠᠳᠠ᠂ ᠪᠠᠶᠠᠨ-ᠦᠢᠯᠡᠰ ᠲᠦ᠂ ᠬᠠᠭᠠᠯᠭ᠎ᠠ ᠶᠢᠨ ᠳᠠᠪᠠᠭ᠎ᠠ᠂ ᠰᠠᠷᠬᠠᠶᠢᠷᠬᠠᠨ᠂ ᠨᠤᠷᠮ᠎ᠠ ᠳᠤ᠂ ᠥᠪᠡᠲᠦ ᠶᠢᠨ ᠰᠠᠷᠬᠢᠶ᠎ᠠ ᠵᠡᠷᠭᠡ ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ ᠲᠠᠢ᠃

ᠡᠷᠲᠡᠨ ᠦ ᠳᠣᠮᠣᠭ ᠲᠤ ᠬᠡᠦᠬᠡᠨ ᠬᠤᠲᠤᠭᠲᠤ ᠪᠤᠭᠤᠷᠤᠯ ᠤᠨ ᠬᠥᠰᠢᠶ᠎ᠡ ᠰᠤᠮᠤ ᠶᠢᠨ ᠨᠤᠲᠤᠭ ᠤᠨ ᠵᠡᠭᠦᠨ ᠤᠷᠳᠤ ᠬᠡᠰᠡᠰᠬᠡ ᠳᠦ ᠣᠷᠣᠰᠢᠳᠠᠭ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠤᠯᠤᠭᠳᠠᠰᠤᠨ ᠤ ᠳᠠᠷᠠᠭᠠᠬᠠᠨ 1933 ᠣᠨ ᠳᠤ 5 ᠪᠠᠭ ᠤᠨ 382 ᠡᠷᠦᠬᠡ᠂ 1600 ᠬᠦᠮᠦᠨ ᠲᠡᠢ ᠪᠠᠶᠢᠭᠰᠠᠨ ᠪᠣᠯ ᠡᠳᠦᠭᠡ (2011 ᠣᠨ ᠤ ᠪᠠᠶᠢᠳᠠᠯ ᠢᠶᠠᠷ) 4 ᠪᠠᠭ ᠤᠨ 970 ᠡᠷᠦᠬᠡ ,3422 ᠬᠦᠮᠦᠨ ᠠᠮᠠ ᠲᠠᠢ ᠪᠠ ᠲᠡᠳᠡᠭᠡᠷ ᠡᠴᠡ700 ᠣᠷᠴᠢᠮ ᠰᠤᠷᠭᠠᠭᠤᠯᠢ ᠶᠢᠨ ᠨᠠᠰᠤᠨ ᠤ ᠬᠡᠦᠬᠡᠳ ᠦᠳ ᠪᠠᠶᠢᠳᠠᠭ ᠪᠠᠶᠢᠨ᠎ᠠ᠃ ᠰᠤᠮᠤ ᠶᠢᠨ ᠨᠡᠶᠢᠲᠡ ᠡᠷᠦᠬᠡ ᠶᠢᠨ 80 ᠣᠷᠴᠢᠮ ᠬᠤᠪᠢ ᠶᠢ ᠮᠠᠯᠴᠢᠨ ᠡᠷᠦᠬᠡ ᠡᠵᠡᠯᠡᠳᠡᠭ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠥᠷ ᠭᠡᠭᠡᠨ ᠵᠠᠨᠠᠪᠠᠽᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠮᠣᠩᠭᠣᠯ ᠤᠨ ᠠᠩᠬ᠎ᠠ ᠳ᠋ᠤᠭᠠᠷ ᠪᠣᠭᠳᠠ᠂ ᠱᠠᠰᠢᠨ ᠲᠥᠷᠥ᠂ ᠰᠤᠶᠤᠯ ᠤᠨ ᠨᠡᠷᠡᠲᠦ ᠵᠢᠳᠬᠦᠯᠲᠡᠨ᠂ ᠤᠷᠠᠨ ᠪᠠᠷᠢᠮᠠᠯᠴᠢ᠂ ᠢᠷᠠᠭᠤ ᠨᠠᠶᠢᠷᠠᠭᠴᠢ᠂ ᠶᠡᠬᠡ ᠰᠣᠶᠣᠨ ᠭᠡᠭᠡᠷᠡᠭᠦᠯᠦᠭᠴᠢ ᠲᠦᠰᠢᠶᠡᠲᠦ ᠬᠠᠨ ᠭᠣᠮᠪᠣᠳᠣᠷᠵᠢ ᠶᠢᠨ ᠵᠠᠨᠠᠪᠠᠽᠠᠷ ᠲᠤᠰ ᠰᠤᠮᠤ ᠶᠢᠨ ᠨᠤᠲᠤᠭ ᠶᠢᠰᠦᠨ ᠵᠦᠢᠯ (ᠤᠰᠠᠨᠵᠦᠢᠯ) ᠍ ᠳᠦ ᠲᠦᠷᠦᠭᠰᠡᠨ᠃

ᠲᠥᠷᠥ ᠨᠡᠶᠢᠭᠡᠮ ᠤᠨ ᠵᠢᠳᠬᠦᠯᠲᠡᠨ ᠨᠦᠭᠦᠳ᠂ ᠤᠯᠤᠰ ᠤᠨ ᠠᠪᠣᠷᠭᠣᠴᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠢᠰᠦᠨ ᠵᠦᠢᠯ ᠰᠤᠮᠤ ᠠᠴᠠ ᠡᠬᠡ ᠣᠷᠣᠨ ᠢᠶᠠᠨ ᠬᠠᠮᠠᠭᠠᠯᠠᠬᠤ᠂ ᠬᠥᠭᠵᠢᠭᠦᠯᠬᠦ ᠳᠤ ᠡᠷᠬᠢᠮ ᠭᠠᠪᠢᠶ᠎ᠠ ᠪᠠᠶᠢᠭᠤᠯᠤᠭᠰᠠᠨ ᠬᠤᠪᠢᠰᠬᠠᠯᠲᠤ ᠲᠡᠮᠡᠴᠡᠯ ᠦᠨ ᠠᠬᠠᠮᠠᠳ ᠵᠢᠳᠬᠦᠯᠲᠡᠨ᠂ ᠬᠥᠭᠵᠢᠯ ᠨᠢᠭᠡᠳᠦᠯ ᠦᠨ ᠠᠩᠬᠠᠨ ᠤ ᠳᠠᠷᠤᠭ᠎ᠠ ᠵ᠃ᠭᠦᠨᠳᠡ᠂ ᠠᠬᠠᠮᠠᠳ ᠳᠠᠶᠢᠴᠢᠨ ᠰ᠃ᠨᠠᠭᠪᠤᠩ᠂ ᠤᠯᠤᠰ ᠤᠨ ᠰᠠᠶᠢᠨ ᠮᠠᠯᠴᠢᠨ ᠵ᠃ᠰᠠᠩᠵᠠᠵᠠᠪ᠂ ᠫ᠃ᠱᠤᠭᠠᠷ᠎ᠠ᠂ ᠤᠯᠤᠰ ᠤᠨ ᠠᠪᠤᠷᠭᠤ ᠲᠠᠭᠤᠪᠤᠷᠢᠴᠢᠨ ᠳ᠃ᠰᠤᠮᠢᠶ᠎ᠠ᠂ ᠤᠯᠤᠰ ᠤᠨ ᠠᠪᠤᠷᠭᠤ ᠲᠠᠷᠢᠶᠠᠯᠠᠩᠴᠢ ᠳ᠃ᠲᠡᠮᠦᠷᠰᠦ᠋ᠬᠡ᠂ ᠤᠯᠤᠰ ᠤᠨ ᠠᠪᠤᠷᠭᠤ ᠠᠩᠴᠢᠨ ᠪ᠃ᠭᠣᠲᠤᠪ᠂ ᠤᠯᠤᠰ ᠤᠨ ᠠᠯᠳᠠᠷᠲᠤ ᠤᠶᠠᠭᠠᠴᠢ ᠢ᠃ᠳᠤᠯᠮ᠎ᠠ᠂ ᠠᠷᠠᠳ ᠤᠨ ᠶᠡᠬᠡ ᠬᠤᠷᠠᠯ ᠤᠨ ᠳ᠋ᠧᠫᠦᠲ᠋ᠠᠲ ᠨ᠃ᠬᠠᠨᠳᠠᠵᠠᠪ ᠨᠠᠷ ᠲᠥᠷᠥᠨ ᠭᠠᠷᠤᠭᠰᠠᠨ ᠲᠡᠦᠬᠡ ᠲᠡᠢ᠃

ᠡᠷᠳᠡᠮᠲᠡᠳ᠂ ᠭᠠᠪᠢᠶᠠᠲᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠶᠢᠨ ᠠᠭᠤᠭᠤᠯ ᠢᠷᠭᠡᠳ ᠡᠴᠡ ᠲᠣᠭᠠᠨ ᠤ ᠣᠬᠠᠭᠠᠨᠡᠶᠢᠨ ᠰᠢᠨᠵᠢᠯᠡᠬᠦ ᠤᠬᠠᠭᠠᠨ ᠤ ᠳ᠋ᠣᠺᠲ᠋ᠣᠷ᠂ ᠮᠣᠩᠭᠣᠯ ᠤᠯᠤᠰ ᠤᠨ ᠭᠠᠪᠢᠶᠠᠲᠤ ᠪᠠᠭᠰᠢ ᠴ᠃ᠳᠠᠰᠢᠳᠣᠷᠵᠢ᠂ ᠮᠣᠩᠭᠣᠯ ᠤᠯᠤᠰ ᠤᠨ ᠭᠠᠪᠢᠶᠠᠲᠤ ᠪᠠᠭᠰᠢ ᠭ᠃ᠪᠠᠯᠳᠠᠨ᠂ ᠮᠣᠩᠭᠣᠯ ᠤᠯᠤᠰ ᠤᠨ ᠬᠦᠮᠦᠨ ᠦ ᠭᠠᠪᠢᠶᠠᠲᠤ ᠡᠮᠴᠢ ᠴ᠃ᠳᠠᠮᠳᠢᠨᠰᠦ᠋ᠷᠦᠩ᠂ ᠠᠨᠠᠭᠠᠬᠤ ᠤᠬᠠᠭᠠᠨ ᠤ ᠳ᠋ᠣᠺᠲ᠋ᠣᠷ ᠱ᠃ᠰᠣᠳᠨᠠᠮᠫᠢᠯ᠂ ᠳ᠃ᠪᠠᠶᠠᠷᠮᠠ ᠪᠠᠶᠢᠭᠠᠯᠢ ᠨᠡᠶᠢᠭᠡᠮ ᠬᠡᠯᠡ ᠰᠢᠨᠵᠢᠯᠡᠯ ᠦᠨ ᠤᠬᠠᠭᠠᠨ ᠤ ᠳᠡᠳ᠋ ᠳ᠋ᠣᠺᠲ᠋ᠣᠷ ᠨ᠃ᠵᠠᠮᠰᠠᠩᠰᠦ᠋ᠷᠦᠩ᠂ ᠪ᠃ᠳᠠᠮᠫᠢᠯ᠂ ᠭ᠃ᠰᠡᠷᠡᠩ᠂᠎ᠡ᠃ᠴᠢᠨᠪᠠᠲ᠂ ᠳ᠃ᠳᠦᠭᠦᠷᠵᠠᠪ᠂ ᠳ᠃ᠤᠤᠭᠠᠨᠪᠠᠶᠠᠷ᠂ ᠠᠷᠠᠳ ᠤᠨ ᠳᠠᠭᠤᠤ ᠰᠤᠳᠤᠯᠤᠭᠠᠴᠢ᠂ ᠬᠥᠭᠵᠢᠮᠴᠢᠨ᠂ ᠳᠠᠭᠤᠴᠢᠨ᠂ ᠠᠶ᠎ᠠ ᠵᠣᠬᠢᠶᠠᠭᠴᠢ ᠷ᠃ᠣᠶᠤᠨᠪᠠᠲ᠂ ᠵᠢᠷᠤᠭᠠᠴᠢ ᠪ᠃ᠪᠠᠲᠤᠰᠦ᠋ᠬᠡ᠂ ᠢᠷᠠᠭᠤ ᠨᠠᠶᠢᠷᠠᠭᠴᠢ ᠣ᠃ᠰᠡᠷᠡᠩᠳᠠᠰᠢ᠂ ᠳ᠃ᠠᠯᠲᠠᠨᠭᠡᠷᠡᠯ ᠡᠷᠳᠡᠮᠲᠡᠨ ᠭᠠᠪᠢᠶᠠᠲᠠᠨ ᠨᠤᠭᠤᠳ ᠲᠥᠷᠦᠵᠢᠭᠡ᠃ ᠮᠥᠨ ᠲᠤᠰ ᠰᠤᠮᠤ ᠠᠴᠠ ᠡᠷᠳᠡᠮ ᠦᠨ ᠠᠶᠠᠨ ᠤ ᠭᠠᠷᠤᠭ᠎ᠠ ᠪᠠᠨ ᠡᠬᠢᠯᠡᠭᠰᠡᠨ ᠬᠡᠯᠡ ᠰᠢᠨᠵᠢᠯᠡᠯ ᠦᠨ ᠤᠬᠠᠭᠠᠨ ᠤ ᠳ᠋ᠣᠺᠲ᠋ᠣᠷ ᠣ᠃ᠠᠳ᠋ᠢᠶ᠎ᠠ᠂ Á.Òîìòîãòîõ᠂ ᠠᠨᠠᠭᠠᠬᠤ ᠤᠬᠠᠭᠠᠨ ᠤ ᠳ᠋ᠣᠺᠲ᠋ᠣᠷ ᠲ᠃ᠳᠣᠷᠵᠢ᠂ ᠽ᠃ᠮᠡᠨᠳᠦᠰᠠᠶᠢᠬᠠᠨ᠂ ᠬᠢᠮᠢ ᠪᠣᠯᠢᠭ ᠤᠨ ᠰᠢᠨᠵᠢᠯᠡᠬᠦ ᠤᠬᠠᠭᠠᠨ ᠤ ᠳ᠋ᠣᠺᠲ᠋ᠣᠷ ᠽ᠃ᠢᠴᠢᠨᠬᠣᠷᠯᠸ᠎ᠠ᠂ ᠪ᠃ᠮᠢᠬᠠᠳᠳᠠᠭ᠂ ᠲᠧᠭᠨᠢᠭ ᠦᠨ ᠰᠢᠨᠵᠢᠯᠡᠬᠦ ᠤᠬᠠᠭᠠᠨ ᠤ ᠳ᠋ᠣᠺᠲ᠋ᠣᠷ ᠳ᠃ᠫᠦᠨᠴᠠᠭ᠂ ХАА, ЭЗ ᠍ ᠦᠨ ᠰᠢᠨᠵᠢᠯᠡᠬᠦ ᠤᠬᠠᠭᠠᠨ ᠤ ᠳ᠋ᠣᠺᠲ᠋ᠣᠷ ᠴᠤ᠃ᠪᠢᠮᠪᠠᠳᠣᠷᠵᠢ᠂ ᠪ᠃ᠭᠠᠩᠪᠠᠭᠠᠲᠤᠷ ᠨᠠᠷ ᠤᠨ ᠡᠷᠳᠡᠮᠲᠡᠳ ᠪᠤᠢ᠃

ᠲᠠᠮᠢᠷᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠨᠠᠴᠢᠨ ᠮᠠᠶᠢᠳᠠᠷᠵᠠᠪ ᠤᠨ Áᠠᠲᠠᠷ᠂ ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠳᠤ᠂ ᠤᠯᠤᠰ ᠤᠨ ᠨᠠᠴᠢᠨ ᠮᠢᠵᠢᠳᠣᠷᠵᠢ ᠶᠢᠨ ᠵᠠᠮᠢᠶᠠᠨᠫᠦᠷᠪᠦ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠮ᠃ᠪᠠᠶᠠᠷᠰᠠᠶᠢᠬᠠᠨ᠂ ᠲ᠃ᠤᠨᠳᠤᠷᠬᠤ᠂ ᠰᠫᠣᠷᠲ ᠤᠨ ᠮᠠᠰᠲ᠋ᠸᠷ ᠪ᠃ᠪᠠᠶᠠᠷᠪᠠᠲ᠂ ᠭ᠃ᠴᠢᠬᠢᠨᠪ᠂ ᠭ᠃ᠪᠠᠲᠤᠪᠠᠶᠠᠷ᠂ ᠪ᠃ᠭᠤᠩᠭᠠᠨ ᠠᠷᠮᠢ ᠶᠢᠨ ᠠᠪᠤᠷᠭᠤ ᠶᠢᠨ ᠠᠯᠲᠠ ᠬᠦᠷᠡᠯ ᠮᠧᠳᠠᠯ ᠳᠤ ᠳ᠂ᠣᠳᠬᠣᠨᠪᠠᠶᠠᠷ ᠵᠡᠷᠭᠡ ᠣᠯᠠᠨ ᠠᠯᠳᠠᠷᠲᠠᠢ ᠲᠠᠮᠢᠷᠴᠢᠳ ᠲᠥᠷᠥᠨ ᠭᠠᠷᠤᠭᠰᠠᠨ᠃

ᠠᠪᠤᠷᠭᠤ ᠮᠠᠯᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠣᠷᠣᠨ ᠨᠤᠲᠤᠭ ᠤᠨ ᠦᠶ᠎ᠡ ᠦᠶ᠎ᠡ ᠶᠢᠨ ᠰᠤᠮᠤ᠂ ᠠᠶᠢᠮᠠᠭ ᠤᠨ ᠣᠯᠠᠨ ᠠᠪᠤᠷᠠᠭ᠎ᠠ ᠮᠠᠯᠴᠢᠳ ᠲᠥᠷᠥᠨ ᠭᠠᠷᠤᠭᠰᠠᠨ ᠪᠥᠭᠡᠳ ᠲᠡᠳᠡᠭᠡᠷ ᠦᠨ ᠵᠠᠯᠭᠠᠮᠵᠢ ᠡᠳᠦᠭᠡ ᠭ᠃ᠮᠠᠭᠠᠮ , ᠳ᠃ᠭᠠᠩᠪᠠᠲᠤ᠂ ᠳ᠃ᠬᠦᠮᠦᠮᠡᠳᠡᠬᠦ ᠦᠭᠡᠢ᠂ ᠵ᠃ᠠᠳᠢᠶ᠎ᠠ᠂ ᠽ᠃ᠰᠠᠴᠤᠷᠠᠯ᠂ ᠨ᠃ᠪᠠᠲ᠋ᠠᠮᠠᠨᠳᠠᠬᠤ᠂ ᠮ᠃ᠪᠠᠲᠤᠪᠠᠯ ᠳᠤ᠂ ᠪ᠃ᠠᠳᠢᠶᠠᠳᠣᠷᠵᠢ᠂ ᠳ᠃ᠴᠢᠯᠠᠭᠤᠨᠪᠠᠲᠤ ᠨᠠᠷ ᠤᠨ ᠮᠢᠩᠭᠠᠲᠤ ᠮᠠᠯᠴᠢᠳ ᠲᠥᠷᠥᠨ ᠭᠠᠷᠤᠭᠠᠳ ᠪᠠᠶᠢᠨ᠎ᠠ᠃ ᠮᠥᠨ 2011 ᠣᠨ ᠳᠤ ᠠᠵᠢᠯ ᠦᠢᠯᠡᠰ᠂ ᠮᠠᠯ ᠮᠠᠯᠯᠠᠭᠠᠨ ᠤ ᠦᠷ᠎ᠡ ᠰᠢᠮ᠎ᠡ ᠪᠡᠷ ᠢᠶᠡᠨ ᠲᠤᠰ ᠰᠤᠮᠤ ᠶᠢᠨ 1 ᠳᠦᠭᠡᠷ ᠪᠠᠭ ᠤᠨ ᠮᠠᠯᠴᠢᠨ ᠵ᠃ᠠᠳᠢᠶ᠎ᠠ᠂ ᠽ᠃ᠰᠠᠴᠤᠷᠠᠯ ᠨᠠᠷᠠ ᠠᠶᠢᠮᠠᠭ ᠤᠨ ᠠᠪᠤᠷᠠᠭ᠎ᠠ ᠮᠠᠯᠴᠢᠨ ᠢᠶᠠᠷ ᠲᠣᠳᠣᠷᠠᠭᠠᠳ ᠪᠠᠶᠢᠭ᠎ᠠ ᠪᠢᠯᠡ᠃

ᠦᠢᠯᠡᠳᠪᠦᠷᠢᠯᠡᠯ᠂ ᠦᠢᠯᠡᠴᠢᠯᠡᠭᠡ᠂ ᠠᠵᠤ ᠠᠬᠤᠢ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠢᠷᠭᠡᠳ ᠤᠯᠠᠮᠵᠢᠯᠠᠯᠲᠤ ᠮᠠᠯ ᠠᠵᠤ ᠠᠬᠤᠢ ᠶᠢ ᠭᠣᠣᠯᠯᠠᠨ ᠡᠷᠬᠢᠯᠡᠵᠦ МАА ᠍ ᠶᠢᠨ ᠪᠦᠲᠦᠭᠡᠭᠳᠡᠬᠦᠨ ᠢ ᠪᠣᠷᠣᠯᠠᠭᠤᠯᠵᠤ ᠢᠷᠡᠭᠰᠡᠨ ᠦ ᠳᠡᠭᠡᠷ᠎ᠡ 1960 ᠢ ᠳᠤ ᠣᠨ ᠠᠴᠠ ᠭᠠᠵᠠᠷ ᠲᠠᠷᠢᠶᠠᠯᠠᠩ ᠡᠷᠬᠢᠯᠡᠵᠦ᠂ 3000 ᠭᠠᠷᠤᠢ ᠭᠠ ᠡᠷᠭᠢᠯᠲᠡ ᠶᠢᠨ ᠲᠠᠯᠠᠪᠠᠢ ᠳᠤ ᠦᠷ᠎ᠡ ᠲᠠᠷᠢᠶ᠎ᠠ᠂ ᠮᠠᠯ ᠤᠨ ᠲᠡᠵᠢᠭᠡᠯ᠂ ᠬᠦᠨᠡᠰᠦᠨ ᠦ ᠨᠣᠭᠣᠭ᠎ᠠ ᠲᠠᠷᠢᠶᠠᠯᠠᠵᠤ᠂ ᠡᠨᠡ ᠲᠠᠯ᠎ᠠ ᠪᠠᠷ ᠠᠶᠢᠮᠠᠭ ᠲᠤ ᠪᠠᠨ ᠲᠡᠳᠦᠢ ᠦᠭᠡᠢ ᠤᠯᠤᠰ ᠲᠤ ᠠᠯᠳᠠᠷᠰᠢᠨ ᠠᠮᠲᠠ ᠴᠢᠨᠠᠷ ᠰᠠᠶᠢᠲᠠᠢ ᠠᠶᠢᠷᠠᠭ᠂ ᠠᠷᠪᠠᠢ ᠶᠢᠨ ᠭᠤᠯᠢᠷ ᠨᠢ ᠵᠦᠢᠯ ᠦᠨ ᠬᠡᠮᠡᠨ ᠠᠯᠳᠠᠷᠰᠢᠭᠰᠠᠨ ᠨᠡᠷ᠎ᠡ ᠶᠢᠨ ᠪᠦᠲᠦᠭᠡᠭᠳᠡᠬᠦᠨ ᠪᠠᠶᠢᠪᠠ᠃

ᠲᠤᠰ ᠰᠤᠮᠤᠨ ᠳᠤ ᠳ᠃ᠲᠥᠷᠦᠪᠠᠲᠤ ᠠᠬᠠᠯᠠᠭᠴᠢ ᠲᠠᠢ ᠲᠤᠰᠠᠯᠠᠬᠤ ᠦᠢᠯᠡᠳᠪᠦᠷᠢ ᠶᠢᠨ /ᠠᠶᠢᠮᠠᠭ ᠤᠨ ᠠᠩᠬᠠᠨ ᠤ/ СХ ᠍ ᠦᠨ ᠪᠠᠷᠢᠭᠠᠳᠠ ᠪᠠᠶᠢᠭᠤᠯᠤᠨ ᠰᠤᠮᠤ᠂ ᠰᠤᠮᠤ ᠪᠠᠷᠢᠭᠠᠳᠠ ᠶᠢᠨ ᠲᠥᠪ ᠦᠨ ᠶᠡᠬᠡᠩᠬᠢ ᠪᠠᠷᠢᠯᠭ᠎ᠠ ᠨᠤᠭᠤᠳ ᠢ ᠪᠠᠷᠢᠵᠤ ᠠᠰᠢᠭᠯᠠᠯᠲᠠᠨ ᠳᠤ ᠥᠭᠬᠦ ᠶᠢᠨ ᠵᠡᠷᠭᠡᠴᠡᠭᠡ ᠭᠡᠷ ᠠᠬᠤᠢ ᠶᠢᠨ ᠡᠳ᠋ᠯᠡᠯ ᠬᠡᠷᠡᠭᠯᠡᠯ᠂ ᠭᠤᠲᠤᠯ᠂ ᠬᠢᠬᠦ ᠵᠠᠰᠠᠪᠤᠷᠢᠯᠠᠬᠤ᠂ ᠬᠤᠪᠴᠠᠰᠤ ᠡᠰᠬᠡᠵᠦ ᠤᠶᠤᠬᠤ᠂ ᠠᠷᠢᠰ ᠰᠢᠷᠢᠨ ᠳᠦ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠬᠦ᠂ ᠳᠠᠷᠬᠠᠨ ᠮᠤᠵᠢᠶᠠᠩ᠂ ᠲᠠᠯᠬ᠎ᠠ ᠨᠠᠷᠢᠨ ᠪᠣᠣᠪᠣᠨ ᠤ ᠦᠢᠯᠡᠳᠪᠦᠷᠢᠯᠡᠯ ᠤᠯᠠᠮᠵᠢᠯᠠᠭᠳᠠᠨ ᠬᠥᠭᠵᠢᠵᠦ ᠢᠷᠡᠭᠰᠡᠨ ᠪᠥᠭᠡᠳ ᠠᠶᠢᠷᠠᠭ ᠴᠠᠭᠠᠨ ᠢᠳᠡᠭᠡ᠂ ᠢᠰᠡᠭᠡᠢ ᠬᠢᠬᠦ ᠨᠡᠬᠡᠢ᠂ ᠰᠤᠷ ᠡᠯᠳᠡᠭᠬᠦ ᠲᠠᠯ᠎ᠠ ᠪᠠᠷ ᠢᠶᠠᠨ ᠠᠯᠳᠠᠷᠲᠠᠢ᠃

ᠣᠳᠣ ᠪᠠᠷ 700 ᠣᠷᠴᠢᠮ ᠰᠤᠷᠤᠭᠴᠢᠳ ᠲᠠᠢ 11 ᠵᠢᠯ ᠦᠨ ᠳᠤᠮᠳᠠ ᠰᠤᠷᠭᠠᠭᠤᠯᠢ , 70 ᠬᠡᠦᠬᠡᠳ ᠦᠨ ᠴᠡᠴᠡᠷᠯᠢᠭ᠂ ᠡᠬᠡ ᠪᠠᠷᠢᠬᠤ᠂ ᠡᠮᠡᠭᠲᠡᠶᠢᠴᠦᠳ᠂ ᠮᠡᠰᠡ ᠵᠠᠰᠠᠯ ᠤᠨ ᠪᠯᠣᠺ ᠲᠠᠢ 20 ᠣᠷᠣ ᠪᠦᠬᠦᠢ ᠰᠤᠮᠤ ᠳᠤᠮᠳᠠ ᠶᠢᠨ ᠡᠮᠨᠡᠯᠭᠡ᠂ ХААН ᠪᠠᠩᠬᠢ᠂ ᠬᠠᠳᠠᠭᠠᠯᠠᠮᠵᠢ ᠪᠠᠩᠬᠢ᠂ ᠴᠠᠬᠢᠯᠭᠠᠨ ᠬᠣᠯᠪᠣᠭ᠎ᠠ ХХК ᠍ ᠦ ᠰᠠᠯᠪᠤᠷᠢ᠂ ᠰᠢᠤᠳᠠᠨ ᠬᠣᠯᠪᠣᠭ᠎ᠠ᠂ ᠴᠠᠬᠢᠯᠭᠠᠨ ᠱᠤᠭᠤᠮ ᠰᠦᠯᠵᠢᠶ᠎ᠡ᠂ НИК, МТ ᠣᠶᠢᠯᠠ ХХК ᠬᠠᠷᠢᠶ᠎ᠠ ᠰᠢᠲᠠᠬᠤᠨ ᠲᠦᠭᠡᠭᠡᠬᠦ ᠰᠲ᠋ᠠᠨᠼ ᠤᠨ ᠰᠠᠯᠪᠤᠷᠢ , ᠰᠤᠶᠤᠯ᠂ ᠬᠤᠳᠠᠯᠳᠤᠭ᠎ᠠ ᠦᠢᠯᠡᠴᠢᠯᠡᠭᠡᠨ ᠦ ᠲᠥᠪ ᠦᠳ ᠵᠡᠷᠭᠡ ᠦᠢᠯᠡᠴᠢᠯᠡᠭᠡᠨ ᠦ ᠪᠠᠶᠢᠭᠤᠯᠤᠯᠭ᠎ᠠ ᠨᠤᠭᠤᠳ᠂ ᠦᠢᠯᠡᠳᠪᠦᠷᠢᠯᠡᠯ ᠬᠤᠳᠠᠯᠳᠤᠭᠠᠨ ᠤ 4 ХХК, 2 ᠬᠣᠷᠰᠢᠶ᠎ᠠ᠂ 8 ᠮᠠᠯᠴᠢᠨ ᠤ ᠪᠦᠯᠦᠭ ᠪᠦᠬᠦᠢ᠂ ᠠᠷᠪᠠᠶᠢᠬᠦ ᠪᠡᠷ-ᠶᠢᠰᠦᠨ ᠵᠦᠢᠯ ᠮᠠᠷᠱᠷᠦ᠋ᠲ ᠢᠶᠠᠷ ᠡᠳᠦᠷ ᠪᠦᠷᠢ᠂ ᠶᠢᠰᠦᠨ ᠵᠦᠢᠯ - ᠤᠯᠢᠶᠠᠨᠪᠠᠭᠠᠲᠤᠷ ᠤᠨ ᠬᠣᠭᠣᠷᠣᠨᠳᠣ 7 ᠬᠣᠨᠣᠭ ᠲᠤ 2 ᠤᠳᠠᠭ᠎ᠠ ᠵᠣᠷᠴᠢᠭᠴᠢ ᠲᠡᠭᠡᠭᠡᠪᠦᠷᠢ ᠶᠢᠨ ᠪᠠᠶᠢᠩᠭᠤ ᠶᠢᠨ ᠦᠢᠯᠡᠴᠢᠯᠡᠭᠡ ᠲᠡᠢ᠂ ᠳᠡᠳ᠋ ᠪᠦᠲᠦᠴᠡ ᠶᠢᠨ ᠬᠥᠭᠵᠢᠯ ᠰᠠᠶᠢᠲᠠᠢ ᠵᠡᠭᠦᠨ ᠪᠦᠰᠢ ᠶᠢᠨ ᠰᠤᠮᠤᠳ ᠤᠨ ᠲᠥᠪ ᠪᠣᠯᠤᠨ ᠬᠥᠭᠵᠢᠵᠦ ᠪᠠᠶᠢᠭ᠎ᠠ ᠶᠤᠮ᠃

ᠱᠠᠰᠢᠨ᠂ᠰᠦᠰᠦᠭᠯᠡᠯ ᠦᠨ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠢᠰᠦᠨ ᠵᠦᠢᠯ ᠰᠤᠮᠤᠨ ᠳᠤ ᠥᠨᠳᠥᠷ ᠭᠡᠭᠡᠨ ᠭ᠃ᠵᠠᠨᠠᠪᠠᠽᠠᠷ ᠤᠨ ᠬᠦᠢᠭᠦ ᠳᠠᠷᠤᠭᠰᠠᠨ ᠭᠠᠵᠠᠷ ᠲᠤ ᠠᠩᠬ᠎ᠠ ᠪᠣᠰᠬᠠᠭᠰᠠᠨ 》ᠡᠪᠦᠭᠡᠨ ᠰᠤᠪᠤᠷᠭ᠎ᠠ》 ᠳᠠᠰᠢᠭᠦᠩᠭᠠᠳᠡᠵᠢᠳ ᠬᠡᠶᠢᠳ ᠪᠠᠶᠢᠳᠠᠭ ᠪᠥᠭᠡᠳ 1994-1995 ᠣᠨ ᠳᠤ ᠰᠡᠷᠭᠦᠭᠡᠭᠰᠡᠨ ᠪᠢᠯᠡ . ᠡᠨᠡᠬᠦ ᠰᠤᠪᠤᠷᠭ᠎ᠠ ᠳᠤᠭᠠᠩ ᠢ ᠰᠡᠷᠭᠦᠭᠡᠬᠦ ᠳᠦ ᠰᠦᠮ᠎ᠡ ᠶᠢᠨ ᠵᠠᠬᠢᠷᠤᠭᠴᠢ ᠭᠡᠶᠥᠭ ᠴᠢᠮᠡᠳᠳᠣᠷᠵᠢ ᠠᠭᠰᠠᠨ ᠤ ᠬᠠᠨᠢ ᠳ᠃ᠪᠠᠳᠳᠡᠯᠭᠡᠷ ᠵᠡ ᠬᠦᠦ ᠴᠤ᠃ᠭᠠᠨᠬᠦᠦ ᠨᠠᠷ ᠰᠠᠨᠠᠭᠠᠴᠢᠯᠠᠨ ᠥᠪᠡᠷᠰᠡᠳ ᠦᠨ ᠥᠪᠯᠡᠨ ᠬᠠᠳᠠᠭᠠᠯᠠᠵᠤ ᠢᠷᠡᠭᠰᠡᠨ ᠪᠤᠷᠬᠠᠨ ᠱᠠᠰᠢᠨ ᠤ ᠡᠳ᠋ ᠥᠭᠯᠢᠭᠡ ᠳᠦ ᠲᠤᠯᠭᠠᠭᠤᠷᠢᠯᠠᠨ ᠬᠥᠷᠥᠩᠭᠡ ᠮᠥᠩᠭᠥ ᠪᠡᠷ ᠰᠠᠩᠬᠦᠵᠢᠭᠦᠯᠦᠭᠰᠡᠨ ᠶᠤᠮ . ᠥᠨᠳᠥᠷ ᠭᠡᠭᠡᠨ ᠦ ᠵᠢᠪᠬᠡᠨ ᠦ ᠦᠨᠡᠰᠦ ᠠᠰᠬᠠᠭᠰᠠᠨ ᠴᠠᠭᠠᠨ ᠲᠣᠯᠣᠭᠠᠢ ᠡᠪᠦᠭᠡᠨ ᠰᠤᠪᠤᠷᠭᠤᠨ ᠤ ᠵᠡᠭᠦᠨ ᠤᠷᠳᠤ ᠴᠠᠶᠢᠷᠠᠨ ᠬᠠᠷᠠᠭᠳᠠᠳᠠᠭ ᠪᠢᠯᠡ᠃ ᠮᠥᠨ ᠰᠤᠮᠤ ᠶᠢᠨ ᠲᠥᠪ ᠲᠦ ᠭᠠᠩᠳᠠᠨ ᠴᠣᠶᠢᠨᠫᠢᠯᠢᠨ ᠬᠡᠶᠢᠳ ᠰᠦᠰᠦᠭᠲᠡᠨ ᠣᠯᠣᠩ ᠳᠤ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃

ᠬᠣᠯᠪᠣᠭ᠎ᠠ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠬᠡᠮᠵᠢᠶᠡᠨ ᠳᠦ ᠮᠣᠷᠢᠨ ᠰᠫᠣᠷᠲ ᠤᠶᠠᠭᠠᠴᠢᠳ ᠤᠨ 《 ᠲᠣᠯᠢᠨ ᠰᠠᠷᠠᠲᠤ》 ᠬᠣᠯᠪᠣᠭ᠎ᠠ᠂ ᠦᠨᠳᠦᠰᠦᠨ ᠦ ᠱᠠᠭ᠎ᠠ ᠶᠢᠨ ᠬᠠᠷᠪᠤᠭᠠᠨ ᠤ 《 ᠮᠡᠷᠭᠡ》 ᠲᠣᠪᠴᠢᠶ᠎ᠠ ᠦᠢᠯᠡ ᠠᠵᠢᠯᠯᠠᠭ᠎ᠠ ᠶᠠᠪᠤᠭᠤᠯᠵᠤ ᠠᠶᠢᠮᠠᠭ ᠪᠣᠯᠤᠨ ᠪᠦᠰ ᠦᠨ ᠤᠷᠤᠯᠳᠤᠭᠠᠨ ᠲᠡᠮᠡᠴᠡᠭᠡᠨ ᠨᠦᠭᠦᠳ ᠲᠦ ᠠᠮᠵᠢᠯᠲᠠᠲᠠᠢ ᠣᠷᠣᠯᠴᠠᠵᠤ ᠪᠠᠶᠢᠨ᠎ᠠ᠃

ᠡᠶᠢᠨᠬᠦᠦ ᠲᠤᠰ ᠰᠤᠮᠤ ᠶᠢᠨ ᠠᠭᠤᠭᠤᠯ ᠢᠷᠭᠡᠳ᠂ ᠬᠥᠳᠡᠯᠮᠦᠷᠢᠴᠢᠳ ᠤᠯᠤᠰ ᠡᠬᠡ ᠣᠷᠣᠨ ᠤ ᠪᠠᠨ ᠬᠥᠭᠵᠢᠯᠲᠡᠢ ᠬᠥᠯ ᠨᠡᠶᠢᠯᠡᠭᠦᠯᠦᠨ ᠰᠤᠮᠤ ᠣᠷᠣᠨᠣᠨ ᠳᠡᠭᠵᠢᠭᠡᠨ ᠬᠥᠭᠵᠢᠭᠦᠯᠬᠦ᠂ ᠦᠢᠯᠡᠰ ᠲᠦ ᠬᠦᠴᠦ ᠬᠥᠳᠡᠯᠮᠦᠷᠢ ᠪᠡᠨ ᠵᠣᠷᠢᠭᠤᠯᠤᠨ ᠠᠵᠢᠯᠯᠠᠵᠤ ᠪᠠᠶᠢᠨ᠎ᠠ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠥᠪᠦᠷᠬᠠᠩᠭᠠᠢ ᠠᠶᠢᠮᠠᠭ ᠤᠨ ᠰᠲ᠋ᠠᠲ᠋ᠢᠰᠲ᠋ᠢᠭ ᠤᠨ ᠡᠮᠬᠢᠳᠬᠡᠯ - 2011. ᠠᠷᠪᠠᠶᠢᠬᠦ ᠪᠡᠷ ᠬᠣᠲᠠ 2012-01-12.

ᠪᠢᠴᠢᠭᠡᠰᠦ