ᠶᠡᠰᠦᠰ ᠾᠷᠢᠰᠲ ᠤᠨ ᠵᠢᠩᠬᠢᠨᠢ ᠰᠦᠮ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
[ ᠮᠣᠩᠭᠣᠯ ᠺᠢᠷᠢᠯ ᠦᠰᠦᠭ ] [ ᠮᠣᠨᠭᠭᠣᠯ ᠬᠡᠯᠡ ]

ᠶᠡᠰᠦᠰ ᠾᠷᠢᠰᠲ ᠤᠨ ᠵᠢᠩᠬᠢᠨᠢ ᠰᠦᠮ᠎ᠡ ᠪᠣᠯ 1917 ᠣᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠍ ᠍ ᠤᠨ ᠪᠡᠭᠡᠵᠢᠩ ᠬᠣᠳᠠ ᠳᠤ ᠪᠠᠶᠢᠭᠤᠯᠤᠭᠳᠠᠭᠰᠠᠨ ᠪᠡᠶ᠎ᠡ ᠪᠡᠨ ᠳᠠᠭᠠᠭᠰᠠᠨ ᠰᠦᠮ᠎ᠡ ᠶᠤᠮ᠃ ᠥᠨᠥᠳᠥᠷ ᠲᠤᠰ ᠰᠦᠮ᠎ᠡ ᠨᠢ 6 ᠲᠢᠪ ᠦᠨ 8 ᠣᠷᠣᠨ ᠤ 48 ᠤᠯᠤᠰ ᠲᠤ ᠣᠶᠢᠷᠠᠯᠴᠠᠭ᠎ᠠ ᠪᠠᠷ 2.5 ᠰᠠᠶ᠎ᠠ ᠭᠡᠰᠢᠭᠦᠨ ᠲᠡᠢ ᠪᠣᠯᠤᠭᠰᠠᠨ ᠪᠠᠶᠢᠨ᠎ᠠ᠃ ᠡᠨᠡᠬᠦ ᠰᠦᠮ᠎ᠡ ᠨᠢ 12 ᠳ᠋ᠤᠭᠠᠷ ᠵᠠᠭᠤᠨ ᠤ ᠡᠬᠢ ᠪᠡᠷ ᠦᠨᠳᠦᠰᠦᠯᠡᠭᠳᠡᠭᠰᠡᠨ ᠾᠷᠢᠰᠤᠰ ᠤᠨ ᠱᠠᠰᠢᠨ ᠤ ᠫᠧᠨ᠋ᠲ᠋ᠧᠺᠣᠰᠲ᠋ᠠᠯ ᠪᠦᠯᠬᠦᠮ ᠳᠦ ᠬᠠᠷᠢᠶᠠᠯᠠᠭᠳᠠᠳᠠᠭ ᠶᠤᠮ᠃ ᠮᠥᠨ ᠲᠤᠰ ᠰᠦᠮ᠎ᠡ ᠨᠢ 1949 ᠣᠨ ᠳᠤ ᠬᠢᠲᠠᠳ ᠤᠨ ᠵᠠᠰᠠᠭ ᠤᠨ ᠡᠷᠬᠡ ᠶᠢ ᠺᠣᠮᠮᠤᠨᠢᠰᠲ᠋ᠤᠤᠳ ᠠᠪᠬᠤ ᠠᠴᠠ ᠡᠮᠦᠨ᠎ᠡ ᠣᠷᠣᠰᠢᠵᠤ ᠪᠠᠶᠢᠭᠰᠠᠨ ᠠᠭᠤᠭᠤᠯ 3 ᠰᠦᠮ᠎ᠡ ᠶᠢᠨ ᠨᠢᠭᠡ ᠶᠠᠭᠤᠮ᠎ᠠ᠃ ᠲᠡᠭᠦᠨ ᠦ ᠵᠣᠷᠢᠯᠭ᠎ᠠ ᠨᠢ ᠢᠰᠦᠰ ᠾᠷᠢᠰᠲ᠋ᠢ ᠶᠢ 2 ᠳᠠᠬᠢ ᠤᠳᠤᠭ᠎ᠠ ᠪᠠᠨ ᠡᠷᠭᠢᠨ ᠵᠠᠯᠠᠷᠠᠬᠤ ᠠᠴᠠ ᠡᠮᠦᠨ᠎ᠡ ᠪᠦᠬᠦ ᠦᠨᠳᠦᠰᠦᠲᠡᠨ ᠳᠦ ᠪᠤᠷᠬᠠᠨ ᠤ ᠨᠣᠮᠯᠠᠯ ᠢ ᠬᠦᠷᠭᠡᠬᠦ ᠳᠦ ᠣᠷᠣᠰᠢᠨ᠎ᠠ᠃

ᠰᠦᠮ᠎ᠡ ᠶᠢᠨ ᠠᠷᠪᠠᠨ ᠨᠣᠮᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠢᠭᠤᠨ ᠰᠦᠨᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠣᠯᠠᠨ ᠬᠡᠯᠡ ᠶᠢᠨ ᠠᠮᠢᠲᠠᠳ ᠤᠨ ᠬᠦᠦᠷᠨᠢᠬᠦ ᠶᠢ ᠦᠵᠡᠪᠡᠰᠦ ᠠᠷᠢᠭᠤᠨ ᠰᠦᠨᠡᠰᠦ ᠶᠢ ᠬᠦᠯᠢᠶᠡᠨ ᠵᠦᠪᠰᠢᠶᠡᠷᠡᠬᠦ ᠨᠢ ᠲᠩᠷᠢ ᠶᠢᠨ ᠸᠠᠩᠲᠤ ᠤᠯᠤᠰ ᠢ ᠥᠪᠯᠡᠨ ᠠᠪᠬᠤ ᠭᠠᠭᠴᠠ ᠪᠠᠲᠤᠯᠠᠭ᠎ᠠ ᠪᠥᠯᠦᠭᠡ᠃》

ᠤᠰᠤᠨ ᠪᠠᠫᠲ᠋ᠢᠰᠮ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠤᠰᠤᠨ ᠪᠠᠫᠲ᠋ᠢᠰᠮ ᠨᠢ ᠬᠦᠮᠦᠨ ᠨᠢᠭᠦᠯ ᠡᠴᠡ ᠪᠡᠨ ᠰᠠᠯᠵᠤ ᠰᠢᠨᠡᠴᠢᠯᠡᠭᠳᠡᠵᠦ ᠪᠤᠢ ᠶᠢ ᠪᠡᠯᠭᠡᠳᠡᠭᠰᠡᠨ ᠶᠣᠰᠣᠯᠠᠯ ᠪᠥᠯᠦᠭᠡ᠃ ᠪᠠᠫᠲ᠋ᠢᠰᠮ ᠢ ᠭᠣᠣᠯ ᠮᠥᠷᠡᠨ᠂ ᠪᠤᠯᠠᠭ ᠱᠠᠩᠳᠠ᠂ ᠲᠡᠩᠭᠢᠰ ᠳᠠᠯᠠᠢ ᠭᠡᠬᠦ ᠮᠡᠲᠦ ᠪᠠᠶᠢᠭᠠᠯᠢ ᠶᠢᠨ ᠠᠮᠢᠳᠤ ᠤᠰᠤᠨ ᠢᠶᠠᠨ ᠡᠵᠡᠨ ᠢᠢᠰᠦᠶᠢᠰ ᠾᠷᠢᠰᠲ᠋ᠣᠰ ᠤᠨ ᠨᠡᠷ᠎ᠡ ᠶᠢᠨ ᠡᠮᠦᠨ᠎ᠡ ᠡᠴᠡ ᠭᠦᠢᠴᠡᠳᠭᠡᠮᠠᠢ᠃ ᠪᠠᠫᠲ᠋ᠢᠰᠮ ᠬᠢᠯᠭᠡᠵᠦ ᠪᠠᠶᠢᠭ᠎ᠠ ᠬᠥᠮᠥᠨ ᠪᠣᠯᠪᠠᠰᠤ ᠪᠦᠲᠦᠨ ᠪᠡᠶ᠎ᠡ ᠪᠡᠷ ᠢᠶᠡᠨ ᠤᠰᠤᠨ ᠳᠣᠲᠣᠷ᠎ᠠ ᠲᠡᠷᠢᠭᠦᠨ ᠢᠶᠡᠨ ᠪᠦᠬᠦᠶᠢᠯᠭᠡᠵᠦ ᠨᠡᠭᠦᠷᠢ ᠪᠡᠨ ᠠᠯᠲᠠᠨ ᠳᠡᠯᠡᠬᠡᠢ ᠷᠦᠦ ᠬᠠᠨᠳᠤᠭᠤᠯᠤᠭᠰᠠᠨ ᠪᠠᠶᠢᠳᠠᠯ ᠲᠠᠢ ᠪᠠᠶᠢᠬᠤ ᠤᠴᠢᠷᠲᠠᠢ᠃》

ᠬᠥᠯ ᠤᠬᠢᠶᠠᠬᠤ ᠶᠣᠰᠣᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠬᠥᠯ ᠤᠬᠢᠶᠠᠬᠤ ᠶᠣᠰᠣᠯᠠᠯ ᠨᠢ ᠬᠦᠮᠦᠨ ᠢ ᠡᠵᠡᠨ ᠢᠢᠰᠦᠶᠢᠰ ᠲᠡᠢ ᠬᠠᠮᠲᠤ ᠪᠠᠶᠢᠬᠤ ᠪᠣᠯᠤᠮᠵᠢ ᠣᠯᠭᠤᠳᠠᠭ᠃ ᠮᠥᠨ ᠡᠨᠡ ᠨᠢ ᠬᠦᠮᠦᠨ ᠢ ᠵᠥᠭᠡᠯᠡᠨ᠂ ᠠᠷᠢᠭᠤᠨ᠂ ᠬᠦᠯᠢᠴᠡᠩᠭᠦᠢ᠂ ᠨᠢᠭᠦᠯᠡᠰᠦᠩᠭᠦᠢ ᠪᠥᠭᠡᠳ ᠲᠤᠰᠠᠴᠢ ᠪᠠᠶᠢᠬᠤ ᠶᠢ ᠦᠷᠭᠦᠯᠵᠢ ᠰᠠᠨᠠᠭᠤᠯᠵᠤ ᠪᠠᠶᠢᠳᠠᠭ᠃ ᠤᠰᠤᠨ ᠪᠠᠫᠲ᠋ᠢᠰᠮ ᠬᠢᠯᠭᠡᠭᠰᠡᠨ ᠬᠦᠮᠦᠨ ᠪᠦᠷᠢ ᠡᠵᠡᠨ ᠢᠢᠰᠤᠰ ᠤᠨ ᠨᠡᠷ᠎ᠡ ᠶᠢᠨ ᠡᠮᠦᠨ᠎ᠡ ᠡᠴᠡ ᠬᠥᠯ ᠢᠶᠡᠨ ᠤᠬᠢᠶᠠᠬᠤ ᠬᠡᠷᠡᠭᠲᠡᠢ᠃ ᠪᠣᠯᠤᠮᠵᠢ ᠲᠠᠢ ᠪᠣᠯ ᠪᠡᠶ᠎ᠡ ᠪᠡᠶᠡᠨ ᠦ ᠪᠡᠨ ᠬᠥᠯ ᠢ ᠤᠭᠢᠶᠠᠵᠤ ᠪᠣᠯᠤᠨ᠎ᠠ᠃》

ᠠᠷᠢᠭᠤᠨ ᠨᠢᠭᠡᠳᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠠᠷᠢᠭᠤᠨ ᠨᠢᠭᠡᠳᠦᠯ ᠨᠢ ᠡᠵᠡᠨ ᠶᠡᠰᠦᠰ ᠾᠷᠢᠰᠲ ᠤᠨ ᠦᠬᠦᠯ ᠢ ᠲᠡᠮᠳᠡᠭᠯᠡᠭᠰᠡᠨ ᠪᠡᠯᠭᠡ ᠳᠡᠮᠪᠡᠷᠢᠯ ᠶᠤᠮ᠃ ᠡᠨᠡ ᠨᠢ ᠰᠡᠭᠦᠯᠴᠢ ᠶᠢᠨ ᠡᠳᠦᠷ ᠲᠦ ᠡᠷᠭᠦᠭᠳᠡᠵᠦ ᠡᠭᠦᠷᠢᠳᠡ ᠠᠮᠢᠳᠤᠷᠠᠬᠤ ᠶᠢᠨ ᠲᠤᠯᠠᠳᠠ ᠪᠢᠳᠡᠨ ᠦ ЭЗЭНий ᠪᠡᠶ᠎ᠡ ᠪᠣᠯᠤᠨ ᠴᠢᠰᠤ ᠶᠢ ᠬᠤᠪᠢᠶᠠᠯᠴᠠᠨ ᠲᠡᠭᠦᠨ ᠲᠡᠢ ᠨᠢᠭᠡᠳᠦᠯ ᠳᠦ ᠪᠠᠶᠢᠬᠤ ᠪᠣᠯᠤᠮᠵᠢ ᠶᠢ ᠣᠯᠭᠤᠳᠠᠭ ᠶᠤᠮ᠃ ᠡᠨᠡ ᠪᠡᠯᠡᠭ ᠳᠡᠢᠪᠡᠷᠢᠯ ᠢ ᠠᠯᠢ ᠪᠣᠯᠬᠣᠷ ᠣᠯᠠᠨ ᠤᠳᠠᠭ᠎ᠠ ᠶᠠᠪᠤᠭᠤᠯᠳᠠᠭ᠃ ᠵᠥᠪᠬᠡᠨ ᠨᠢᠭᠡ ᠯᠠ ᠡᠰᠬᠡᠭᠡ ᠦᠭᠡᠢ ᠲᠠᠯᠬ᠎ᠠ ᠪᠠ ᠤᠰᠤᠨ ᠦᠵᠦᠮ ᠦᠨ ᠰᠢᠭᠦᠰᠦ ᠶᠢ ᠬᠡᠷᠡᠭᠯᠡᠳᠡᠭ᠃》

ᠰᠠᠪᠪᠠᠲ ᠤᠨ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠰᠠᠪᠪᠠᠲ ᠤᠨ ᠡᠳᠦᠷ ᠪᠤᠶᠤ ᠳᠣᠯᠣᠭ᠎ᠠ ᠬᠣᠨᠣᠭ ᠤᠨ 7 ᠳᠠᠬᠢ ᠡᠳᠦᠷ (ᠪᠢᠮᠪᠠ ᠭᠠᠷᠠᠭ) ᠨᠢ ᠪᠤᠷᠬᠠᠨ ᠤ ᠥᠷᠥᠰᠢᠶᠡᠨ ᠠᠷᠢᠭᠤᠳᠬᠠᠭᠰᠠᠨ ᠠᠷᠢᠭᠤᠨ ᠡᠳᠦᠷ᠃ ᠡᠨᠡ ᠨᠢ ᠪᠤᠷᠬᠠᠨ ᠤ ᠪᠦᠲᠦᠭᠡᠯ ᠪᠠ ᠠᠪᠤᠷᠠᠯ ᠢ ᠲᠡᠮᠳᠡᠭᠯᠡᠵᠦ᠂ ᠳᠠᠷᠠᠭᠠᠴᠢ ᠶᠢᠨ ᠠᠮᠢᠳᠤᠷᠠᠯ ᠳᠠᠬᠢ ᠡᠭᠦᠷᠢᠳᠡ ᠶᠢᠨ ᠠᠮᠠᠷᠠᠯᠲᠠ ᠶᠢᠨ ᠨᠠᠶᠢᠳᠠᠪᠤᠷᠢᠲᠤ ᠪᠤᠷᠬᠠᠨ ᠤ ᠢᠪᠡᠭᠡᠯ ᠳᠣᠣᠷ᠎ᠠ ᠲᠡᠮᠳᠡᠭᠯᠡᠭᠳᠡᠳᠡᠭ᠃》

ᠶᠡᠰᠦᠰ ᠾᠷᠢᠰᠲ᠋[ᠵᠠᠰᠠᠪᠤᠷᠢᠯᠠᠬᠤ | ᠺᠣᠳ᠋ ᠢᠶᠠᠷ ᠵᠠᠰᠠᠬᠣ]

《ᠶᠡᠰᠦᠰ ᠨᠢ ᠨᠢᠭᠦᠯᠲᠦ ᠬᠦᠮᠦᠰ ᠢ ᠠᠪᠤᠷᠠᠯ ᠢᠪᠡᠭᠡᠯ ᠳᠦ ᠪᠡᠨ ᠠᠪᠬᠤ ᠶᠢᠨ ᠲᠤᠯᠠᠳᠠ ᠵᠠᠭᠠᠯᠮᠠᠶᠢᠳᠠ ᠴᠣᠪᠳᠣᠯᠠᠭᠤᠯᠵᠤ ᠨᠠᠰᠤ ᠪᠠᠷᠠᠭᠰᠠᠨ ᠠᠴᠠ ᠬᠣᠶᠢᠰᠢ 3 ᠬᠣᠨᠣᠭ ᠤᠨ ᠳᠠᠷᠠᠭ᠎ᠠ ᠡᠷᠭᠢᠨ ᠠᠮᠢ ᠣᠷᠣᠵᠤ᠂ ᠲᠩᠷᠢ ᠳᠦ ᠢᠯᠡᠭᠡᠭᠳᠡᠭᠰᠡᠨ ᠬᠦᠮᠦᠨ ᠲᠥᠷᠥᠯᠬᠢᠲᠡᠨ ᠦ ᠴᠣᠷ ᠤᠨ ᠭᠠᠭᠴᠠ ᠠᠪᠤᠷᠠᠭᠴᠢ᠂ ᠲᠩᠷᠢ ᠭᠠᠵᠠᠷ ᠤᠨ ᠡᠵᠡᠨ᠂ ᠴᠣᠷ ᠤᠨ ᠭᠠᠭᠴᠠ ᠦᠨᠡᠨ ᠪᠤᠷᠬᠠᠨ ᠶᠤᠮ᠃》

ᠪᠢᠪᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠰᠢᠨ᠎ᠡ ᠭᠡᠷ᠎ᠡ》 ᠨᠢ ᠪᠤᠷᠬᠠᠨ ᠤ ᠣᠩᠭᠣᠳ ᠢᠶᠠᠷ ᠪᠢᠴᠢᠭᠳᠡᠵᠦ᠂ ᠦᠭᠡ ᠳᠠᠭᠤ ᠦᠭᠡᠢ ᠳᠠᠭᠠᠵᠤ ᠮᠥᠷ ᠲᠦ ᠬᠢ ᠦᠨᠡᠨ ᠮᠥᠨ ᠢ ᠪᠠᠲᠤᠯᠠᠬᠤ ᠴᠣᠷ ᠤᠨ ᠭᠠᠭᠴᠠ ᠪᠤᠷᠬᠠᠨ ᠤ ᠨᠣᠮ ᠪᠥᠭᠡᠳ ᠰᠢᠲᠦᠯᠭᠡ ᠬᠢᠬᠦ ᠦᠨᠳᠦᠰᠦ ᠨᠢ ᠪᠣᠯᠳᠠᠭ᠃《

ᠠᠪᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

》ᠠᠪᠤᠷᠠᠯ ᠢ ᠨᠠᠶᠢᠳᠠᠪᠤᠷᠢ ᠶᠢᠨ ᠵᠠᠮ ᠢᠶᠠᠷ ᠪᠤᠷᠬᠠᠨ ᠤ ᠡᠨᠡᠷᠢᠯ ᠡᠴᠡ ᠠᠪᠳᠠᠭ᠃ ᠾᠷᠢᠰᠲ᠋ᠣᠰ ᠤᠨ ᠱᠠᠰᠢᠨᠲᠠᠨ ᠨᠤᠭᠤᠳ ᠭᠡᠭᠡᠷᠡᠯ ᠢ ᠣᠯᠵᠤ ᠠᠪᠬᠤ᠂ ᠪᠤᠷᠬᠠᠨ ᠢ ᠬᠦᠨᠳᠦᠯᠡᠬᠦ᠂ ᠬᠦᠮᠦᠨ ᠠᠷᠠᠳ ᠢ ᠬᠠᠶᠢᠷᠠᠯᠠᠬᠤ ᠶᠢᠨ ᠲᠤᠯᠠᠳᠠ ᠠᠷᠢᠭᠤᠨ ᠰᠦᠨᠡᠰᠦᠨ ᠳᠦ ᠨᠠᠶᠢᠳᠠᠬᠤ ᠬᠡᠷᠡᠭᠲᠡᠢ᠃《

ᠪᠢᠳᠡᠨ ᠦ ᠡᠵᠡᠨ ᠶᠡᠰᠦᠰ ᠾᠷᠢᠰᠲ᠋[ᠵᠠᠰᠠᠪᠤᠷᠢᠯᠠᠬᠤ | ᠺᠣᠳ᠋ ᠢᠶᠠᠷ ᠵᠠᠰᠠᠬᠣ]

》ᠪᠢᠳᠡᠨ ᠦ ᠡᠵᠡᠨ ᠶᠡᠰᠦᠰ ᠾᠷᠢᠰᠲ᠋ 《ᠳᠠᠷᠠᠭᠠᠴᠢ ᠶᠢᠨ ᠪᠣᠷᠣᠭ᠎ᠠ》 ᠍ ᠍ ᠶᠢᠨ ᠦᠶ᠎ᠡ ᠪᠡᠷ ᠠᠷᠢᠭᠤᠨ ᠰᠦᠨᠡᠰᠦ ᠶᠢᠨ ᠵᠠᠮ ᠢᠶᠠᠷ ᠪᠦᠲᠦᠭᠡᠭᠰᠡᠨ ᠦᠨᠡᠨ ᠶᠡᠰᠦᠰᠦ ᠶᠢᠨ ᠰᠦᠮ᠎ᠡ ᠨᠢ ᠶᠡᠰᠦᠰᠦ ᠶᠢᠨ ᠱᠠᠪᠢ ᠨᠠᠷ ᠤᠨ ᠦᠶ᠎ᠡ ᠶᠢᠨ ᠰᠦᠮ᠎ᠡ ᠶᠢ ᠰᠡᠷᠭᠦᠭᠡᠭᠰᠡᠨ ᠰᠦᠮ᠎ᠡ ᠮᠥᠨ᠃《

ᠳᠡᠯᠡᠬᠡᠢ ᠶᠢᠨ ᠲᠡᠭᠦᠰᠬᠡᠯ ᠢᠷᠡᠬᠦ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

》ᠳᠡᠯᠡᠬᠡᠢ ᠶᠢᠨ ᠲᠡᠭᠦᠰᠬᠡᠯ ᠢᠷᠡᠬᠦ ᠳᠦ᠂ ᠡᠵᠡᠨ ᠶᠡᠰᠦᠰ ᠨᠢ ᠲᠦᠷᠢ ᠪᠠᠭᠤᠵᠤ ᠢᠷᠡᠨ᠂ ᠣᠯᠠᠨ ᠢᠷᠭᠡᠳ ᠢ ᠰᠢᠭᠦᠵᠦ᠂ ᠶᠣᠰᠣ ᠵᠢᠷᠤᠮ ᠲᠠᠢ ᠬᠦᠨᠳᠦ ᠮᠥᠩᠬᠡ ᠶᠢᠨ ᠠᠮᠢᠳᠤᠷᠠᠯ ᠣᠯᠭᠤᠵᠤ᠂ ᠶᠣᠰᠣ ᠵᠢᠷᠤᠮ ᠦᠭᠡᠢ ᠨᠢᠭᠦᠯᠲᠦ ᠬᠦᠨᠳᠦ ᠨᠠᠰᠤᠨ ᠲᠤᠷᠰᠢ ᠶᠢᠨ ᠰᠢᠳᠬᠡᠯ ᠣᠨᠣᠭᠠᠨ᠎ᠠ ᠭᠡᠵᠦ ᠢᠲᠡᠭᠡᠵᠦ ᠪᠠᠶᠢᠨ᠎ᠠ᠃《

ᠪᠢᠴᠢᠭᠡᠰᠦ