ᠶᠡᠰᠦᠭᠡᠢ ᠪᠠᠭᠠᠲᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠶᠡᠰᠦᠭᠡᠢ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠶᠡᠰᠦᠭᠡᠢ ᠪᠠᠭᠠᠲᠤᠷ ᠨᠢ ᠶᠡᠬᠡ ᠮᠣᠩᠭᠣᠯ ᠤᠯᠤᠰ ᠍ ᠢ ᠡᠭᠦᠰᠬᠡᠨ ᠪᠠᠶᠢᠭᠤᠯᠤᠭᠴᠢ ᠴᠢᠩᠭᠢᠰ ᠬᠠᠭᠠᠨᠢ ᠡᠴᠢᠭᠡ ᠪᠠᠶᠢᠴᠠᠢ᠃ ᠶᠡᠰᠦᠭᠡᠢ ᠶᠢᠨ ᠡᠴᠢᠭᠡ ᠪᠠᠷᠲᠠᠨ ᠪᠠᠭᠠᠲᠤᠷ ᠨᠢ ᠬᠠᠮᠤᠭ ᠮᠣᠩᠭᠣᠯ ᠤᠨ ᠬᠠᠪᠤᠯ ᠬᠠᠭᠠᠨᠢ ᠬᠣᠶᠠᠷ ᠳ᠋ᠡᠬᠢ ᠬᠦᠦ ᠪᠠᠶᠢᠴᠠᠢ᠃ ᠬᠠᠮᠤᠭ ᠮᠣᠩᠭᠣᠯ ᠍ ᠤᠨ ᠬᠤᠲᠤᠯ ᠬᠠᠭᠠᠨ ᠨᠠᠰᠤ ᠪᠠᠷᠠᠭᠰᠠᠨ ᠤ ᠳᠠᠷᠠᠭ᠎ᠠ ᠪᠠᠷ ᠬᠠᠮᠤᠭ ᠮᠣᠩᠭᠣᠯ ᠤᠨ ᠬᠠᠨᠯᠢᠭ ᠲᠣᠳᠣᠷᠬᠠᠢ ᠬᠠᠨ ᠦᠭᠡᠢ ᠪᠠᠶᠢᠭᠰᠠᠨ ᠪᠣᠯᠪᠠᠴᠤ ᠬᠢᠶᠠᠳ ᠪᠣᠷᠵᠢᠭᠢᠨ ᠣᠪᠤᠭ ᠢ ᠶᠡᠰᠦᠭᠡᠢ ᠪᠠᠭᠠᠲᠤᠷ ᠤᠳᠤᠷᠢᠳᠥᠵᠤ ᠪᠠᠶᠢᠴᠠᠢ᠃ 1162 ᠣᠨ ᠳᠤ ᠶᠡᠰᠦᠭᠡᠢ ᠪᠠᠭᠠᠲᠤᠷ ᠲᠠᠲ᠋ᠠᠷ ᠤᠨ ᠲᠡᠮᠦᠵᠢᠨ-ᠦᠭᠡᠭ ᠪᠤᠲᠠ ᠴᠣᠬᠢᠨ ᠤᠰᠠᠳᠬᠠᠭᠰᠠᠨ ᠪᠠᠶᠢᠨ᠎ᠠ᠃ ᠡᠨᠡ ᠦᠢᠯᠡ ᠶᠠᠪᠤᠳᠠᠯ ᠲᠡᠭᠦᠨ ᠦ ᠬᠠᠲᠤᠨ ᠥᠭᠡᠯᠦᠨ ᠦᠵᠢᠨ ᠲᠡᠮᠦᠵᠢᠨ ᠢ (ᠬᠣᠵᠢᠮ ᠴᠢᠩᠭᠢᠰ ᠬᠠᠭᠠᠨ) ᠲᠥᠷᠥᠭᠦᠯᠬᠦ ᠲᠡᠢ ᠲᠣᠬᠢᠶᠠᠭᠰᠠᠨ ᠲᠤᠯᠠ ᠬᠦᠦ ᠳᠦ ᠪᠡᠨ ᠲᠡᠮᠦᠵᠢᠨ ᠭᠡᠵᠦ ᠨᠡᠷ᠎ᠡ ᠥᠭᠴᠡᠢ᠃

ᠶᠡᠰᠦᠭᠡᠢ ᠪᠠᠭᠠᠲᠤᠷ 1171 ᠣᠨ ᠤ ᠦᠶ᠎ᠡ ᠳᠦ 9 ᠨᠠᠰᠤᠲᠠᠢ ᠬᠦᠦ ᠲᠡᠮᠦᠵᠢᠨ ᠢ ᠬᠣᠩᠭᠢᠷᠠᠳ ᠍ ᠤᠨ ᠳᠠᠢ ᠰᠡᠴᠡᠨ ᠦ ᠥᠬᠢᠨ ᠪᠥᠷᠲᠡᠲᠡᠢ ᠰᠦᠢ ᠲᠠᠯᠪᠢᠨ ᠣᠷᠬᠢᠵᠤ ᠪᠤᠴᠠᠬᠤ ᠵᠠᠮ ᠳᠤ ᠪᠠᠨ ᠲᠠᠲ᠋ᠠᠷ ᠠᠶᠢᠮᠠᠭ ᠤᠨ ᠬᠢᠨ ᠳᠤ ᠬᠣᠣᠷᠯᠠᠭᠳᠠᠨ ᠨᠠᠰᠤ ᠪᠠᠷᠠᠵᠠᠢ᠃ ᠴᠢᠩᠭᠢᠰ ᠬᠠᠭᠠᠨ 1202 ᠣᠨ ᠳᠤ ᠲᠠᠲ᠋ᠠᠷ ᠠᠶᠢᠮᠠᠭ ᠢ ᠳᠠᠶᠢᠯᠠᠨ ᠡᠵᠡᠯᠡᠭᠰᠡᠨ ᠦ ᠳᠠᠷᠠᠭ᠎ᠠ ᠪᠠᠷ ᠲᠠᠲ᠋ᠠᠷ ᠡᠷᠡᠴᠦᠳ ᠢ ᠲᠡᠷᠭᠡᠨ ᠦ ᠪᠤᠯᠤ ᠳᠤ ᠴᠢᠴᠠᠤᠯᠠᠨ ᠠᠯᠠᠵᠤ ᠤᠰᠠᠳᠬᠠᠬᠤ ᠳᠤ ᠪᠠᠨ ᠤᠷᠢᠳᠤ ᠡᠮᠦᠨ᠎ᠡ ᠡᠴᠢᠭᠡ ᠡᠪᠦᠭᠡᠳ ᠢ ᠨᠢ ᠬᠣᠣᠷᠯᠠᠭᠰᠠᠨ ᠢ (ᠶᠡᠰᠦᠭᠡᠢ ᠪᠠᠭᠠᠲᠤᠷ ᠢ ᠬᠣᠣᠷᠯᠠᠭᠰᠠᠨ ᠲᠡᠳᠦᠢ ᠦᠭᠡᠢ᠂ ᠡᠮᠦᠨ᠎ᠡ ᠨᠢ ᠠᠮᠪᠠᠭᠠᠢ ᠬᠠᠭᠠᠨ᠂ ᠥᠬᠢᠨᠪᠠᠷᠬᠠᠭ ᠨᠠᠷ ᠢ ᠪᠠᠷᠢᠵᠤ ᠠᠯᠲᠠᠨ ᠤᠯᠤᠰᠠᠳᠠ ᠥᠭᠴᠦ ᠠᠯᠠᠭᠤᠯᠵᠤ ᠪᠠᠶᠢᠵᠠᠢ) ᠳᠤᠷᠠᠳᠴᠤ ᠪᠠᠶᠢᠴᠠᠢ᠃

ᠶᠡᠰᠦᠭᠡᠢ ᠪᠠᠭᠠᠲᠤᠷ ᠥᠭᠡᠯᠦᠨ᠂ ᠰᠣᠴᠢᠭᠢᠯ ᠭᠡᠰᠡᠨ ᠬᠣᠶᠠᠷ ᠬᠠᠲᠤᠨ ᠲᠠᠢ ᠪᠠᠶᠢᠭᠰᠠᠨ ᠪᠥᠭᠡᠳ ᠥᠭᠡᠯᠦᠨ ᠡᠴᠡ ᠲᠡᠮᠦᠵᠢᠨᠬᠠᠰᠠᠷ᠂ ᠬᠠᠴᠢᠭᠤᠨ᠂ ᠲᠡᠮᠦᠭᠡ᠂ ᠲᠡᠮᠦᠯᠦᠨ (ᠥᠬᠢᠨ) ᠭᠡᠰᠡᠨ ᠲᠠᠪᠤᠨ ᠬᠡᠦᠬᠡᠳ᠂ ᠰᠣᠴᠢᠭᠢᠯ ᠡᠴᠡ ᠪᠡᠭᠲᠡᠷ᠂ ᠪᠡᠯᠭᠦᠲᠡᠢ ᠭᠡᠰᠡᠨ ᠬᠣᠶᠠᠷ ᠬᠦᠦᠲᠡᠢ ᠪᠠᠶᠢᠴᠠᠢ᠃ ᠥᠭᠡᠯᠦᠨ ᠦᠵᠢᠨ ᠢ ᠮᠡᠷᠬᠢᠳᠡᠶᠢᠨ ᠶᠡᠬᠡ ᠴᠢᠯᠡᠳᠦ ᠡᠬᠡᠨᠡᠷ ᠪᠣᠯᠭᠠᠨ ᠠᠪᠴᠤ ᠶᠠᠪᠤᠬᠤ ᠵᠠᠮ ᠳᠤ ᠶᠡᠰᠦᠭᠡᠢ ᠪᠠᠭᠠᠲᠤᠷ᠂ ᠥᠪᠡᠷ ᠦᠨ ᠠᠬ᠎ᠠ ᠨᠢᠭᠦᠨ ᠲᠠᠶᠢᠵᠢ᠂ ᠳᠡᠭᠦᠦ ᠳᠠᠷᠢᠳᠠᠢ ᠣᠲᠴᠢᠭᠢᠨᠢ ᠬᠠᠮᠲᠤ ᠪᠠᠷ ᠪᠤᠯᠢᠶᠠᠨ ᠠᠪᠴᠤ ᠬᠠᠲᠤᠨ ᠢᠶᠠᠨ ᠪᠣᠯᠭᠠᠵᠤ ᠪᠠᠶᠢᠴᠠᠢ᠃ ᠬᠣᠵᠢᠮ ᠡᠭᠦᠪᠡᠷ ᠰᠢᠯᠲᠠᠭᠯᠠᠨ ᠮᠡᠷᠬᠢᠳ ᠦᠳ ᠲᠡᠮᠦᠵᠢᠨ ᠦ ᠡᠬᠡᠨᠡᠷ ᠪᠥᠷᠲᠡ ᠦᠵᠢᠨ ᠢ ᠪᠤᠯᠢᠶᠠᠨ ᠠᠪᠴᠤ ᠪᠠᠶᠢᠭᠰᠠᠨ ᠪᠠᠶᠢᠨ᠎ᠠ᠃

ᠪᠢᠴᠢᠭᠡᠰᠦ